ᠨᠠᠮᠤᠭ ᠦ᠋ᠨ ᠮᠡᠯᠡᠬᠡᠢ – ᠭᠦᠷᠵᠠᠪ Намгийн мэлхий – Гүржав
ᠨᠠᠮᠤᠭ ᠦ᠋ᠨ ᠮᠡᠯᠡᠬᠡᠢ
ᠭᠦᠷᠵᠠᠪ
ᠨᠠᠮᠤᠭ ᠦ᠋ᠨ ᠮᠡᠯᠡᠬᠡᠢ ᠯᠠᠭ ᠯᠠᠭ
ᠨᠠᠮᠤᠭ ᠰᠢᠪᠠᠷ ᠲᠠᠭᠠᠨ ᠯᠠᠭ ᠯᠠᠭ
ᠨᠠᠮᠠᠶ᠋ᠢ ᠬᠠᠷᠠᠭᠠᠳ ᠶᠠᠭᠤ ᠭᠡᠵᠦ ᠪᠦᠯᠲᠡᠶ᠋ᠢᠭᠡ ᠪᠤᠢ ?
ᠨᠠᠭᠠᠲᠤᠶᠠ ᠭᠡᠵᠦ ᠪᠣᠲᠣᠵᠤ ᠪᠠᠶ᠋ᠢᠬ᠋᠎ᠠ ᠤᠤ ?
ᠨᠠᠮᠤᠭ ᠦ᠋ᠨ ᠮᠡᠯᠡᠬᠡᠢ ᠯᠠᠭ ᠯᠠᠭ
ᠨᠠᠮᠤᠭ ᠰᠢᠪᠠᠷ ᠲᠠᠭᠠᠨ ᠯᠠᠭ ᠯᠠᠭ
ᠨᠠᠮᠠᠢ᠍ᠢ ᠦᠵᠡᠭᠡᠳ ᠶᠠᠭᠤ ᠭᠡᠵᠦ ᠠᠩᠭᠠᠶ᠋ᠢᠬ᠋ᠠ ᠪᠤᠢ ?
ᠨᠠᠭᠠᠰᠢ ᠪᠠᠨ ᠢᠷ᠎ᠡ ᠠ᠋ ᠭᠡᠵᠦ ᠬᠡᠯᠡᠵᠦ ᠪᠠᠶ᠋ᠢᠬ᠋᠎ᠠ ᠤᠤ ?
ᠨᠠᠮᠤᠭ ᠦ᠋ᠨ ᠮᠡᠯᠡᠬᠡᠢ ᠯᠠᠭ ᠯᠠᠭ
ᠨᠠᠮᠤᠭ ᠰᠢᠪᠠᠷ ᠲᠠᠭᠠᠨ ᠯᠠᠭ ᠯᠠᠭ
ᠨᠠᠮᠤᠷ ᠦ᠋ᠨ ᠰᠤᠷᠤᠯᠬ᠋ᠠ ᠡᠬᠢᠯᠡᠴᠢᠭᠡᠭᠰᠡᠨ ᠲᠤᠯᠠ
ᠨᠠᠲᠠ ᠶᠡᠷᠦ ᠴᠢᠯᠥᠭᠡ ᠦᠭᠡᠢ ᠃
ᠨᠣᠭᠣᠭᠠᠨ ᠪᠣᠭᠴᠣ ᠪᠠᠨ ᠡᠭᠦᠷᠦᠭᠡᠳ
ᠨᠣᠮ ᠶ᠋ᠢᠠᠨ ᠰᠤᠷᠬᠤ ᠪᠠᠷ ᠶᠠᠪᠤᠯ᠎ᠠ ᠡ ᠂ ᠪᠢ
ᠨᠠᠮᠤᠭ ᠲᠠᠭᠠᠨ ᠴᠢ ᠨᠠᠭᠠᠤᠠᠴᠤ ᠰᠠᠭᠤ ᠳ᠋ᠠ
ᠨᠠᠰᠤᠨ ᠲᠤᠷᠰᠢᠲᠠ ᠨᠠᠭᠠᠤᠠᠴᠤ ᠰᠠᠭᠤ ᠳ᠋ᠠ ᠡ !
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠪᠠᠶᠠᠷᠴᠡᠴᠡᠭ
ᠬᠢᠨᠠᠭᠴᠢ ᠄ ᠪᠠᠶᠠᠷᠴᠡᠴᠡᠭ
2023 ᠣᠨ ᠪ 3 ᠰᠠᠷ᠎ᠠ ᠶ᠋ᠢᠨ17 ᠪ ᠡᠲᠦᠷ
