ᠲᠥᠷᠥᠯᠬᠢ ᠮᠣᠩᠭᠣᠯ ᠬᠡᠯᠡ ᠮᠢᠨᠢ- ᠶ᠋ᠢᠨ᠂ ᠪᠠᠲᠤᠬᠦᠦТөрөлх монгол хэл минь--жин , батхүү ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠥᠷᠥᠯᠬᠢ ᠮᠣᠩᠭᠣᠯ ᠬᠡᠯᠡ ᠮᠢᠨᠢ- ᠶ᠋ᠢᠨ᠂ ᠪᠠᠲᠤᠬᠦᠦТөрөлх монгол хэл минь--жин , батхүү

ᠲᠥᠷᠥᠯᠬᠢ ᠮᠣᠩᠭᠣᠯ ᠬᠡᠯᠡ ᠮᠢᠨᠢ- ᠶ᠋ᠢᠨ᠂ ᠪᠠᠲᠤᠬᠦᠦТөрөлх монгол хэл минь--жин , батхүү

2023-03-23

733

ᠲᠥᠷᠥᠯᠬᠢ ᠮᠣᠩᠭᠣᠯ ᠬᠡᠯᠡ ᠮᠢᠨᠢ

     ᠶ᠋ᠢᠨ ᠂ ᠪᠠᠲᠤᠬᠦᠦ 

ᠮᠠᠨᠳᠤᠬᠤ ᠨᠠᠷᠠᠨ ᠊ᠤ ᠰᠦᠨ ᠬᠡᠯᠡ ᠮᠢᠨᠢ 
ᠮᠣᠩᠭᠣᠯ ᠲᠥᠷᠥ ᠶ᠋ᠢᠨ ᠰᠦᠯᠳᠡᠲᠦ ᠬᠡᠯᠡ ᠮᠢᠨᠢ 
ᠮᠥᠩᠬᠡ ᠲᠡᠭᠷᠢ ᠶ᠋ᠢᠨ ᠵᠠᠷᠯᠢᠭ ᠬᠡᠯᠡ ᠮᠢᠨᠢ 
ᠮᠣᠩᠭᠣᠯ ᠲᠦᠮᠡᠨ ᠊ᠤ ᠵᠠᠶᠠᠭ᠎ᠠ ᠬᠡᠯᠡ ᠮᠢᠨᠢ 
ᠬᠦᠯᠦᠭ ᠮᠣᠷᠢᠳ ᠤ᠋ᠨ ᠲᠣᠭᠣᠰᠣᠨ ᠳ᠋ᠤ᠌ ᠰᠢᠩᠭᠡᠵᠦ 
ᠬᠦᠰᠡᠯ ᠳ᠋ᠦ᠍ ᠮᠢᠨᠢ ᠢᠷᠡᠭᠰᠡᠨ ᠡᠬᠡ ᠬᠡᠯᠡ ᠮᠢᠨᠢ 
ᠬᠥᠬᠡ ᠮᠣᠩᠭᠣᠯ ᠊ᠤᠨ ᠣᠮᠣᠭᠲᠤ ᠲᠡᠦᠬᠡ 
ᠬᠥᠮᠦᠨ ᠴᠢᠯᠠᠭᠤᠨ ᠊ᠤ ᠳᠣᠮᠣᠭ ᠬᠡᠯᠡ ᠮᠢᠨᠢ 
ᠲᠡᠭᠷᠢ ᠳ᠋ᠦ᠍ ᠬᠦᠰᠡᠯ ᠢ᠋ᠶ᠋ᠡᠨ ᠳᠠᠭᠠᠳᠬᠠᠬᠤ ᠡᠬᠡ ᠬᠡᠯᠡ ᠮᠢᠨᠢ 
ᠭᠠᠵᠠᠷ ᠲᠤ᠌ ᠦᠢᠯᠡᠰ  ᠢ᠋ᠶ᠋ᠡᠨ ᠰᠢᠪᠡᠨᠡᠬᠦ ᠲᠥᠷᠥᠯᠬᠢ ᠬᠡᠯᠡ ᠮᠢᠨᠢ 
ᠮᠠᠷᠲᠠᠵᠤ ᠦᠯᠦ ᠪᠣᠯᠬᠤ ᠮᠣᠩᠭᠣᠯ ᠬᠡᠯᠡ ᠮᠢᠨᠢ 
ᠮᠥᠬᠥᠭᠡᠵᠦ ᠦᠯᠦ ᠪᠣᠯᠬᠤ ᠠᠮᠢᠨ ᠬᠡᠯᠡ ᠮᠢᠨᠢ 
ᠭᠠᠯ ᠳᠠᠬᠢᠵᠤ ᠯᠤᠤᠰ ᠠᠷᠭᠠᠳᠠᠬᠰᠠ ᠬᠤᠪᠢᠯᠭᠠᠨ ᠬᠡᠯᠡ ᠮᠢᠨᠢ 
ᠭᠠᠵᠠᠷ ᠲᠡᠭᠷᠢ ᠶ᠋ᠢᠨ ᠠᠮᠢᠳᠤ ᠬᠡᠯᠬᠢᠶ ‍ᠡ᠋ ᠮᠣᠩᠭᠣᠯ ᠬᠡᠯᠡ ᠮᠢᠨᠢ 
ᠪᠤᠷᠬᠠᠨ ᠰᠣᠨᠣᠰᠴᠤ ᠪᠤᠵᠠᠷ ᠊ᠢ ᠠᠷᠢᠯᠭᠠᠬᠤ ᠲᠠᠷᠨᠢ ᠬᠡᠯᠡ ᠮᠢᠨᠢ 
ᠪᠤᠭᠤᠷᠤᠯ ᠳᠡᠭᠡᠳᠦᠰ ᠊ᠤᠨ ᠰᠤᠷᠭᠠᠯ ᠠᠶᠠᠯᠳᠠᠭ ᠮᠣᠩᠭᠣᠯ ᠬᠡᠯᠡ ᠮᠢᠨᠢ 
ᠦᠷ᠎ᠡ ᠳ᠋ᠦ᠍ ᠪᠡᠨ ᠪᠦᠪᠡᠢ ᠠᠶᠠᠯᠬᠤ ᠳᠠᠭᠤᠨ ᠬᠡᠯᠡ ᠮᠢᠨᠢ 
ᠡᠪᠦᠭᠡᠳ ᠦᠯᠢᠭᠡᠷ ᠬᠠᠭᠤᠴᠢᠯᠠᠬᠤ ᠮᠣᠩᠭᠣᠯ ᠬᠡᠯᠡ ᠮᠢᠨᠢ 
ᠦᠨᠳᠦᠰᠦ ᠢᠵᠠᠭᠤᠷ ᠲᠤ᠌ ᠰᠢᠩᠭᠡᠭᠰᠡᠨ ᠡᠬᠡ ᠬᠡᠯᠡ ᠮᠢᠨᠢ 
ᠦᠶ᠎ᠡ  ᠶ᠋ᠢᠨ ᠦᠶ᠎ᠡ ᠮᠦᠩᠬᠡᠳᠡ ᠣᠷᠣᠰᠢᠬᠤ ᠮᠣᠩᠭᠣᠯ ᠬᠡᠯᠡ ᠮᠢᠨᠢ 
ᠵᠠᠭᠤᠨ ᠵᠠᠭᠤᠨ ᠳ᠋ᠤ᠌ ᠨᠠᠷᠠ ᠳᠠᠮᠵᠢᠨ ᠥᠷᠲᠡᠭᠡᠯᠡᠭᠰᠡᠨ ᠡᠬᠡ ᠬᠡᠯᠡ ᠮᠢᠨᠢ 
ᠵᠠᠭᠤᠷᠠᠳᠤ ᠶ᠋ᠢᠨ ᠠᠮᠢᠳᠤᠷᠠᠯ ᠳ᠋ᠤ᠌ ᠰᠤᠳᠤᠷ ᠬᠥᠯᠥᠭᠯᠡᠵᠥ ᠤᠯᠪᠠᠭᠠᠯᠠᠭᠰᠠᠨ ᠲᠥᠷᠥᠯᠬᠢ ᠬᠡᠯᠡ ᠮᠢᠨᠢ 
ᠲᠡᠭᠷᠢ ᠶ᠋ᠢᠨ ᠵᠠᠭᠠᠳᠠᠯ ᠭᠠᠵᠠᠷ ᠊ᠤᠨ ᠬᠦᠢᠰᠦᠨ ᠳ᠋ᠦ᠍ ᠭᠠᠩᠨᠠᠭᠠᠰᠤᠲᠠᠢ ᠬᠥᠮᠦᠨ ᠬᠡᠯᠡ ᠮᠢᠨᠢ 
ᠲᠥᠷᠥᠵᠦ ᠲᠡᠭᠦᠰᠬᠦ ᠶ᠋ᠢᠨ ᠵᠠᠪᠰᠠᠷ ᠲᠤ᠌ ᠥᠪᠯᠡᠭᠦᠯᠵᠦ ᠦᠯᠡᠳᠡᠭᠡᠬᠦ ᠶ᠋ᠢᠨ ᠬᠦᠢ ᠶ᠋ᠢᠨ ᠬᠡᠯᠬᠢᠶᠡᠰᠦ ᠮᠢᠨᠢ 
