《 ᠨᠢᠭᠡ ᠳᠦᠭᠦᠷᠡᠩ 》 ᠬᠡᠮᠡᠬᠦ ᠪᠡᠷ ᠢᠷᠦᠭᠡᠬᠦ ᠨᠢ“ Нэг дүүрэн ” хэмээхээр ерөөх нь ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. 《 ᠨᠢᠭᠡ ᠳᠦᠭᠦᠷᠡᠩ 》 ᠬᠡᠮᠡᠬᠦ ᠪᠡᠷ ᠢᠷᠦᠭᠡᠬᠦ ᠨᠢ“ Нэг дүүрэн ” хэмээхээр ерөөх нь

《 ᠨᠢᠭᠡ ᠳᠦᠭᠦᠷᠡᠩ 》 ᠬᠡᠮᠡᠬᠦ ᠪᠡᠷ ᠢᠷᠦᠭᠡᠬᠦ ᠨᠢ“ Нэг дүүрэн ” хэмээхээр ерөөх нь

2023-03-24

201

《 ᠨᠢᠭᠡ ᠳᠦᠭᠦᠷᠡᠩ 》 ᠬᠡᠮᠡᠬᠦ ᠪᠡᠷ ᠢᠷᠦᠭᠡᠬᠦ ᠨᠢ

ᠡᠷᠬᠡᠲᠡᠨ ᠭᠤᠸᠠᠯᠢᠭ ᠪᠡᠶᠡᠰ ᠴᠢᠨᠢ 
ᠴᠣᠭ ᠵᠢᠪᠬᠤᠭ᠎ᠠ ᠳᠦᠭᠦᠷᠡᠩ ᠶᠠᠪᠤ 
ᠡᠳ᠋ ᠬᠥᠷᠥᠩᠭᠡ ᠴᠢᠨᠢ ᠠᠷᠪᠢᠳᠤᠭᠠᠳ 
ᠳᠤᠲᠠᠰᠢ ᠦᠭᠡᠢ ᠳᠦᠭᠦᠷᠡᠩ ᠶᠠᠪᠤ ᠃
ᠡᠴᠢᠭᠡ ᠡᠬᠡ ᠨᠠᠰᠤᠲᠠᠨ ᠳ᠋ᠤ᠌ ᠪᠠᠨ 
ᠠᠴᠢᠯᠠᠯ ᠵᠢᠷᠤᠮ ᠳᠦᠭᠦᠷᠡᠩ ᠶᠠᠪᠤ 
ᠡᠭᠡᠯᠵᠢᠯᠡᠵᠦ ᠠᠪᠬᠤ ᠵᠠᠯᠭᠠᠮᠵᠢ  ᠳ᠋ᠤ᠌ ᠪᠠᠨ 
ᠭᠠᠪᠢᠶ᠎ᠠ ᠬᠦᠨᠳᠦ ᠳᠦᠭᠦᠷᠡᠩ ᠶᠠᠪᠤ 
ᠡᠷᠳᠡᠮ ᠰᠣᠶᠣᠯ ᠤ᠋ᠨ ᠲᠠᠪᠴᠠᠩ ᠳ᠋ᠤ᠌ 
ᠮᠡᠳᠡᠯᠭᠡ ᠴᠢᠳᠠᠯ ᠳᠦᠭᠦᠷᠡᠩ ᠶᠠᠪᠤ 
ᠡᠳ᠋ ᠬᠥᠷᠥᠩᠭᠡ ᠴᠢᠨᠢ ᠠᠷᠪᠢᠳᠠᠭᠠᠳ 
ᠳᠤᠨᠳᠠᠷᠠᠰᠢ ᠦᠭᠡᠢ ᠳᠦᠭᠦᠷᠡᠩ ᠶᠠᠪᠤ ᠃
ᠡᠷᠬᠢᠮ ᠨᠥᠬᠥᠳ ᠰᠡᠯᠲᠡ ᠳ᠋ᠦ᠍ ᠪᠡᠨ 
