ᠠᠷᠭᠠᠯ ᠤᠨ ᠲᠤᠤᠯᠢАргалын тооли
ᠠᠷᠭᠠᠯ ᠤᠨ ᠲᠤᠤᠯᠢ
ᠠᠷᠭᠠᠯ ᠤᠨ ᠲᠤᠤᠯᠢ
I
ᠥᠷᠯᠥᠭᠡᠨ ᠦ᠌ ᠨᠠᠷᠠᠨ ᠢ᠋ᠶ᠋ᠠᠷ ᠬᠥᠬᠡ ᠥᠨᠳᠥᠷ ᠦ᠋ᠨ ᠴᠠᠷᠠᠮ ᠳ᠋ᠤ᠌ ᠰᠦᠷᠦᠭ ᠠᠷᠭᠠᠯᠢ ᠢᠳᠡᠭᠡᠰᠢᠯᠡᠨ ᠭᠠᠷᠴᠤ ᠢᠷᠡᠪᠡ᠃ ᠠᠭᠤᠯᠠ ᠶ᠋ᠢᠨ ᠵᠢᠯᠠᠭ᠎ᠠ᠂ ᠰᠠᠷᠬᠢᠶᠠᠭ᠂ ᠰᠠᠯᠠᠭ᠎ᠠ ᠳᠡᠪᠰᠡᠭ ᠦᠬᠡᠷ ᠤᠯᠠᠭᠠᠨ ᠬᠠᠳᠠᠨ ᠤ᠋ ᠦᠶ᠎ᠡ ᠵᠠᠢᠪᠤᠷᠢ᠂ ᠨᠤᠷᠠᠭ ᠲᠤᠩᠬᠤ ᠳ᠋ᠤ᠌ ᠲᠡᠳᠡ ᠰᠦᠷᠦᠭᠯᠡᠨ ᠥᠷᠯᠥᠭᠡ ᠣᠷᠣᠢ ᠶ᠋ᠢᠨ ᠰᠡᠷᠢᠭᠦᠨ ᠳ᠋ᠦ᠍ ᠢᠳᠡᠭᠡᠰᠢᠯᠡᠨ᠂ ᠬᠠᠳᠠᠨ ᠤ᠋ ᠤᠰᠤ ᠰᠢᠮᠡᠵᠦ᠂ ᠦᠳᠡ ᠶ᠋ᠢᠨ ᠨᠠᠷᠠᠨ ᠳ᠋ᠤ᠌ ᠬᠣᠷᠣᠵᠤ᠂ ᠵᠠᠷᠢᠮ ᠳ᠋ᠤ᠌ ᠪᠠᠨ ᠬᠠᠷᠠᠭᠤᠯ ᠬᠠᠷᠠᠨ ᠵᠣᠭᠰᠣᠬᠤ ᠨᠢ ᠡᠨᠡ ᠣᠷᠴᠢᠨ ᠤ᠋ ᠭᠤᠸ᠎ᠠ ᠴᠢᠮᠡᠭ ᠪᠠᠢᠳᠠᠭ᠃
ᠡᠨᠡ ᠰᠦᠷᠦᠭ ᠬᠡᠳᠦᠨ ᠵᠢᠯ ᠦ᠋ᠨ ᠡᠮᠦᠨ᠎ᠡ ᠬᠠᠮᠢᠭ᠎ᠠ ᠠ᠋ᠴᠠ ᠴᠤ᠌ ᠶᠤᠮ ᠪᠣᠢ᠂ ᠡᠨᠡ ᠨᠤᠲᠤᠭ ᠲᠤ᠌ ᠳᠠᠢᠵᠢᠨ ᠢᠷᠡᠭᠰᠡᠨ ᠬᠣᠶᠠᠷ ᠬᠤᠷᠠᠭ᠎ᠠ ᠲᠠᠢ ᠳᠥᠯᠭᠡᠨ ᠠᠷᠭᠠᠯᠢ ᠠ᠋ᠴᠠ ᠥᠰᠴᠦ ᠦᠷᠡᠵᠢᠨ ᠡᠳᠦᠢ ᠣᠯᠠᠨ ᠪᠣᠯᠵᠠᠢ᠃ ᠲᠡᠷᠡ ᠰᠦᠷᠦᠭ ᠲᠣᠳᠣ ᠬᠦᠷᠢᠨ ᠪᠥᠭᠡᠷ᠎ᠡ ᠲᠡᠢ᠂ ᠬᠣᠩᠭᠣ ᠥᠶᠥᠬᠡᠢ ᠨᠢ ᠲᠤᠩ ᠴᠠᠭᠠᠨ᠂ ᠬᠣᠰᠢᠭᠤ ᠪᠤᠭᠤᠷᠤᠯ᠂ ᠪᠡᠶ᠎ᠡ ᠲᠣᠮᠣ ᠲᠠᠢ ᠪᠠᠢᠳᠠᠭ ᠨᠢ ᠡᠬᠡ ᠪᠡᠨ ᠲᠤᠩ ᠳᠠᠭᠤᠷᠢᠶᠠᠵᠠᠢ᠃ ᠪᠠᠰᠠ ᠡᠨᠳᠡᠬᠢ ᠶ᠋ᠢᠨ ᠭᠠᠵᠠᠷ ᠤ᠋ᠨ ᠥᠩᠭᠡ ᠲᠣᠮᠣ ᠲᠣᠮᠣ ᠬᠦᠷᠢᠨ ᠠᠰᠬ᠎ᠠ᠂ ᠠᠭᠤᠯᠠ ᠤᠰᠤᠨ ᠤ᠋ ᠰᠠᠢᠬᠠᠨ ᠠ᠋ᠴᠠ ᠴᠤ᠌ ᠲᠡᠢᠮᠦ ᠥᠩᠭᠡ ᠲᠡᠢ ᠪᠡᠶᠡᠷᠬᠡᠦ ᠪᠠᠢᠳᠠᠭ ᠪᠣᠯᠪᠠ ᠤᠤ ᠭᠡᠯᠲᠡᠢ᠃ ᠠᠭᠤᠯᠠ ᠤᠰᠤᠨ ᠳ᠋ᠤ᠌ ᠪᠠᠨ ᠨᠤᠲᠤᠭᠰᠢᠨ ᠳᠠᠰᠢᠭᠰᠠᠨ ᠪᠣᠯᠬᠣᠷ ᠡᠨᠳᠡ ᠡᠴᠡ ᠬᠣᠯᠠᠳᠬᠤ ᠲᠤᠩ ᠳᠤᠷ᠎ᠠ ᠦᠭᠡᠢ᠂ ᠦᠷᠭᠦᠵᠦ ᠴᠣᠴᠢᠭᠰᠠᠨ ᠴᠤ᠌ ᠲᠤᠩᠬ᠎ᠠ ᠴᠠᠷᠮ᠎ᠠ ᠵᠠᠢᠵᠤ ᠬᠡᠰᠡᠭ ᠬᠠᠷᠠᠢᠭᠰᠠᠨ ᠢ᠋ᠶ᠋ᠠᠨ ᠳᠣᠷᠣᠬᠠᠨ ᠢ᠋ᠶ᠋ᠠᠨ ᠨᠣᠮᠣᠬᠠᠷᠠᠵᠤ ᠡᠪᠡᠰᠦ ᠢᠳᠡᠵᠦ ᠡᠬᠢᠯᠡᠨ᠎ᠡ᠃ ᠳᠥᠯᠭᠡᠨ ᠠᠷᠭᠠᠯ ᠤ᠋ᠨ ᠤᠳᠤᠮ ᠡᠨᠡ ᠰᠦᠷᠦᠭ ᠲᠣᠮᠣ ᠵᠢᠵᠢᠭ ᠡᠪᠡᠷ ᠲᠡᠢ᠂ ᠡᠪᠡᠷ ᠦᠭᠡᠢ ᠪᠡᠷ ᠢ᠋ᠶ᠋ᠡᠨ ᠯᠡ ᠢᠯᠭᠠᠭᠳᠠᠬᠤ ᠠ᠋ᠴᠠ ᠪᠢᠰᠢ ᠬᠣᠭᠣᠷᠣᠨᠳᠣ ᠪᠠᠨ ᠲᠤᠩ ᠠᠳᠠᠯᠢᠬᠠᠨ᠃ ᠠᠨᠳᠠᠰᠢ ᠦᠭᠡᠢ ᠲᠡᠭᠦᠨ ᠳᠣᠲᠣᠷᠠᠬᠢ ᠳᠠᠷᠠᠭᠠᠢ ᠬᠥᠬᠢᠯ ᠡᠪᠡᠷ ᠲᠡᠢ ᠲᠣᠳᠣ᠂ ᠬᠦᠷᠢᠨ ᠪᠥᠭᠡᠷ᠎ᠡ ᠲᠡᠢ᠂ ᠬᠠᠮᠤᠭ ᠤ᠋ᠨ ᠲᠣᠮᠣ ᠬᠢᠵᠢᠶᠡᠯᠢ ᠠᠷᠭᠠᠯ ᠢ᠋ ᠴᠥᠮ ᠲᠡᠳᠡ ᠳᠠᠭᠤᠷᠢᠶᠠᠵᠠᠢ᠃ ᠬᠦᠷᠢᠨ ᠪᠥᠭᠡᠷ᠎ᠡ ᠳ᠋ᠦ᠍᠂ ᠢᠵᠢᠯ ᠳᠣᠲᠣᠷ᠎ᠠ ᠪᠠᠨ ᠲᠤᠩ ᠲᠤᠯᠢᠶ᠎ᠠ ᠲᠠᠢ᠃ ᠨᠠᠰᠤ ᠭᠦᠢᠴᠡᠭᠰᠡᠨ ᠱᠠᠭᠠᠵᠠᠭᠠᠢ ᠠᠯᠠᠭ᠂ ᠬᠢᠷᠠᠭᠤᠲᠤ ᠠ᠋ᠴᠠ ᠴᠤ᠌ ᠥᠩᠭᠡᠯᠢᠭ ᠪᠡᠶᠡᠵᠢᠭᠦᠦ᠃ ᠲᠡᠭᠡᠭᠡᠳ ᠪᠠᠰᠠ ᠵᠢᠯ ᠪᠣᠯᠭᠠᠨ ᠲᠥᠯ ᠥᠭᠭᠦᠨ᠎ᠡ᠃ ᠣᠳᠣ ᠴᠤ᠌ ᠭᠡᠰᠡᠨ ᠮᠥᠨ ᠯᠡ ᠬᠣᠶᠠᠷ ᠬᠥᠭᠡᠷᠦᠬᠦᠨ ᠬᠠᠯᠲᠠᠷ ᠬᠤᠷᠠᠭ᠎ᠠ ᠳᠠᠭᠠᠭᠤᠯᠤᠨ ᠶᠠᠪᠤᠨ᠎ᠠ᠃
ᠨᠠᠷᠠ ᠬᠠᠯᠬᠤ ᠶ᠋ᠢᠨ ᠬᠢᠷᠢ ᠳ᠋ᠦ᠍ ᠬᠥᠬᠡ ᠥᠨᠳᠥᠷ ᠢ᠋ ᠠᠷᠯᠠᠨ ᠲᠣᠭᠲᠠᠵᠤ ᠪᠠᠢᠭᠰᠠᠨ ᠥᠨᠥᠬᠢ ᠰᠦᠷᠦᠭ ᠨᠣᠭᠣᠭᠠᠨ ᠳ᠋ᠤ᠌ ᠴᠠᠳᠴᠤ ᠰᠤᠷᠠᠭᠰᠠᠨ ᠵᠠᠩᠰᠢᠯ ᠢ᠋ᠶ᠋ᠠᠷ ᠢ᠋ᠶ᠋ᠠᠨ ᠨᠤᠷᠭᠢ ᠶ᠋ᠢᠨ ᠳᠤᠮᠳᠠᠬᠢ ᠮᠠᠷᠠᠭᠠᠨ ᠳᠡᠭᠡᠷ᠎ᠡ ᠪᠡᠨ ᠢᠷᠡᠪᠡ᠃ ᠬᠠᠮᠢᠭ᠎ᠠ ᠠ᠋ᠴᠠ ᠰᠠᠯᠬᠢ ᠲᠠᠢ ᠪᠠᠢᠭ᠎ᠠ ᠶ᠋ᠢ ᠮᠡᠳᠡᠬᠦ ᠭᠡᠵᠦ ᠬᠡᠰᠡᠭ ᠦᠨᠦᠷᠳᠡᠰᠦᠨ ᠢ᠋ᠶ᠋ᠡᠨ ᠶᠠᠭᠤᠮᠠᠨ ᠠ᠋ᠴᠠ ᠰᠡᠷᠭᠡᠢᠯᠡᠳᠡᠭ ᠵᠠᠩᠰᠢᠯ ᠢ᠋ᠶ᠋ᠠᠷ ᠢ᠋ᠶ᠋ᠠᠨ ᠲᠠᠯ᠎ᠠ ᠪᠦᠷᠢ ᠲᠠᠰᠢ ᠪᠠᠨ ᠬᠠᠷᠠᠵᠤ ᠬᠡᠪᠲᠡᠨ ᠬᠤᠷᠠᠭ᠎ᠠ ᠲᠢᠯᠦᠭᠡ ᠨᠦ᠍ᠭᠦᠳ ᠨᠢ ᠮᠥᠷᠭᠥᠯᠳᠦᠨ ᠲᠣᠭᠯᠠᠵᠤ ᠡᠬᠢᠯᠡᠯ᠎ᠡ᠃
