ᠳᠡᠭᠳᠡᠭᠡᠬᠡᠢ ᠶᠠᠪᠤᠴᠢᠬᠠᠯ᠎ᠠ – ᠭᠦᠷᠵᠠᠪ Дэгдээхэй явчихлаа – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠭᠳᠡᠭᠡᠬᠡᠢ ᠶᠠᠪᠤᠴᠢᠬᠠᠯ᠎ᠠ – ᠭᠦᠷᠵᠠᠪ Дэгдээхэй явчихлаа – Гүржав

ᠳᠡᠭᠳᠡᠭᠡᠬᠡᠢ ᠶᠠᠪᠤᠴᠢᠬᠠᠯ᠎ᠠ – ᠭᠦᠷᠵᠠᠪ Дэгдээхэй явчихлаа – Гүржав

2023-03-23

254

ᠳᠡᠭᠳᠡᠭᠡᠬᠡᠢ ᠶᠠᠪᠤᠴᠢᠬᠠᠯ᠎ᠠ


           ᠭᠦᠷᠵᠠᠪ

 ᠲᠡᠭ ᠂ ᠲᠡᠭ ᠂  ᠳᠡᠭᠳᠡᠯᠵᠡᠭᠰᠡᠭᠡᠷ
 ᠳᠡᠷᠡᠰᠦᠨ ᠪ ᠮᠢᠨᠢ
 ᠳᠡᠭᠳᠡᠭᠡᠬᠡᠢ ᠶᠠᠪᠤᠴᠢᠬᠠᠯ᠎ᠠ ᠃
 ᠳᠠᠷᠠᠰᠤ ᠪᠠᠨ ᠬᠠᠶᠠᠭᠠᠳ ᠶᠠᠪᠤᠴᠢᠬᠠᠯ᠎ᠠ ᠂
 ᠳᠡᠨᠵᠢ ᠪᠡᠨ ᠬᠠᠶᠠᠭᠠᠳ ᠶᠠᠪᠤᠴᠢᠬᠠᠯ᠎ᠠ ᠃
 ᠳᠡᠩᠳᠡᠭᠦᠦ ᠳᠠᠰᠤᠭᠰᠠᠨ
 ᠨᠠᠮᠠᠢ᠍ᠢ ᠪᠠᠨ ᠬᠠᠶᠠᠭᠠᠳ ᠶᠠᠪᠤᠴᠢᠬᠠᠯ᠎ᠠ ᠃
 ᠳᠡᠭᠡᠭᠦᠷ ᠨᠡᠭᠦᠲᠡᠯᠯᠡᠬᠦ
 ᠴᠠᠭᠠᠨ ᠡᠭᠦᠯᠡᠰ ᠊ᠢ  ᠬᠥᠯᠭᠡᠯᠡᠭᠰᠡᠭᠡᠷ
 ᠳᠡᠷᠭᠡᠳᠡᠭᠦᠷ ᠰᠡᠩᠭᠢᠨᠡᠬᠦ
 ᠴᠠᠭ ᠦ᠋ᠨ ᠰᠠᠯᠬᠢ ᠶ᠋ᠢ ᠬᠥᠭᠡᠭᠡᠯᠴᠡᠭᠰᠡᠭᠡᠷ
 ᠲᠡᠷᠲᠡᠭᠡ ᠬᠣᠯᠠ ᠶᠠᠪᠤᠴᠢᠬᠠᠯ᠎ᠠ ᠁
 ᠪᠤᠭᠤᠷᠤᠯᠬᠠᠨ ᠤᠨᠢᠶᠠᠷᠲᠤ
 ᠨᠣᠭᠣᠭᠠᠨ ᠠᠭᠤᠯᠠᠰ ᠊ᠢ ᠵᠣᠷᠢᠬᠰᠠᠭᠠᠷ
 ᠪᠤᠯᠪᠠᠰᠤᠬᠠᠨ ᠱᠤᠤᠭᠢᠶᠠᠨᠲᠤ
 ᠳᠠᠯᠠᠢ ᠶ᠋ᠢᠨ ᠤᠰᠤ ᠶ᠋ᠢ ᠴᠢᠩᠨᠠᠭᠰᠠᠭᠠᠷ
 ᠪᠣᠷᠣᠬᠠᠨ ᠳᠠᠯᠠᠪᠴᠢ ᠪᠠᠨ
 ᠳᠡᠪᠢᠭᠰᠡᠭᠡᠷ ᠶᠠᠪᠤᠴᠢᠬᠠᠯ᠎ᠠ
 ᠪᠤᠯᠪᠠᠷᠠᠶ᠋ᠢᠬᠠᠨ ᠳᠠᠭᠤ ᠪᠠᠨ
 ᠰᠢᠩᠭᠡᠷᠡᠭᠦᠯᠦᠭᠰᠡᠭᠡᠷ ᠶᠠᠪᠤᠴᠢᠬᠠᠯ᠎ᠠ ᠁
 ᠪᠤᠷᠮ᠎ᠠ ᠪᠢᠲᠡ ᠬᠣᠶᠠᠭᠤᠯᠠ
 ᠭᠠᠩ ᠶ᠋ᠢᠠᠨ ᠲᠦᠰᠢᠨ
 ᠭᠠᠲᠠᠬ᠋᠎ᠠ ᠪᠠᠨ ᠵᠣᠭᠰᠣᠭᠰᠠᠭᠠᠷ
 ᠪᠣᠲᠣᠯ ᠬᠠᠩᠭᠠᠶ᠋ᠢᠷᠠᠨ ᠬᠣᠴᠣᠷᠤᠯ᠎ᠠ
 ᠪᠤᠲᠠ ᠬᠠᠩᠭᠠᠶ᠋ᠢᠷᠠᠨ ᠬᠣᠴᠣᠷᠤᠯ᠎ᠠ ᠁
 ᠪᠣᠶ᠋ᠢᠵᠢᠬᠰᠠᠨ ᠡᠨᠡ ᠨᠤᠲᠤᠭ ᠲᠠᠭᠠᠨ
 ᠪᠤᠴᠠᠵᠤ ᠬᠡᠵᠢᠶ᠎ᠡ ᠢᠷᠡᠬᠦ ᠶ᠋ᠢ ᠨᠢ
 ᠪᠣᠯᠵᠣᠵᠤ ᠲᠣᠭᠲᠠᠭᠠᠵᠤ ᠴᠢᠲᠠᠯ ᠦᠭᠡᠢ ᠬᠣᠴᠣᠷᠤᠯ᠎ᠠ ᠡ ᠃

 ᠢᠷᠡᠯᠲᠡ ᠄  
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄ ᠪᠠᠶᠠᠷᠴᠡᠴᠡᠭ
         ᠬᠢᠨᠠᠭᠴᠢ ᠄  ᠪᠠᠶᠠᠷᠴᠡᠴᠡᠭ
        20230317