ᠢᠲᠡᠭᠡᠯ ᠡᠶ᠎ᠡ ᠳᠦᠭᠦᠷᠡᠩ ᠶᠠᠪᠤ 
ᠡᠩ ᠳᠡᠯᠡᠬᠡᠢ ᠣᠷᠴᠢᠯᠠᠩ ᠳ᠋ᠤ᠌ 
ᠨᠠᠶ᠋ᠢᠵᠠ ᠬᠥᠷᠰᠢ ᠳᠦᠭᠦᠷᠡᠩ ᠶᠠᠪᠤ ᠃
ᠡᠷᠦᠬᠡ ᠭᠡᠷ ᠠᠳᠠᠯ ᠳ᠋ᠤ᠌ ᠪᠠᠨ 
ᠡᠩᠬᠡ ᠵᠢᠷᠭᠠᠯ ᠳᠦᠭᠦᠷᠡᠩ ᠶᠠᠪᠤ 
ᠶᠢᠷᠲᠢᠨᠴᠦ ᠶ᠋ᠢᠨ ᠵᠠᠶᠠᠭ᠎ᠠ ᠪᠠᠷᠢᠯᠳᠤᠯᠭᠠᠨ ᠳ᠋ᠤ᠌ ᠪᠠᠨ 
ᠬᠠᠶ᠋ᠢᠷ᠎ᠠ ᠰᠡᠳᠬᠢᠯ ᠳᠦᠭᠦᠷᠡᠩ ᠶᠠᠪᠤ ᠃
ᠡᠯᠳᠡᠪ ᠡᠰᠡᠨ ᠦ᠌ ᠬᠠᠷᠰᠢ  ᠶ᠋ᠢ ᠳᠠᠪᠠᠬᠤ 
ᠣᠮᠣᠭ ᠳᠦᠭᠦᠷᠡᠩ ᠶᠠᠪᠤ 
ᠡᠮᠲᠡᠷᠡᠵᠦ ᠰᠢᠮᠰᠢᠷᠡᠬᠦ ᠶᠠᠪᠤᠳᠠᠯ ᠦᠭᠡᠢ 
ᠰᠠᠨᠠᠭ᠎ᠠ ᠰᠡᠳᠬᠢᠯ ᠳᠦᠭᠦᠷᠡᠩ ᠶᠠᠪᠤ ᠃
ᠡᠩ ᠭᠡᠬᠦ ᠶ᠋ᠢᠨ ᠠᠷᠬᠠᠭ ᠦᠭᠡᠢ
ᠡᠷᠡᠭᠦᠯ ᠴᠢᠬᠢᠷᠡᠭ ᠳᠦᠭᠦᠷᠡᠩ ᠶᠠᠪᠤ 
ᠡᠷᠭᠢᠬᠦ ᠪᠥᠮᠪᠥᠷᠴᠡᠭ ᠦ᠋ᠨ ᠴᠢᠮᠥᠭᠡ ᠰᠢᠭ 
ᠢᠳᠡ ᠰᠢᠳᠢ ᠳᠦᠭᠦᠷᠡᠩ ᠶᠠᠪᠤ ᠃
ᠡᠩᠨᠡᠵᠦ ᠰᠠᠭᠤᠭᠰᠠᠨ ᠵᠣᠴᠢᠨ ᠳᠦᠭᠦᠷᠡᠩ
ᠡᠶ᠎ᠡ ᠨᠠᠶ᠋ᠢᠷ ᠲᠠᠯᠠᠪᠠᠢ ᠳᠦᠭᠦᠷᠡᠩ
ᠡᠭᠡᠰᠢᠭ ᠤᠶᠠᠩᠭ᠎ᠠ ᠰᠣᠨᠣᠷ ᠳᠦᠭᠦᠷᠡᠩ 
ᠡᠯᠳᠡᠪ ᠱᠣᠭ ᠠᠭᠤᠯᠭ᠎ᠠ ᠳᠦᠭᠦᠷᠡᠩ
ᠡᠷᠬᠡ ᠪᠠᠶᠠᠨ ᠪᠠᠲᠤᠯᠠᠭ᠎ᠠ ᠳᠦᠭᠦᠷᠡᠩ
ᠡᠨᠡ ᠪᠦᠬᠦᠨ ᠊ᠢ ᠪᠡᠯᠭᠡᠳᠡᠨ ᠪᠠᠭᠴᠠᠯᠠᠭᠠᠳ
ᠡᠷᠭᠦᠭᠰᠡᠨ ᠳᠠᠷᠠᠰᠤ ᠬᠤᠨᠳᠠᠭ᠎ᠠ ᠳᠦᠭᠦᠷᠡᠩ
ᠡᠭᠦᠨ ᠦ᠌ ᠪᠡᠯᠭᠡᠲᠦ ᠵᠥᠩᠨᠡᠯ ᠢ᠋ᠶ᠋ᠡᠷ
ᠡᠩᠬᠡ ᠵᠢᠷᠭᠠᠯ ᠡᠭᠦᠷᠢᠳᠡ ᠪᠡᠨ ᠳᠦᠭᠦᠷᠡᠩ ᠪᠣᠯᠲᠤᠭᠠᠢ !