ᠨᠤᠷᠠᠭ ᠲᠤᠩᠬ᠎ᠠ ᠶ᠋ᠢᠨ ᠨᠣᠭᠣᠭ᠎ᠠ ᠬᠥᠬᠥᠷᠡᠨ ᠰᠡᠷᠢᠭᠦᠦ ᠲᠠᠲᠠᠵᠤ᠂ ᠠᠰᠬᠠᠨ ᠳᠣᠣᠭᠤᠷ ᠰᠢᠷᠭᠤᠭᠰᠠᠨ ᠭᠣᠷᠭᠢ ᠶ᠋ᠢᠨ ᠬᠦᠢᠲᠡᠨ ᠤᠰᠤ ᠦᠶ᠎ᠡ ᠦᠶ᠎ᠡ ᠬᠤᠷᠵᠢᠭᠢᠨᠠᠨ ᠲᠡᠷᠬᠡᠦ ᠰᠣᠨᠣᠷᠴᠢ ᠠᠮᠢᠲᠠᠳ ᠤ᠋ᠨ ᠴᠢᠬᠢ ᠶ᠋ᠢ ᠳᠡᠯᠡᠳᠦᠨ᠎ᠡ᠃
ᠬᠡᠳᠦᠢ ᠲᠡᠳᠡ ᠰᠡᠷᠭᠡᠭ ᠰᠡᠷᠡᠮᠵᠢᠲᠡᠢ ᠴᠦ᠍ ᠦᠷ ᠦ᠋ᠨ ᠴᠠᠭᠠᠨ ᠭᠡᠭᠡᠨ ᠢ᠋ᠶ᠋ᠡᠷ ᠪᠠᠷ᠎ᠠ ᠦᠭᠡᠢ ᠨᠢ ᠬᠠᠷᠠᠵᠤ ᠮᠥᠰᠬᠢᠨ ᠳᠠᠭᠠᠭᠰᠠᠨ ᠤᠤᠯ ᠤ᠋ᠨ ᠠᠩᠴᠢᠨ ᠳᠡᠷᠭᠡᠳᠡ ᠪᠡᠨ ᠢᠷᠡᠬᠦ ᠶ᠋ᠢ ᠠᠩᠵᠠᠭᠠᠷᠠᠭᠰᠠᠨ ᠦᠭᠡᠢ᠃ ᠬᠡᠷᠪᠡ ᠠᠯᠢ ᠨᠢᠭᠡᠨ ᠵᠦᠭ ᠡᠴᠡ ᠰᠠᠯᠬᠢ ᠲᠠᠢ ᠪᠠᠢᠭᠰᠠᠨ ᠪᠣᠯ ᠢᠩᠭᠦᠬᠦ ᠦᠭᠡᠢ ᠪᠠᠢᠭᠰᠠᠨ ᠪᠣᠯᠪᠠ ᠤᠤ?
ᠡᠢᠮᠦ ᠡᠷᠲᠡ ᠰᠦᠷᠦᠭ ᠲᠤᠷᠤᠭ ᠤ᠋ᠨ ᠳᠡᠷᠭᠡᠳᠡ ᠢᠷᠡᠭᠰᠡᠨ ᠳ᠋ᠦ᠍ ᠪᠡᠨ ᠠᠩᠴᠢᠨ ᠪᠠᠶᠠᠷᠯᠠᠵᠤ 《ᠠᠯᠢ ᠨᠢ ᠬᠡᠵᠢᠶ᠎ᠡ ᠤᠨᠠᠬᠤ ᠪᠣᠯ》 ᠭᠡᠬᠦ ᠡᠴᠡ ᠥᠭᠡᠷ᠎ᠡ ᠶᠠᠭᠤᠮ᠎ᠠ ᠦᠯᠦ ᠪᠣᠳᠣᠨ᠎ᠠ᠃ ᠠᠩᠴᠢᠨ ᠬᠡᠳᠦ ᠳᠠᠬᠢᠨ ᠪᠤᠤᠳᠠᠬᠤ ᠭᠡᠰᠡᠨ ᠢ᠋ᠶ᠋ᠡᠨ ᠡᠯᠢᠭᠡᠳᠡᠨ ᠮᠥᠯᠬᠥᠭᠰᠡᠭᠡᠷ ᠬᠠᠳᠠᠨ ᠤ᠋ ᠰᠠᠨᠵᠢ ᠪᠠᠷ ᠪᠠᠭᠤᠭ᠎ᠠ ᠮᠥᠷᠯᠡᠨ ᠮᠢᠷᠢᠶᠠᠵᠤ ᠬᠠᠷᠠᠲᠠᠯ᠎ᠠ ᠬᠦᠷᠡᠩ ᠪᠥᠭᠡᠷ᠎ᠡ ᠳ᠋ᠦ᠍ ᠬᠡᠵᠢᠶᠡᠨᠡᠢ ᠪᠣᠰᠴᠢᠬᠠᠭᠰᠠᠨ ᠬᠠᠮᠠᠷ ᠢ᠋ᠶ᠋ᠠᠨ ᠰᠠᠷᠲᠠᠢᠯᠭᠠᠨ ᠰᠠᠯᠬᠢᠯᠠᠵᠤ ᠪᠠᠢᠪᠠ᠃ ᠲᠡᠢᠮᠦ ᠲᠣᠮᠣ ᠲᠤᠷᠤᠭ ᠢ᠋ ᠡᠢᠮᠦ ᠣᠢᠷᠠᠬᠠᠨ ᠠ᠋ᠴᠠ ᠲᠡᠷᠡ ᠬᠡᠵᠢᠶ᠎ᠡ ᠴᠦ᠍ ᠢᠩᠭᠢᠵᠦ ᠬᠠᠷᠠᠵᠤ ᠪᠠᠢᠭᠰᠠᠨ ᠦᠭᠡᠢ᠃ ᠶᠠᠭᠠᠷᠠᠬᠤ ᠳ᠋ᠤ᠌ ᠪᠠᠨ ᠲᠡᠷᠡ ᠶᠡᠬᠡ ᠪᠡᠶ᠎ᠡ ᠶ᠋ᠢ ᠨᠢ ᠲᠠᠯ᠎ᠠ ᠬᠤᠪᠠᠰᠬᠢᠨ ᠬᠠᠷᠠᠭᠠᠯᠠᠵᠤ ᠭᠣᠬ᠎ᠠ ᠪᠠᠨ ᠳᠠᠷᠤᠪᠠ᠃
ᠤᠤᠯ ᠤ᠋ᠨ ᠴᠤᠤᠷᠠᠢ ᠶ᠋ᠢᠨ ᠳ᠋ᠦ᠍ ᠬᠠᠳᠠ ᠪᠣᠯᠭᠠᠨ ᠠ᠋ᠴᠠ ᠪᠤᠤ ᠳᠤᠤᠭᠠᠷᠬᠤ ᠰᠢᠭ᠋ ᠪᠣᠯᠤᠯ᠎ᠠ᠃ ᠠᠩᠴᠢᠨ ᠢ᠋ ᠪᠣᠰᠬᠤ ᠳ᠋ᠤ᠌ ᠭᠥᠷᠥᠭᠡᠰᠦ ᠪᠠᠢᠭᠰᠠᠨ ᠨᠣᠷᠭᠠᠨ ᠳᠡᠭᠡᠷ᠎ᠡ ᠴᠠᠭᠠᠨ ᠲᠣᠭᠣᠰᠣ ᠡᠷᠭᠢᠯᠳᠦᠨ ᠮᠠᠨᠠᠷᠴᠢ ᠲᠡᠷᠲᠡᠭᠡ ᠬᠠᠵᠠᠭᠤ ᠶ᠋ᠢᠨ ᠠᠰᠬ᠎ᠠ ᠬᠡᠳᠦ ᠱᠠᠵᠢᠭᠢᠨᠠᠭᠰᠠᠨ ᠢ᠋ᠶ᠋ᠠᠨ ᠴᠢᠮᠡᠭᠡ ᠠᠯᠳᠠᠷᠠᠪᠠ᠃