ᠲᠡᠭᠷᠢ ᠶ᠋ᠢᠨ ᠬᠤᠷ᠎ᠠ ᠭᠠᠵᠠᠷ ᠊ᠤᠨ ᠦᠨᠳᠦᠰᠦ ᠮᠣᠩᠭᠣᠯ ᠬᠡᠯᠡ ᠮᠢᠨᠢ 
ᠲᠡᠩᠭᠡᠯᠢᠭᠲᠦ ᠣᠷᠴᠢᠯᠠᠩ ᠊ᠤᠨ ᠡᠨᠡ ᠶᠢᠷᠳᠡᠨᠴᠥ ᠶ᠋ᠢᠨ ᠡᠭᠡᠰᠢᠭᠲᠦ ᠬᠡᠯᠡ ᠮᠢᠨᠢ 
ᠡᠨᠡᠷᠢᠯᠲᠦ ᠡᠬᠡ ᠶ᠋ᠢᠨ ᠰᠦᠨ ᠢᠷᠦᠭᠡᠯ ᠲᠡᠢ ᠲᠥᠷᠥᠯᠬᠢ ᠬᠡᠯᠡ ᠮᠢᠨᠢ 
ᠡᠬᠡ ᠣᠷᠣᠨ ᠭᠠᠯ ᠭᠣᠯᠣᠮᠲᠠ ᠪᠠᠨ ᠠᠷᠭᠠᠳᠠᠬᠤ ᠮᠣᠩᠭᠣᠯ ᠬᠡᠯᠡ ᠮᠢᠨᠢ 
ᠨᠠᠷᠠᠨ ᠲᠣᠭᠣᠷᠢᠭ ᠲᠤ᠌ ᠡᠷᠭᠢᠬᠦ ᠲᠣᠭᠣᠷᠤᠤ ᠴᠡᠩᠬᠡᠷ ᠳᠡᠯᠡᠬᠡᠢ ᠶ᠋ᠢᠨ 
ᠨᠠᠮᠲᠠᠷ ᠲᠡᠦᠬᠡ ᠶ᠋ᠢ ᠬᠠᠭᠤᠴᠢᠯᠠᠬᠤ ᠲᠥᠷᠥᠯᠬᠢ ᠮᠣᠩᠭᠣᠯ ᠬᠡᠯᠡ ᠮᠢᠨᠢ 
ᠨᠠᠰᠤᠨ ᠮᠥᠩᠬᠡ ᠶ᠋ᠢᠨ ᠬᠣᠳᠣ᠊ᠭ ᠲᠠᠢ ᠶᠡᠬᠡ ᠮᠣᠩᠭᠣᠯ ᠭᠦᠷᠦᠨ ᠊ᠤ 
ᠨᠠᠢ᠍ᠮᠠᠨ ᠵᠠᠭᠤᠨ ᠊ᠢ ᠥᠯᠥᠭᠡᠢᠳᠡᠭᠰᠡᠨ ᠨᠢᠭᠤᠴᠠ ᠲᠣᠪᠴᠢᠶᠠᠨ ᠬᠡᠯᠡ ᠮᠢᠨᠢ 
ᠰᠦᠨᠡᠰᠦ ᠰᠡᠭᠦᠳᠡᠷ ᠬᠣᠶᠠᠷ ᠊ᠤᠨ ᠮᠢᠨᠢ ᠬᠡᠯᠬᠢᠶᠡᠰᠦ ᠡᠬᠡ ᠬᠡᠯᠡ ᠮᠢᠨᠢ 
ᠰᠦᠷ ᠰᠦᠯᠳᠡ ᠬᠣᠶᠠᠷ ᠊ᠤᠨ ᠮᠢᠨᠢ ᠬᠣᠯᠪᠣᠭᠠᠰᠤ ᠮᠣᠩᠭᠣᠯ ᠬᠡᠯᠡ ᠮᠢᠨᠢ 
ᠲᠥᠷᠥᠵᠦ ᠲᠡᠭᠦᠰᠬᠦ ᠶ᠋ᠢᠨ ᠦᠷᠭᠦᠯᠵᠢᠯᠡᠯ ᠲᠥᠷᠥᠯᠬᠢ ᠬᠡᠯᠡ ᠮᠢᠨᠢ 
ᠲᠣᠭᠣᠷᠢᠵᠤ ᠢᠷᠡᠬᠦ ᠶ᠋ᠢᠨ ᠤᠳᠬ᠎ᠠ ᠤᠴᠢᠷ ᠮᠥᠩᠬᠡ ᠶ᠋ᠢᠨ ᠬᠡᠯᠡ ᠮᠢᠨᠢ 
ᠮᠣᠩᠭᠣᠯ ᠬᠡᠯᠡ ᠮᠢᠨᠢ ᠠ᠋

   ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠲᠠ 
   ᠬᠢᠨᠠᠭᠴᠢ ᠄ ᠪᠠᠶᠠᠷᠴᠡᠴᠡᠭ ᠂ ᠰᠡᠬᠡᠭᠡᠷᠡᠯ