《 ᠬᠣᠶᠠᠷ ᠬᠤᠪᠢ 》ᠬᠡᠮᠡᠬᠦ  ᠪᠡᠷ ᠢᠷᠥᠭᠡᠬᠦ ᠨᠢ
ᠠᠭᠤᠯᠠ ᠤᠰᠤ ᠪᠠᠷ ᠴᠢᠮᠡᠭᠲᠡᠭᠰᠡᠨ
ᠪᠠᠶ᠋ᠢᠭᠠᠯᠢ ᠶ᠋ᠢᠨ ᠭᠤᠸ᠎ᠠ ᠬᠣᠣᠰ ᠬᠤᠪᠢ
ᠤᠴᠢᠷ ᠵᠢᠷᠤᠮ   ᠶ᠋ᠢᠠᠷ ᠴᠤᠭᠯᠠᠷᠠᠭᠰᠠᠨ
ᠨᠠᠶ᠋ᠢᠷ ᠤ᠋ᠨ ᠴᠤᠭᠯᠠᠭ᠎ᠠ ᠬᠣᠣᠰ ᠬᠤᠪᠢ
ᠤᠷᠤᠭ ᠬᠣᠲᠠ ᠪᠠᠷ ᠨᠠᠶ᠋ᠢᠵᠠᠯᠠᠭᠰᠠᠨ
ᠲᠥᠷᠥᠯ ᠦ᠋ᠨ ᠬᠣᠯᠪᠣᠭ᠎ᠠ ᠬᠣᠣᠰ ᠬᠤᠪᠢ
ᠤᠬᠠᠭᠠᠨ ᠡᠷᠳᠡᠮ ᠲᠡᠩᠴᠡᠭᠰᠡᠨ ᠬᠦᠦ ᠬᠡᠦᠬᠡᠨ ᠦ᠌ ᠬᠣᠣᠰ ᠬᠤᠪᠢ
ᠤᠶᠠᠩᠭ᠎ᠠ ᠰᠢᠯᠦᠭ ᠨᠡᠶ᠋ᠢᠴᠡᠭᠰᠡᠨ ᠰᠣᠨᠣᠷ ᠤ᠋ᠨ ᠴᠡᠩᠭᠡᠯ ᠬᠣᠣᠰ ᠬᠤᠪᠢ
ᠤᠳᠤᠮ ᠤ᠋ᠨ ᠳᠦᠷᠢᠮ ᠢ᠋ᠶ᠋ᠡᠷ ᠮᠦᠷᠲᠡᠭᠰᠡᠨ ᠬᠦᠨᠳᠦᠯᠡᠯ ᠦ᠋ᠨ ᠰᠡᠳᠬᠢᠯ ᠬᠣᠣᠰ ᠬᠤᠪᠢ
ᠦᠵᠦᠮ ᠵᠢᠮᠢᠰ ᠢ᠋ᠶ᠋ᠡᠷ ᠰᠢᠭᠦᠰᠦᠯᠡᠭᠰᠡᠨ ᠰᠠᠷᠬᠤᠳ ᠤ᠋ᠨ ᠴᠢᠨᠠᠷ ᠬᠣᠣᠰ ᠬᠤᠪᠢ
ᠤᠷᠢᠳᠤ ᠶ᠋ᠢᠨ ᠵᠠᠩ ᠢ᠋ᠶ᠋ᠠᠨ ᠪᠠᠷᠢᠮᠲᠠᠯᠠᠭᠰᠠᠨ
ᠱᠠᠩᠨᠠᠬᠤ ᠬᠦᠷᠲᠡᠭᠡᠯ ᠬᠣᠣᠰ ᠬᠤᠪᠢ
ᠤᠷᠲᠤ ᠤᠳᠠᠭᠠᠨ ᠵᠢᠷᠭ᠎ᠠ ᠭᠡᠳ ᠢᠷᠦᠭᠡᠯ ᠦ᠋ᠨ ᠪᠡᠯᠭᠡ ᠬᠣᠣᠰ ᠬᠤᠪᠢ