– ᠠ᠋ ᠴᠢᠰᠤ! ᠬᠠᠢᠷᠠᠨ ᠵᠤᠯᠴᠢ! ᠭᠡᠵᠦ ᠠᠩᠴᠢᠨ ᠠᠮᠠ ᠪᠠᠨ ᠪᠠᠷᠢᠵᠤ ᠪᠠᠭᠤᠭ᠎ᠠ ᠦᠦᠷᠰᠡᠷᠡ ᠬᠡᠯᠲᠦᠷᠢᠪᠡ᠃
II
ᠬᠣᠶᠠᠷ ᠠᠭᠤᠯᠠ ᠳᠠᠪᠠᠵᠤ ᠲᠣᠮᠣ ᠬᠦᠷᠢᠨ ᠠᠷᠭᠠᠯᠢ ᠰᠤᠯᠢᠳᠠᠵᠤ ᠡᠬᠢᠯᠡᠯ᠎ᠡ᠃ ᠡᠨᠡ ᠰᠦᠷᠦᠭ ᠠᠩᠬ᠎ᠠ ᠤᠳᠠᠭ᠎ᠠ ᠢᠩᠭᠢᠵᠦ ᠬᠥᠬᠡ ᠥᠨᠳᠥᠷ ᠡᠴᠡ ᠡᠢᠮᠦ ᠬᠣᠯᠠ ᠦᠷᠭᠦᠨ ᠬᠣᠯᠠᠳᠠᠵᠠᠢ᠃ ᠲᠣᠮᠣ ᠬᠦᠷᠢᠨ ᠢ᠋ ᠰᠤᠯᠢᠳᠠᠬᠤ ᠲᠣᠰᠤᠮ ᠪᠤᠰᠤᠳ ᠨᠢ ᠲᠡᠭᠦᠨ ᠦ᠌ ᠠᠶ᠎ᠠ ᠶ᠋ᠢ ᠳᠠᠭᠠᠨ᠎ᠠ᠃ ᠬᠦᠷᠢᠨ ᠪᠥᠭᠡᠷᠲᠦ ᠶ᠋ᠢᠨ ᠦᠷ᠎ᠡ ᠤᠳᠤᠮ ᠬᠡᠳᠦᠨ ᠰᠢᠳᠦᠯᠡᠩ ᠤᠭᠠᠯᠵᠠ ᠠᠭᠠᠭ ᠣᠮᠣᠭᠣᠨ ᠳ᠋ᠤ᠌ ᠪᠠᠨ ᠪᠤᠰᠬᠠᠨ ᠣᠭᠯᠣ ᠬᠠᠷᠠᠢᠵᠤ ᠤᠷᠲᠤ ᠨᠢ ᠭᠠᠷᠬᠤ ᠭᠡᠰᠡᠨ ᠢ᠋ᠶ᠋ᠡᠨ ᠪᠠᠰᠠ ᠲᠡᠭᠦᠨ ᠡᠴᠡ ᠴᠣᠶᠢᠯᠠᠵᠤ ᠲᠦᠷᠢᠭᠦᠯᠦᠭᠰᠡᠨ ᠦᠭᠡᠢ᠃ ᠡᠮᠦᠨ᠎ᠡ ᠨᠢ ᠭᠠᠷᠴᠤ ᠴᠡᠭᠴᠡᠯᠡᠵᠦ ᠴᠦ᠍ ᠳᠠᠭᠠᠭᠤᠯᠤᠭᠰᠠᠨ ᠦᠭᠡᠢ᠃ ᠡᠳᠦᠢ ᠪᠣᠯᠲᠠᠯ᠎ᠠ ᠲᠣᠮᠣ ᠬᠦᠷᠢᠨ ᠦ᠌ ᠤᠷᠲᠤ ᠨᠢᠭᠡ ᠨᠢ ᠴᠦ᠍ ᠭᠠᠷᠴᠤ ᠦᠵᠡᠭᠡ ᠦᠭᠡᠢ᠃ ᠴᠥᠮ ᠯᠡ ᠲᠡᠭᠦᠨ ᠦ᠌ ᠠᠷᠤ ᠠ᠋ᠴᠠ ᠳᠠᠭᠠᠭᠰᠠᠭᠠᠷ ᠥᠰᠴᠢ ᠲᠣᠷᠨᠢᠵᠠᠢ᠃ ᠭᠡᠪᠡᠴᠦ ᠲᠣᠮᠣ ᠬᠦᠷᠢᠨ ᠠᠷᠭᠠᠯ ᠤ᠋ᠨ ᠬᠠᠵᠠᠭᠤ ᠪᠥᠭᠡᠷᠡᠨ ᠡᠴᠡ ᠬᠥᠭᠡᠰᠦ ᠲᠠᠲᠠᠭᠰᠠᠨ ᠥᠳᠬᠡᠨ ᠬᠦᠷᠢᠨ ᠴᠢᠰᠤ ᠬᠠᠳᠠᠨ ᠳᠡᠭᠡᠷ᠎ᠡ ᠳᠤᠰᠤᠯᠠᠬᠤ ᠶ᠋ᠢ ᠢᠵᠢᠯᠢ ᠰᠦᠷᠦᠭ ᠨᠢ ᠠᠨᠳᠠᠭᠰᠠᠨ ᠦᠭᠡᠢ᠂ ᠦᠨᠦᠷ ᠢ᠋ ᠨᠢ ᠠᠪᠴᠤ ᠵᠦᠭ ᠪᠦᠷᠢ ᠲᠠᠢᠰᠢ ᠪᠠᠨ ᠪᠤᠲᠠᠷᠠᠨ ᠳᠡᠭᠦᠯᠢᠯᠡ᠃
