ᠨᠠᠮᠤᠷ ᠤᠨᠠᠯ᠎ᠠ – ᠭᠦᠷᠵᠠᠪ Намар уналаа – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠤᠷ ᠤᠨᠠᠯ᠎ᠠ – ᠭᠦᠷᠵᠠᠪ Намар уналаа – Гүржав

ᠨᠠᠮᠤᠷ ᠤᠨᠠᠯ᠎ᠠ – ᠭᠦᠷᠵᠠᠪ Намар уналаа – Гүржав

2023-03-23

270

ᠨᠠᠮᠤᠷ ᠤᠨᠠᠯ᠎ᠠ

        
         ᠭᠦᠷᠵᠡᠪ

 ᠨᠠᠮᠤᠷ ᠤᠨᠠᠯ᠎ᠠ ᠂
 ᠨᠠᠷᠠ ᠲᠠᠢ ᠪᠠᠨ ᠴᠤᠭ
 ᠨᠠᠪᠴᠢ ᠲᠠᠢ ᠪᠠᠨ ᠴᠤᠭ
       ᠱᠠᠭᠢᠨ ᠤᠨᠠᠯ᠎ᠠ
 ᠨᠠᠭᠠᠲᠤᠨ ᠠᠯᠢᠶᠠᠷᠬᠠᠵᠤ ᠪᠠᠶ᠋ᠢᠬᠰᠠᠨ
 ᠮᠢᠨᠦ ᠳᠡᠭᠦᠦ ᠶ᠋ᠢᠨ 
 ᠨᠢᠷᠤᠭᠤᠨ ᠳᠡᠭᠡᠷ᠎ᠡ ᠂
 ᠨᠢᠰᠦᠨ ᠳᠡᠪᠲᠡᠷᠢᠵᠦ ᠪᠠᠶ᠋ᠢᠬᠰᠠᠨ
 ᠰᠢᠪᠠᠭᠤᠨ ᠰᠦᠷᠦᠭ ᠦ᠋ᠨ 
 ᠳᠠᠯᠠᠪᠴᠢᠨ ᠳᠡᠭᠡᠷ᠎ᠡ
 ᠨᠠᠷᠠ ᠲᠠᠢ ᠪᠠᠨ ᠴᠤᠭ
 ᠨᠠᠪᠴᠢ ᠲᠠᠢ ᠪᠠᠨ ᠴᠤᠭ
      ᠱᠠᠭᠢᠨ ᠤᠨᠠᠯ᠎ᠠ  ᠃
 ᠨᠠᠮᠤᠷ ᠤᠨᠠᠯ᠎ᠠ ᠂
 ᠨᠠᠷᠠ ᠲᠠᠢ ᠪᠡᠨ ᠴᠤᠭ
 ᠨᠠᠪᠴᠢ ᠲᠠᠢ ᠪᠠᠨ ᠴᠤᠭ
      ᠱᠠᠭᠢᠨ ᠤᠨᠠᠯ᠎ᠠ
 ᠨᠠᠷᠠᠰᠤᠨ ᠴᠡᠩᠬᠡᠷ ᠠᠭᠤᠯᠠᠰ ᠦ᠋ᠨ
 ᠣᠷᠣᠢ ᠳᠡᠭᠡᠷ᠎ᠡ
 ᠨᠠᠭᠠᠰᠢᠯᠠᠵᠤ ᠪᠠᠶ᠋ᠢᠬ᠋᠎ᠠ ᠡᠭᠦᠯᠡᠰ ᠦ᠋ᠨ 
 ᠬᠣᠷᠮᠣᠢ ᠳᠡᠭᠡᠷ᠎ᠡ
 ᠨᠠᠷᠠ ᠲᠠᠢ  ᠪᠡᠨ ᠴᠤᠭ
 ᠨᠠᠪᠴᠢ ᠲᠠᠢ  ᠪᠡᠨ ᠴᠤᠭ
      ᠱᠠᠭᠢᠨ ᠤᠨᠠᠯ᠎ᠠ ᠃



ᠢᠷᠡᠯᠲᠡ ᠄  
       ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄  ᠤᠷᠠᠨᠴᠡᠴᠡᠭ
         ᠬᠢᠨᠠᠭᠴᠢ ᠄  ᠪᠠᠶᠠᠷᠴᠡᠴᠡᠭ
            2023 ᠣᠨ ᠪ 3 ᠰᠠᠷ᠎ᠠ ᠶ᠋ᠢᠨ17 ᠪ ᠡᠲᠦᠷ