ᠵᠢᠷᠦᠬᠡ ᠪᠡᠷ ᠰᠡᠮᠡᠷᠡᠬᠦ ᠭᠡᠶᠦᠷᠡᠯЗүрхээр сэмрэх гиюүрэл ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠦᠬᠡ ᠪᠡᠷ ᠰᠡᠮᠡᠷᠡᠬᠦ ᠭᠡᠶᠦᠷᠡᠯЗүрхээр сэмрэх гиюүрэл

ᠵᠢᠷᠦᠬᠡ ᠪᠡᠷ ᠰᠡᠮᠡᠷᠡᠬᠦ ᠭᠡᠶᠦᠷᠡᠯЗүрхээр сэмрэх гиюүрэл

ᠠᠩᠭᠢᠯᠠᠯ:ᠳᠠᠭᠤᠤ ᠬᠥᠭᠵᠢᠮ
2023-03-24

287

ᠵᠢᠷᠦᠬᠡ ᠪᠡᠷ ᠰᠡᠮᠡᠷᠡᠬᠦ ᠭᠡᠶᠦᠷᠡᠯ

  ᠦᠭᠡ ᠄ ᠪᠠᠲᠤᠮᠡᠨᠳᠦ ( ᠣᠲᠣᠭ )

  ᠠᠶ᠎ᠠ ᠄ ᠣ ᠂ ᠰᠦᠮᠪᠦᠷ ( ᠣᠲᠣᠭ )

1 .

ᠴᠢᠮᠡᠭᠡ ᠦᠭᠡᠢ ᠤᠨᠠᠭᠠᠬᠤ ᠨᠢᠯᠪᠤᠰᠤ ᠶ᠋ᠢ ᠪᠤᠤ ᠯᠠ ᠠᠷᠴᠢᠭᠠᠷᠠᠢ 

ᠴᠢᠩ ᠵᠢᠷᠦᠬᠡᠨ ᠦ᠌ ᠬᠠᠶ᠋ᠢᠷ᠎ᠠ ᠰᠢᠩᠭᠡᠭᠰᠡᠨ ᠮᠥᠷᠥᠭᠡᠳᠦᠯ ᠶᠦ᠍ᠮ ᠰᠢᠦ ᠳᠧ 

ᠴᠢᠮ᠎ᠠ ᠪᠠᠨ ᠭᠡᠰᠡᠨ ᠤᠶᠠᠷᠠᠯ ᠬᠠᠯᠭᠢᠭᠰᠠᠨ ᠠᠶᠠᠯᠭᠤ ᠳᠠᠭᠤᠤ ᠶ᠋ᠢᠨ ᠮᠢᠨᠢ 

ᠴᠢᠩᠨᠠᠨ ᠴᠢᠩᠨᠠᠨ ᠬᠦᠯᠢᠶᠡᠵᠦ ᠰᠠᠭᠤᠬᠤ ᠶ᠋ᠢᠨ ᠲᠠᠶ᠋ᠢᠳᠬᠤᠷᠠᠯ ᠶᠤᠮ ᠰᠢᠦ ᠳᠧ 

ᠵᠡᠭᠦᠳᠦ ᠪᠡᠷ ᠮᠡᠳᠡᠷᠡᠬᠦ ᠰᠠᠨᠠᠭᠠᠨ ᠤ᠋ ᠤᠶᠠᠩᠭ᠎ᠠ 

ᠵᠢᠷᠦᠬᠡ ᠪᠡᠷ ᠰᠡᠮᠡᠷᠡᠬᠦ ᠵᠠᠶᠠᠭᠠᠨ ᠤ᠋ ᠤᠷᠢᠶ᠎ᠠ 

ᠰᠠᠮᠠᠷᠡᠭᠡᠨ ᠬᠣᠷᠸ᠋᠎ᠠ ᠳᠠᠭᠤᠤ ᠶ᠋ᠢᠨ ᠮᠢᠨᠢ ᠴᠤᠤᠷᠢᠶ᠎ᠠ ᠶᠤᠮ ᠰᠢᠦ ᠳᠧ 

ᠰᠡᠳᠬᠢᠯ ᠳ᠋ᠡᠭᠡᠨ ᠮᠠᠨᠠᠭᠰᠠᠨ ᠰᠠᠨᠠᠭᠠᠨ ᠤ᠋ ᠠᠶᠠᠯᠭᠤ ᠶᠤᠮ ᠰᠢᠦ ᠳᠧ 


2 .