ᠰᠦᠷᠦᠭ ᠦ᠋ᠨ ᠴᠡᠭᠴᠡᠨ ᠳ᠋ᠦ᠍ ᠶᠠᠪᠤᠳᠠᠭ ᠲᠣᠮᠣ ᠬᠦᠷᠢᠨ ᠠᠩᠬ᠎ᠠ ᠤᠳᠠᠭ᠎ᠠ ᠢᠵᠢᠯᠢ ᠡᠴᠡ ᠪᠡᠨ ᠰᠡᠭᠦᠯᠳᠡᠵᠦ ᠨᠢᠳᠤᠨᠤᠨ ᠤ᠋ ᠪᠠᠨ ᠬᠥᠬᠢᠭᠦᠯ ᠬᠡᠨᠵᠡ ᠲᠥᠯᠥᠭᠡ ᠪᠡᠨ ᠪᠠᠷᠠᠭᠠᠳᠠᠨ ᠳᠠᠭᠠᠵᠤ ᠬᠡᠳᠦ ᠬᠠᠷᠠᠢᠭᠰᠠᠨ ᠪᠣᠯᠪᠠᠴᠤ ᠭᠦᠢᠴᠡᠭᠳᠡᠭᠰᠡᠨ ᠦᠭᠡᠢ ᠪᠠᠷ᠎ᠠ ᠲᠠᠰᠤᠷᠠᠵᠠᠢ᠃ ᠬᠠᠮᠤᠭ ᠤ᠋ᠨ ᠢ᠋ᠶ᠋ᠠᠨ ᠰᠡᠭᠦᠯᠴᠢ ᠶ᠋ᠢᠨ ᠬᠦᠴᠦ ᠶ᠋ᠢ ᠭᠠᠷᠭᠠᠭᠠᠳ ᠴᠤ᠌ ᠪᠠᠷ᠎ᠠ ᠶ᠋ᠢ ᠨᠢ ᠬᠠᠷᠠᠵᠤ ᠴᠢᠳᠠᠭᠰᠠᠨ ᠦᠭᠡᠢ᠂ ᠳᠥᠷᠪᠡᠨ ᠮᠥᠴᠢ ᠨᠢ ᠰᠤᠯᠠᠷᠠᠵᠤ ᠱᠣᠭᠰᠢᠭᠰᠠᠭᠠᠷ ᠰᠡᠭᠦᠯ ᠳ᠋ᠦ᠍ ᠪᠡᠨ ᠭᠠᠭᠴᠠ ᠨᠢᠭᠡ ᠰᠠᠵᠢᠯᠠᠨ ᠭᠠᠵᠠᠷ ᠦᠨᠦᠷᠯᠡᠭᠰᠡᠨ ᠢ᠋ᠶ᠋ᠡᠨ ᠬᠠᠳᠠ ᠢᠷᠣᠭᠠᠯᠳᠠᠨ ᠬᠡᠪᠲᠡᠯ᠎ᠡ᠃ ᠨᠣᠭᠣᠭ᠎ᠠ ᠦᠨᠦᠷᠯᠡᠬᠦ ᠭᠡᠲᠡᠯ᠎ᠡ ᠡᠪᠦᠳᠦᠭᠡᠨ ᠳ᠋ᠦ᠍ ᠨᠠᠭᠠᠯᠳᠤᠭᠰᠠᠨ ᠴᠢᠰᠤ ᠪᠠᠨ ᠬᠠᠷᠠᠵᠤ ᠦᠨᠦᠷ ᠢ᠋ ᠨᠢ ᠠᠪᠤᠨ ᠣᠭᠯᠣ ᠬᠠᠷᠠᠢᠪᠠ᠃ ᠭᠡᠪᠡᠴᠦ ᠦᠷᠭᠦᠨ ᠳᠠᠪᠬᠢᠬᠤ ᠲᠡᠩᠬᠡᠯ ᠪᠠᠢᠭᠰᠠᠨ ᠦᠭᠡᠢ᠃
ᠰᠦᠷᠦᠭ ᠡᠴᠡ ᠪᠡᠨ ᠭᠠᠭᠴᠠᠭᠠᠷᠳᠠᠵᠤ ᠦᠵᠡᠭᠡ ᠦᠭᠡᠢ ᠲᠣᠮᠣ ᠬᠦᠷᠢᠨ ᠪᠥᠭᠡᠷ᠎ᠡ ᠳ᠋ᠦ᠍᠂ ᠲᠤᠭᠤᠯ ᠬᠠᠷ᠎ᠠ ᠨᠢᠳᠦ ᠪᠡᠨ ᠵᠦᠭ ᠪᠦᠷᠢ ᠲᠡᠰᠢ ᠮᠡᠯᠲᠡᠯᠵᠡᠭᠦᠯᠦᠨ ᠢᠵᠢᠯᠢ ᠪᠡᠨ ᠬᠠᠷᠠᠨ᠎ᠠ᠃ ᠨᠢᠭᠡ ᠨᠢ ᠴᠦ᠍ ᠢᠷᠡᠭᠰᠡᠨ ᠦᠭᠡᠢ᠃ ᠨᠠᠷᠠ ᠬᠡᠪ ᠦ᠋ᠨ ᠠᠭᠤᠯᠠ ᠶ᠋ᠢᠨ ᠰᠡᠭᠦᠳᠡᠷ ᠪᠠᠭᠤᠴᠠᠢ᠃ ᠭᠡᠨᠡᠳᠲᠡ ᠬᠠᠵᠠᠭᠤ ᠳ᠋ᠤ᠌ ᠨᠢ ᠴᠢᠮᠡᠭᠡ ᠭᠠᠷᠴᠤ ᠨᠢᠭᠡ ᠶᠠᠭᠤᠮ᠎ᠠ ᠣᠢᠷᠠᠲᠤᠨ ᠢᠷᠡᠵᠡᠢ᠃ ᠳᠠᠯᠭᠠᠢ ᠲᠣᠮᠣ ᠡᠪᠡᠷ ᠢ᠋ᠶ᠋ᠡᠨ ᠳᠠᠭᠠᠭᠠᠵᠤ ᠶᠠᠳᠠᠨ ᠠᠷᠠᠢᠬᠢᠵᠤ ᠡᠷᠭᠢᠵᠦ ᠬᠠᠷᠠᠲᠠᠯ᠎ᠠ ᠡᠬᠡᠷ ᠬᠣᠶᠠᠷ ᠬᠤᠷᠠᠭ᠎ᠠ ᠨᠢ ᠴᠤᠪᠤᠷᠠᠯᠳᠤᠨ ᠢᠷᠡᠵᠦ ᠶᠠᠪᠤᠯ᠎ᠠ᠃ ᠡᠬᠡ ᠪᠡᠨ ᠡᠷᠭᠢᠨ ᠬᠠᠷᠠᠬᠤ ᠳ᠋ᠤ᠌ ᠬᠤᠷᠠᠭᠠᠨ ᠨᠤᠭᠤᠳ ᠵᠣᠭ ᠲᠣᠰᠣᠨ ᠰᠥᠭᠡᠩᠭᠢ ᠳᠤᠨᠢᠶᠠ ᠮᠠᠭᠤ ᠲᠠᠢ ᠳᠠᠭᠤᠤ ᠪᠠᠷ ᠮᠠᠢᠯᠠᠪᠠ᠃ ᠬᠤᠷᠠᠭᠠᠨ ᠤ᠋ ᠪᠠᠨ ᠳᠠᠭᠤᠤ ᠶ᠋ᠢ ᠰᠣᠨᠣᠰᠤᠨ ᠡᠬᠡ ᠨᠢ ᠪᠣᠰᠬᠤ ᠭᠡᠲᠡᠯ᠎ᠡ ᠬᠥᠯ ᠨᠢ ᠬᠥᠰᠢᠵᠡᠢ᠃ ᠳᠠᠬᠢᠨ ᠵᠢᠳᠬᠦᠭᠰᠡᠭᠡᠷ ᠪᠣᠰᠲᠠᠯ᠎ᠠ ᠲᠡᠩᠴᠡᠵᠦ ᠴᠢᠳᠠᠯ ᠦᠭᠡᠢ ᠤᠨᠠᠪᠠ᠃ ᠬᠣᠶᠠᠷ ᠬᠤᠷᠠᠭ᠎ᠠ ᠡᠬᠡ ᠳ᠋ᠦ᠍ ᠪᠡᠨ ᠳᠥᠭᠥᠵᠦ ᠢᠷᠡᠭᠰᠡᠨ ᠢ᠋ᠶ᠋ᠡᠨ ᠬᠡᠪᠲᠡᠭᠰᠡᠨ ᠭᠠᠵᠠᠷ ᠨᠢ ᠲᠤᠨᠤᠨ ᠪᠥᠰᠢᠭᠰᠡᠨ ᠴᠢᠰᠤᠨ ᠠ᠋ᠴᠠ ᠵᠢᠭᠰᠢᠨ ᠦᠷᠭᠦᠵᠦ ᠬᠡᠳᠦ ᠬᠠᠷᠠᠢᠭᠰᠠᠨ ᠢ᠋ᠶ᠋ᠠᠨ ᠡᠬᠡ ᠳ᠋ᠦ᠍ ᠪᠡᠨ ᠬᠣᠷᠭᠣᠳᠠᠨ ᠡᠷᠭᠢᠨ ᠵᠣᠭᠰᠣᠪᠠ᠃
ᠥᠷᠯᠥᠭᠡᠨ ᠡᠴᠡ ᠣᠷᠣᠢ ᠪᠣᠯᠲᠠᠯ᠎ᠠ ᠬᠣᠶᠠᠷ ᠬᠤᠷᠠᠭ᠎ᠠ ᠡᠬᠡ ᠪᠡᠨ ᠮᠥᠨ ᠣᠯᠠᠨ ᠬᠥᠭᠡᠳᠡᠭ ᠪᠢᠯᠡ᠃ ᠣᠳᠣ ᠲᠡᠷᠡ ᠭᠡᠮ ᠨᠢ ᠪᠣᠯᠵᠤ᠂ ᠡᠬᠡ ᠶ᠋ᠢᠨ ᠬᠠᠯᠠᠭᠤᠨ ᠰᠦ ᠪᠡᠨ ᠦᠷᠭᠦᠯᠵᠢ ᠪᠣᠳᠣᠬᠤ ᠪᠣᠯᠤᠯ᠎ᠠ᠃ ᠲᠡᠷᠡ ᠬᠣᠭᠣᠷᠣᠨᠳᠣ ᠰᠢᠨ᠎ᠡ ᠨᠣᠭᠣᠭ᠎ᠠ ᠭᠠᠭᠴᠠ ᠨᠢᠭᠡ ᠶ᠋ᠢ ᠲᠠᠰᠤᠳᠠᠨ᠂ ᠬᠦᠢᠲᠡᠨ ᠤᠰᠤᠨ ᠠ᠋ᠴᠠ ᠰᠢᠮᠡᠪᠡᠴᠦ᠂ ᠡᠬᠡ ᠶ᠋ᠢᠨ ᠰᠦ ᠶ᠋ᠢ ᠣᠷᠣᠯᠠᠵᠤ ᠴᠢᠳᠠᠭᠰᠠᠨ ᠦᠭᠡᠢ᠃ ᠥᠯᠥᠰᠬᠦ ᠶ᠋ᠢᠨ ᠡᠷᠬᠡᠨ ᠳ᠋ᠦ᠍ ᠡᠬᠡ ᠪᠡᠨ ᠬᠥᠬᠥᠬᠦ ᠪᠡᠷ ᠣᠴᠢᠭᠰᠠᠨ᠎ᠠ ᠪᠠᠨ ᠳᠠᠷᠢ ᠦᠨᠡᠷᠲᠦᠭᠰᠡᠨ ᠰᠤᠮᠤᠨ ᠤ᠋ ᠰᠢᠷᠬ᠎ᠠ᠂ ᠰᠢᠨ᠎ᠡ ᠰᠡᠪᠡᠰᠦ᠂ ᠬᠠᠯᠠᠭᠤᠨ ᠴᠢᠰᠤᠨ ᠤ᠋ ᠬᠤᠷᠴᠠ ᠦᠨᠦᠷ ᠡᠴᠡ ᠪᠦᠯᠲᠡᠯᠵᠡᠨ ᠠᠶᠤᠵᠤ ᠪᠣᠰᠬᠠᠨ ᠬᠤᠯᠵᠢᠨ᠎ᠠ᠃
ᠬᠤᠷᠠᠮ ᠬᠤᠷᠠᠮᠠᠷ ᠬᠣᠶᠠᠷ ᠬᠤᠷᠠᠭ᠎ᠠ ᠡᠬᠡ ᠳ᠋ᠦ᠍ ᠪᠡᠨ ᠲᠡᠰᠴᠢ ᠪᠠᠷᠠᠭᠠᠳᠠᠨ ᠬᠡᠪᠲᠡᠭᠰᠡᠭᠡᠷ ᠬᠣᠰᠢᠭᠤ ᠶ᠋ᠢ ᠨᠢ ᠦᠨᠦᠷᠯᠡᠨ᠂ ᠬᠥᠯ ᠢ᠋ᠶ᠋ᠡᠷ ᠢ᠋ᠶ᠋ᠡᠨ ᠮᠠᠭᠠᠵᠢᠯᠠᠨᠠ᠃ ᠲᠡᠭᠡᠬᠦ ᠳ᠋ᠦ᠍ ᠪᠡᠨ ᠡᠬᠡ ᠨᠢ ᠴᠢᠳᠠᠯ ᠢ᠋ᠶ᠋ᠠᠨ ᠰᠢᠪᠬᠠᠨ ᠲᠣᠯᠣᠭᠠᠢ ᠶ᠋ᠢ ᠪᠡᠨ ᠬᠥᠳᠡᠯᠭᠡᠵᠦ ᠨᠢᠳᠦ ᠪᠡᠨ ᠠᠨᠢᠪᠴᠢᠬᠤ ᠳ᠋ᠤ᠌ ᠬᠤᠷᠠᠭ᠎ᠠ ᠪᠠᠢᠨ ᠪᠠᠢᠨ ᠮᠠᠢᠯᠠᠬᠤ ᠠᠵᠠᠢ᠃
