ᠨᠠᠮᠤᠷ ᠦ᠋ᠨ ᠮᠣᠲᠣ – ᠭᠦᠷᠵᠠᠪ Намрын мод – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠤᠷ ᠦ᠋ᠨ ᠮᠣᠲᠣ – ᠭᠦᠷᠵᠠᠪ Намрын мод – Гүржав

ᠨᠠᠮᠤᠷ ᠦ᠋ᠨ ᠮᠣᠲᠣ – ᠭᠦᠷᠵᠠᠪ Намрын мод – Гүржав

2023-03-23

275

ᠨᠠᠮᠤᠷ ᠦ᠋ᠨ ᠮᠣᠲᠣ


       ᠭᠦᠷᠵᠡᠪ

ᠨᠠᠮᠤᠷ ᠦ᠋ᠨ ᠮᠣᠲᠣ 
ᠨᠠᠭᠠᠰᠢ ᠪᠠᠨ ᠰᠠᠵᠢᠯᠠᠨ᠎ᠠ
ᠴᠠᠭᠠᠰᠢ ᠪᠠᠨ ᠰᠠᠵᠢᠯᠠᠨ᠎ᠠ ᠁
ᠨᠠᠶ᠋ᠢᠷᠠᠮᠲᠠᠭᠤ ᠵᠥᠭᠡᠯᠡᠬᠡᠨ
ᠲᠠᠯ᠎ᠠ ᠶ᠋ᠢᠨ ᠰᠠᠯᠬᠢᠨ  ᠳᠤ 
ᠢᠯᠪᠢᠭᠳᠡᠨ
ᠨᠠᠮᠵᠢᠭᠤᠨ ᠳᠤᠯᠠᠭᠠᠬᠠᠨ
ᠨᠠᠷᠠᠨ ᠪ ᠲᠤᠶᠠᠭᠠᠨ  ᠳᠤ 
ᠪᠦᠪᠡᠢᠯᠡᠭᠳᠡᠨ
ᠨᠠᠭᠠᠰᠢ ᠪᠠᠨ ᠰᠠᠵᠢᠯᠠᠨ᠎ᠠ
ᠴᠠᠭᠠᠰᠢ ᠪᠠᠨ ᠰᠠᠵᠢᠯᠠᠨ᠎ᠠ
ᠨᠠᠭᠠᠲᠤᠮ  ᠳᠤ ᠳᠤᠷᠠᠲᠠᠢ
ᠨᠠᠲᠠ  ᠳᠤ ᠲᠣᠭᠯᠠᠶ᠎ᠠ ᠭᠡᠳ
ᠰᠠᠵᠢᠯᠠᠨ᠎ᠠ 
ᠨᠣᠮ  ᠳᠤ ᠪᠠᠬᠠᠲᠠᠢ
ᠴᠢᠮ᠎ᠠ ᠲᠠᠢ ᠬᠠᠨᠢᠯᠠᠶ᠎ᠠ ᠭᠡᠳ
ᠰᠠᠵᠢᠯᠠᠨ᠎ᠠ ᠃
ᠨᠠᠭᠤᠢ ᠪᠦᠲᠦᠭᠡᠯ ᠲᠠᠢ
ᠲᠡᠭᠦᠨ ᠲᠡᠢ ᠨᠥᠬᠥᠷᠯᠡᠶ᠎ᠡ ᠭᠡᠳ
ᠰᠠᠵᠢᠯᠠᠨ᠎ᠠ ᠂
ᠨᠠᠷᠭᠢᠶᠠᠨ ᠪᠠᠶᠠᠰᠤᠭᠠᠨ ᠲᠠᠢ
ᠬᠡᠦᠬᠡᠳ ᠦ᠋ᠳ ᠲᠡᠢ ᠨᠠᠶ᠋ᠢᠵᠠᠯᠠᠶ᠎ᠠ ᠭᠡᠳ
ᠰᠠᠵᠢᠯᠠᠨ᠎ᠠ ᠁
ᠨᠠᠮᠤᠷ ᠪᠣᠯᠤᠯ᠎ᠠ —
ᠰᠡᠷᠢᠭᠦᠦ ᠣᠷᠣᠯ᠎ᠠ ᠂
ᠬᠤᠪᠴᠠᠰᠤ ᠪᠠᠨ ᠵᠤᠵᠠᠭᠠᠯᠠ ᠭᠡᠳ
ᠰᠠᠵᠢᠯᠠᠨ᠎ᠠ ᠂
ᠨᠠᠰᠤ ᠴᠢᠨᠢ ᠨᠡᠮᠡᠭᠳᠡᠵᠦ ᠪᠠᠶ᠋ᠢᠨ᠎ᠠ —
ᠴᠢᠷᠮᠠᠶ᠋ᠢᠵᠤ ᠰᠤᠷ !
ᠬᠣᠵᠢᠮᠲᠠᠵᠤ ᠮᠡᠲᠡᠨ᠎ᠡ ᠭᠡᠳ
ᠰᠠᠵᠢᠯᠠᠨ᠎ᠠ ᠃
ᠨᠠᠭᠠᠴᠤ ᠴᠢᠨᠢ ᠢᠷᠡᠯ᠎ᠡ —
ᠲᠣᠰᠴᠤ ᠭᠠᠷ !
ᠳᠣᠲᠣᠭᠰᠢ ᠵᠠᠯᠠ ᠭᠡᠳ
ᠰᠠᠵᠢᠯᠠᠨ᠎ᠠ ᠂
ᠨᠠᠷᠢᠮᠤ ᠴᠢᠨᠢ ᠪᠣᠯᠪᠠᠰᠤᠷᠠᠯ᠎ᠠ —
ᠬᠠᠲᠤᠵᠤ ᠬᠤᠷᠢᠶᠠ !
ᠬᠠᠲᠠᠵᠤ ᠰᠢᠷᠠᠯᠠᠯ᠎ᠠ ᠭᠡᠳ
ᠰᠠᠵᠢᠯᠠᠨ᠎ᠠ ᠁
ᠨᠠᠮᠤᠷ ᠦ᠋ᠨ ᠮᠣᠲᠣ
ᠨᠠᠭᠠᠰᠢ ᠪᠠᠨ ᠰᠠᠵᠢᠯᠠᠨ᠎ᠠ ᠂
ᠴᠠᠭᠠᠰᠢ ᠪᠠᠨ ᠰᠠᠵᠢᠯᠠᠨ᠎ᠠ ᠃

ᠢᠷᠡᠯᠲᠡ ᠄  
      ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄ ᠤᠷᠠᠨᠴᠡᠴᠡᠭ
         ᠬᠢᠨᠠᠭᠴᠢ ᠄  ᠪᠠᠶᠠᠷᠴᠡᠴᠡᠭ
              2023 ᠣᠨ ᠪ3 ᠰᠠᠷ᠎ᠠ ᠶ᠋ᠢᠨ18 ᠪ ᠡᠲᠦᠷ ᠃