ᠤᠯᠤᠰ ᠲᠤ᠌ ᠪᠠᠨ ᠵᠢᠳᠬᠦᠵᠦ ᠶᠠᠪᠤᠭᠠᠷᠠᠢ ᠭᠡᠳ
ᠰᠤᠷᠭᠠᠯ ᠰᠣᠪᠢᠯ ᠬᠣᠣᠰ ᠬᠤᠪᠢ ᠤᠭᠰᠠᠭ᠎ᠠ ᠳ᠋ᠤ᠌ ᠪᠠᠨ 
ᠰᠢᠳᠤᠷᠭᠤ ᠶᠠᠪᠤᠭᠠᠷᠠᠢ ᠭᠡᠳ ᠢᠷᠦᠭᠡᠯ ᠦ᠋ᠨ ᠰᠠᠨᠠᠭ᠎ᠠ ᠬᠣᠣᠰ ᠬᠤᠪᠢ ᠃
ᠵᠠ ! ᠲᠣᠭᠠᠯᠠᠵᠤ ᠪᠠᠷᠠᠬᠤ ᠦᠭᠡᠢ ᠬᠣᠣᠰ ᠬᠤᠪᠢ 
ᠲᠤᠭᠤᠯᠵᠤ ᠪᠠᠷᠠᠬᠤ ᠦᠭᠡᠢ ᠪᠤᠶᠠᠨ ᠵᠠᠶᠠᠭ᠎ᠠ 
ᠲᠣᠰᠣᠨ ᠤ᠋ ᠰᠢᠮ᠎ᠡ ᠲᠡᠢ ᠳᠠᠷᠠᠰᠤ ᠶᠤᠮ ᠂
ᠤᠮᠳᠠ ᠶ᠋ᠢᠨ ᠪᠡᠶ᠎ᠡ ᠲᠡᠢ ᠠᠷᠢᠬᠢ ᠶᠤᠮ ᠃
ᠲᠣᠯᠣᠭᠠᠢ ᠳᠠᠷᠤᠨ ᠶᠣᠰᠣᠯᠠᠭᠠᠳ
ᠲᠣᠰᠴᠤ ᠪᠠᠷᠢᠭᠠᠳ ᠡᠷᠭᠦᠵᠦ ᠪᠠᠶ᠋ᠢᠨ᠎ᠠ ᠂ 
ᠲᠣᠮᠣᠭᠠᠲᠠᠨ ᠮᠡᠷᠭᠡᠳ ᠪᠦᠬᠦᠨ ᠳ᠋ᠡᠭᠡᠨ ᠬᠣᠣᠰ ᠵᠤᠶ᠋ᠢᠷᠡᠢ ᠡᠷᠭᠦᠶ᠎ᠡ !

   ᠢᠷᠡᠯᠲᠡ —ᠮᠣᠩᠭᠣᠯ ᠲᠤᠯᠭᠤᠷ ᠪᠢᠴᠢᠭ
   ᠮᠣᠩᠭᠣᠯ ᠠᠷᠠᠳ ᠤ᠋ᠨ ᠢᠷᠦᠭᠡᠯ ᠮᠠᠭᠲᠠᠭᠠᠯ ᠠ᠋ᠴᠠ —
   ᠠᠮᠢᠯᠠᠭᠤᠯᠤᠭᠴᠢ ᠄ ᠡᠷᠲᠡᠨᠢᠬᠦᠦ
   ᠬᠢᠨᠠᠭᠴᠢ ᠄ ᠣᠤᠠᠬᠠᠨᠰᠣ᠎ᠡ ᠂ ᠭᠠᠷᠮ᠎ᠠ