ᠨᠠᠷᠠ ᠵᠢᠷᠭᠠᠬᠤ ᠳ᠋ᠤ᠌ ᠨᠢᠯᠬ᠎ᠠ ᠠᠮᠢᠲᠠᠰ ᠪᠦᠷ ᠴᠦ᠍ ᠥᠯᠥᠰᠦᠨ ᠡᠬᠡ ᠶ᠋ᠢᠨ ᠢ᠋ᠶ᠋ᠡᠨ ᠳᠠᠯᠠᠩ ᠢ᠋ ᠨᠤᠳᠤᠷᠪᠠᠴᠤ ᠬᠥᠬᠥᠵᠦ ᠡᠰᠡ ᠴᠢᠳᠠᠨ᠎ᠠ᠃ ᠰᠥᠨᠢ ᠪᠣᠯᠵᠤ᠂ ᠲᠣᠷᠣᠢᠬᠤ ᠪᠦᠬᠦᠨ ᠡᠴᠡ ᠠᠶᠤᠬᠤ ᠳ᠋ᠤ᠌ ᠪᠠᠨ ᠬᠥᠭᠡᠷᠦᠬᠦᠢ ᠬᠣᠶᠠᠷ ᠬᠤᠷᠠᠭ᠎ᠠ ᠡᠵᠢ ᠶ᠋ᠢᠨ ᠢ᠋ᠶ᠋ᠡᠨ ᠭᠡᠳᠡᠰᠦᠨ ᠳ᠋ᠦ᠍ ᠨᠠᠭᠠᠯᠳᠤᠨ ᠨᠠᠮ ᠤᠨᠲᠠᠭᠠᠳ ᠥᠭᠴᠡᠢ᠃
ᠬᠣᠣᠷᠲᠤ ᠰᠤᠮᠤᠨ ᠳ᠋ᠤ᠌ ᠥᠷᠲᠥᠭᠰᠡᠨ ᠡᠬᠡ ᠨᠢ ᠰᠢᠷᠬᠠᠨ ᠳ᠋ᠤ᠌ ᠪᠠᠨ ᠰᠢᠨᠠᠯᠤᠨ ᠨᠢᠯᠬ᠎ᠠ ᠬᠤᠷᠠᠭᠠᠨ ᠤ᠋ ᠪᠠᠨ ᠬᠠᠯᠠᠭᠤᠨ ᠦᠨᠦᠷ ᠢ᠋ ᠬᠠᠶᠠ ᠨᠢᠭᠡ ᠮᠡᠳᠡᠷᠡᠬᠦ ᠡᠴᠡ ᠴᠠᠰᠢ ᠦᠭᠡᠢ᠃ ᠭᠡᠨᠡᠳᠲᠡ ᠬᠦᠷᠢᠨ ᠪᠥᠭᠡᠷ᠎ᠡ ᠳ᠋ᠦ᠍᠂ ᠰᠦᠷ ᠰᠠᠷᠬᠢᠨ ᠬᠡᠳᠦ ᠲᠡᠢᠴᠢᠯᠡᠭᠰᠡᠨ ᠢ᠋ᠶ᠋ᠡᠨ ᠬᠥᠯ ᠢ᠋ᠶ᠋ᠡᠨ ᠲᠡᠨᠢᠢᠯᠭᠡᠨ ᠲᠣᠯᠣᠭᠠᠢ ᠳ᠋ᠤ᠌ ᠪᠠᠨ ᠳᠡᠶᠢᠯᠳᠡᠭᠰᠡᠭᠡᠷ ᠬᠠᠵᠠᠭᠤᠯᠲᠠᠯᠠ᠃ ᠬᠣᠶᠠᠷ ᠬᠤᠷᠠᠭ᠎ᠠ ᠴᠣᠴᠢᠨ ᠤᠬᠤᠰᠬᠢᠭᠰᠡᠨ ᠢ᠋ᠶ᠋ᠡᠨ ᠡᠬᠡ ᠶ᠋ᠢᠨ ᠢ᠋ᠶ᠋ᠡᠨ ᠬᠥᠬᠡ ᠶ᠋ᠢ ᠪᠤᠯᠢᠶᠠᠯᠴᠠᠯᠳᠤᠨ ᠦᠯᠭᠡᠪᠡ᠃ ᠬᠦᠷᠦᠭᠰᠡᠨ ᠰᠦ ᠶ᠋ᠢ ᠨᠢ ᠬᠡᠳᠦ ᠵᠠᠯᠭᠢᠯᠠᠲᠠᠯᠠ ᠳᠣᠷᠣᠬᠠᠨ ᠢ᠋ᠶ᠋ᠠᠨ ᠲᠠᠲᠠᠷᠠᠴᠢ ᠵᠢᠯᠢᠮᠡ ᠴᠦ᠍ ᠦᠭᠡᠢ ᠪᠣᠯᠤᠯ᠎ᠠ᠃ ᠠᠮᠠ ᠳᠦᠭᠦᠷᠡᠩ ᠪᠠᠢᠳᠠᠭ ᠬᠥᠬᠡ ᠨᠢ ᠴᠦ᠍ ᠣᠷᠣᠮ ᠤ᠋ᠨ ᠲᠡᠳᠦᠢ ᠬᠣᠭᠣᠰᠣᠨ ᠠᠷᠠᠰᠤ ᠪᠣᠯᠵᠠᠢ᠃
Yᠦᠷ᠎ᠡ ᠭᠡᠭᠡᠷᠡᠬᠦ ᠶ᠋ᠢᠨ ᠦᠶᠡᠰ ᠡᠬᠡ ᠨᠢ ᠬᠠᠯᠠᠭᠤᠨ ᠬᠡᠪᠲᠡᠷᠢ ᠡᠴᠡ ᠪᠡᠨ ᠪᠣᠰᠴᠢ ᠬᠤᠷᠠᠭ᠎ᠠ ᠪᠠᠨ ᠬᠥᠬᠢᠭᠦᠯᠳᠡᠭ ᠲᠡᠷᠡ ᠭᠡᠮ ᠨᠢ ᠪᠣᠯᠵᠤ᠂ ᠬᠤᠷᠠᠭᠠᠨ ᠨᠤᠭᠤᠳ ᠨᠢᠭᠡ ᠡᠬᠡ ᠪᠡᠨ ᠦᠯᠭᠡᠵᠦ᠂ ᠨᠢᠭᠡ ᠨᠣᠭᠣᠭ᠎ᠠ ᠦᠨᠦᠷᠯᠡᠨ᠂ ᠬᠡᠪᠲᠡᠵᠦ ᠪᠣᠰᠤᠨ᠂ ᠬᠠᠶᠠ ᠨᠢᠯᠬ᠎ᠠ ᠵᠥᠭᠡᠯᠡᠨ ᠳᠣᠷᠣ ᠪᠠᠷ ᠢ᠋ᠶ᠋ᠠᠨ ᠭᠠᠵᠠᠷ ᠮᠠᠯᠲᠠᠵᠤ᠂ ᠡᠬᠡ ᠪᠡᠨ ᠰᠠᠬᠢᠩ ᠲᠣᠷᠣᠯᠵᠠᠨ᠎ᠠ᠃
III