ᠬᠠᠶ᠋ᠢᠷ᠎ᠠ ᠪᠠᠷ ᠤᠨᠠᠭᠠᠬᠤ ᠨᠢᠯᠪᠤᠰᠤ ᠶ᠋ᠢ ᠪᠤᠤ ᠯᠠ ᠠᠷᠴᠢᠭᠠᠷᠠᠢ 

ᠬᠠᠶ᠋ᠢᠯᠭᠠᠨ ᠵᠢᠷᠦᠬᠡᠨ ᠦ᠌ ᠠᠮᠠᠷᠠᠭ ᠲᠣᠷᠭᠠᠨ ᠬᠦᠰᠡᠯ ᠶᠦ᠍ᠮ ᠰᠢᠦ ᠳᠧ 

ᠬᠠᠶ᠋ᠢᠷᠠᠲᠠᠢ ᠪᠣᠯᠤᠭᠠᠳ ᠴᠢᠮ᠎ᠠ ᠶ᠋ᠢ ᠳᠤᠷᠠᠰᠬᠤ ᠡᠩᠰᠡᠷᠡᠯ ᠶᠦ᠍ᠮ ᠰᠢᠦ ᠳᠧ 

ᠬᠠᠩᠭᠠᠢ ᠵᠡᠷᠭᠡᠯᠡᠬᠦ ᠮᠠᠨᠠᠨ ᠬᠥᠰᠢᠭᠡ ᠲᠡᠢ ᠢᠲᠡᠭᠡᠯ ᠶᠦ᠍ᠮ ᠰᠢᠦ ᠳᠧ 

ᠵᠡᠭᠦᠳᠦ ᠪᠡᠷ ᠮᠡᠳᠡᠷᠡᠬᠦ ᠰᠠᠨᠠᠭᠠᠨ ᠤ᠋ ᠤᠶᠠᠩᠭ᠎ᠠ 

ᠵᠢᠷᠦᠬᠡ ᠪᠡᠷ ᠰᠡᠮᠡᠷᠡᠬᠦ ᠵᠠᠶᠠᠭᠠᠨ ᠤ᠋ ᠤᠷᠢᠶ᠎ᠠ 

ᠰᠡᠮᠡᠷᠡᠭᠡᠨ ᠬᠣᠷᠸ᠎ᠠ ᠳᠠᠭᠤᠤ ᠶ᠋ᠢᠨ ᠮᠢᠨᠢ ᠴᠤᠤᠷᠢᠶ᠎ᠠ ᠶᠤᠮ ᠰᠢᠦ ᠳᠧ 

ᠰᠡᠳᠬᠢᠯ ᠳ᠋ᠡᠭᠡᠨ ᠮᠠᠨᠠᠭᠰᠠᠨ ᠰᠠᠨᠠᠭᠠᠨ ᠤ᠋ ᠠᠶᠠᠯᠭᠤ ᠶᠤᠮ ᠰᠢᠦ ᠳᠧ 


3 .

ᠡᠩᠰᠡᠷᠡᠵᠦ ᠤᠨᠠᠭᠠᠬᠤ ᠨᠢᠯᠪᠤᠰᠤ ᠶ᠋ᠢ ᠪᠤᠤ ᠯᠠ ᠠᠷᠴᠢᠭᠠᠷᠠᠢ 

ᠢᠨᠠᠭ ᠰᠡᠳᠬᠢᠯ ᠦ᠋ᠨ ᠡᠮᠲᠡᠷᠡᠵᠦ ᠬᠡᠯᠲᠡᠷᠡᠬᠦ ᠵᠢᠷᠦᠬᠡ ᠶᠦ᠍ᠮ ᠰᠢᠦ ᠳᠧ 

ᠡᠶ᠎ᠡ ᠶ᠋ᠢᠨ ᠬᠣᠷᠸ᠎ᠠ ᠳ᠋ᠤ᠌ ᠬᠦᠰᠡᠯ ᠮᠠᠨᠠᠬᠤ ᠮᠥᠷᠥᠭᠡᠳᠦᠯ ᠶᠦ᠍ᠮ ᠰᠢᠦ ᠳᠧ 

ᠡᠯᠢᠭᠡᠨ ᠬᠠᠶ᠋ᠢᠷ᠎ᠠ ᠠ᠋ᠴᠠ ᠢᠪᠢᠯᠵᠦ ᠭᠠᠷᠬᠤ ᠳᠤᠷᠠᠯᠠᠯ ᠶᠤᠮ ᠰᠢᠦ ᠳᠧ 

ᠵᠡᠭᠦᠳᠦ ᠪᠡᠷ ᠮᠡᠳᠡᠷᠡᠬᠦ ᠰᠠᠨᠠᠭᠠᠨ ᠤ᠋ ᠤᠶᠠᠩᠭ᠎ᠠ 

ᠵᠢᠷᠦᠬᠡ ᠪᠡᠷ ᠰᠡᠮᠡᠷᠡᠬᠦ ᠵᠠᠶᠠᠭᠠᠨ ᠤ᠋ ᠤᠷᠢᠶ᠎ᠠ 

ᠰᠡᠮᠡᠷᠡᠭᠡᠨ ᠬᠣᠷᠸ᠎ᠠ ᠳᠠᠭᠤᠤ ᠶ᠋ᠢᠨ ᠮᠢᠨᠢ ᠴᠤᠤᠷᠢᠶ᠎ᠠ ᠶᠤᠮ ᠰᠢᠦ ᠳᠧ 

ᠰᠡᠳᠬᠢᠯ ᠳ᠋ᠡᠭᠡᠨ ᠮᠠᠨᠠᠭᠰᠠᠨ ᠰᠠᠨᠠᠭᠠᠨ ᠤ᠋ ᠠᠶᠠᠯᠭᠤ ᠶᠤᠮ ᠰᠢᠦ ᠳᠧ ᠃ 

                  2020. 5. 4 

   ᠪᠠᠭᠤᠯᠭᠠᠨ ᠪᠢᠴᠢᠭᠰᠡᠨ ᠨᠢ ᠄ᠣᠳᠬᠣᠨᠴᠡᠴᠡᠭ 

     2023. 3 . 24