ᠥᠷᠯᠥᠭᠡᠨ ᠦ᠌ ᠨᠠᠷᠠᠨ ᠢ᠋ᠶ᠋ᠠᠷ ᠬᠥᠬᠡ ᠥᠨᠳᠥᠷ ᠦ᠋ᠨ ᠴᠠᠷᠮ᠎ᠠ ᠨᠣᠭᠣᠭᠠᠷᠠᠨ ᠳᠤᠨᠢᠶᠠᠷᠲᠤᠨᠠ᠃ ᠶᠠᠭ ᠡᠳᠦᠢ ᠳ᠋ᠦ᠍ ᠲᠡᠨᠳᠡ ᠰᠦᠷᠦᠭ ᠠᠷᠭᠠᠯᠢ ᠨᠠᠯᠠᠢ ᠶ᠋ᠢᠨ ᠬᠥᠬᠡ ᠲᠤᠩᠬ᠎ᠠ ᠶ᠋ᠢᠨ ᠭᠣᠣᠯ ᠳᠠᠬᠢ ᠮᠠᠷᠠᠭᠠᠨ ᠳᠡᠭᠡᠷ᠎ᠡ ᠪᠡᠨ ᠨᠠᠷᠠᠯᠠᠨ᠂ ᠲᠥᠯᠥᠭᠡ ᠬᠤᠷᠠᠭ᠎ᠠ ᠨᠤᠭᠤᠳ ᠨᠢ ᠲᠣᠭᠣᠰᠣ ᠲᠠᠲᠠᠭᠤᠯᠤᠨ ᠲᠣᠭᠯᠠᠳᠠᠭᠰᠠᠨ᠃
ᠵᠢᠯᠠᠭ᠎ᠠ ᠰᠠᠷᠬᠢᠶᠠᠭ᠂ ᠰᠠᠯᠠᠭ᠎ᠠ ᠳᠡᠪᠰᠡᠭ᠂ ᠳᠡᠯ ᠤᠯᠠᠭᠠᠨ ᠬᠠᠳᠠᠨ ᠤ᠋ ᠦᠶ᠎ᠡ ᠵᠠᠢᠪᠤᠷᠢ᠂ ᠨᠤᠷᠠᠭ ᠲᠤᠩᠬᠤ ᠳ᠋ᠤ᠌ ᠰᠦᠷᠦᠭᠯᠡᠨ ᠤᠰᠤᠨ ᠤ᠋ ᠲᠤᠩᠭᠠᠯᠠᠭ᠂ ᠡᠪᠡᠰᠦᠨ ᠦ᠌ ᠰᠢᠮ᠎ᠡ ᠬᠥᠭᠡᠭᠡᠨ ᠶᠠᠪᠤᠭ᠎ᠠ ᠲᠡᠷᠡ ᠠᠮᠢᠲᠠᠳ ᠢ᠋ ᠬᠠᠷᠠᠵᠤ ᠬᠠᠨᠳᠠᠭ ᠦᠭᠡᠢ=ᠰᠠᠨ᠃ ᠭᠡᠪᠡᠴᠦ ᠤᠤᠯ ᠤ᠋ᠨ ᠠᠩᠴᠢᠨ ᠬᠥᠬᠡ ᠥᠨᠳᠥᠷ ᠦ᠋ᠨ ᠴᠡᠷᠮᠡᠨ ᠳ᠋ᠦ᠍ ᠢᠷᠡᠵᠦ ᠰᠦᠷᠦᠭ ᠦ᠋ᠨ ᠨᠢᠭᠡᠨ ᠢ᠋ ᠰᠢᠷᠬᠠᠲᠤᠭᠤᠯᠤᠨ᠂ ᠦᠷ᠎ᠡ ᠲᠥᠯ ᠨᠢ ᠡᠬᠡ ᠶ᠋ᠢᠨ ᠢ᠋ᠶ᠋ᠡᠨ ᠴᠢᠰᠤ ᠶ᠋ᠢ ᠦᠵᠡᠵᠦ᠂ ᠦᠨᠦᠷ ᠢ᠋ ᠨᠢ ᠠᠪᠤᠭᠰᠠᠨ ᠠ᠋ᠴᠠ ᠬᠣᠢᠰᠢ ᠲᠡᠳᠡ ᠡᠨᠡ ᠠᠭᠤᠯᠠᠨ ᠳ᠋ᠤ᠌ ᠡᠷᠭᠢᠵᠦ ᠢᠷᠡᠭᠰᠡᠨ ᠦᠭᠡᠢ᠂ ᠵᠢᠭᠰᠢᠨ ᠵᠠᠢᠯᠠᠵᠠᠢ᠃
ᠣᠳᠣ ᠲᠡᠨᠳᠡ ᠨᠠᠮ ᠭᠦᠮ᠂ ᠣᠷᠬᠢᠵᠤ᠂ ᠠᠰᠬᠠᠨ ᠳᠣᠣᠭᠤᠷ ᠰᠢᠷᠭᠤᠭᠰᠠᠨ ᠤᠤᠯ ᠤ᠋ᠨ ᠭᠣᠷᠭᠢᠨ ᠤ᠋ ᠴᠢᠮᠡᠭᠡ ᠯᠡ ᠲᠣᠳᠣᠬᠠᠨ ᠳᠤᠭᠤᠯᠳᠠᠨ᠎ᠠ᠃
ᠳᠥᠯᠭᠡᠨ ᠠᠷᠭᠠᠯ ᠤ᠋ᠨ ᠲᠡᠷᠡ ᠤᠳᠤᠮ ᠣᠳᠣ ᠬᠠᠮᠢᠭ᠎ᠠ ᠶᠠᠪᠤᠭ᠎ᠠ ᠶ᠋ᠢ ᠪᠤᠤ ᠮᠡᠳᠡ! ᠬᠠᠷᠢᠨ ᠬᠥᠬᠡ ᠥᠨᠳᠥᠷ ᠦ᠋ᠨ ᠴᠡᠷᠮᠡᠨ ᠡᠴᠡ ᠬᠣᠶᠠᠷ ᠠᠭᠤᠯᠠ ᠶ᠋ᠢᠨ ᠴᠠᠭᠠᠨ᠎ᠠ ᠬᠦᠷᠢᠨ ᠪᠥᠭᠡᠷᠲᠦ ᠶ᠋ᠢᠨ ᠳᠠᠯᠭᠠᠢ ᠰᠢᠷᠭᠠᠯ ᠡᠪᠡᠷ᠂ ᠬᠣᠶᠠᠷ ᠬᠤᠷᠠᠭᠠᠨ ᠤ᠋ ᠨᠢ ᠮᠥᠭᠡᠷᠰᠦᠨ ᠡᠪᠡᠷ ᠦ᠋ᠨ ᠪᠤᠯᠳᠤᠷᠤᠤ ᠨᠢᠭᠡ ᠨᠢᠭᠡᠨ ᠢ᠋ᠶ᠋ᠡᠨ ᠳᠡᠷᠡᠯᠡᠨ ᠬᠡᠪᠲᠡᠳᠡᠭ ᠶᠦ᠍ᠮ᠃
