ᠲᠣᠷᠭᠣᠨ ᠵᠠᠶᠠᠭ᠎ᠠ – ᠷᠠᠳᠨᠠᠪᠠᠽᠠᠷ Торгон заяа – Раднаабазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠷᠭᠣᠨ ᠵᠠᠶᠠᠭ᠎ᠠ – ᠷᠠᠳᠨᠠᠪᠠᠽᠠᠷ Торгон заяа – Раднаабазар

ᠲᠣᠷᠭᠣᠨ ᠵᠠᠶᠠᠭ᠎ᠠ – ᠷᠠᠳᠨᠠᠪᠠᠽᠠᠷ Торгон заяа – Раднаабазар

2023-03-23

283

ᠲᠣᠷᠭᠣᠨ ᠵᠠᠶᠠᠭ᠎ᠠ

           
             ᠷᠠᠤᠠᠨᠠᠪᠠᠽᠠᠷ

     — ᠲᠤᠰᠢᠶᠠᠯ ᠶ᠋ᠢᠠᠨ ᠠᠪᠲᠠᠭᠲᠠᠭᠰᠠᠨ ᠵᠠᠯᠠᠭᠤ  ᠺᠠᠲᠠᠷᠴᠤᠳ ᠊ᠢ ᠦᠵᠡᠭᠡᠳ

    1    ᠬᠢᠯᠢᠰᠲᠡᠯ
 ᠡᠭᠦᠯᠡᠨ ᠳ᠋ᠦ᠍ ᠬᠠᠯᠬᠠᠯᠠᠭᠳᠠᠭᠰᠠᠨ ᠰᠠᠴᠤᠷᠠᠯᠳᠤ ᠨᠠᠷᠠᠨ ᠪᠣᠯᠤᠭᠰᠠᠨ ᠶᠤᠮ
 ᠤᠨᠢᠶᠠᠷ ᠲᠤ᠌ ᠪᠤᠳᠠᠩᠰᠢᠭᠰᠠᠨ ᠲᠤᠩᠭᠠᠯᠠᠭ ᠰᠠᠷᠠᠨ ᠪᠣᠯᠤᠭᠰᠠᠨ ᠶᠤᠮ
 ᠤᠲᠤᠭᠠᠨ ᠳ᠋ᠤ᠌ ᠲᠤᠨᠤᠷᠠᠭᠰᠠᠨ ᠭᠡᠷᠡᠯᠲᠦ ᠣᠳᠣᠨ ᠪᠣᠯᠤᠭᠰᠠᠨ ᠶᠤᠮ
 ᠤᠰᠤᠨ ᠳ᠋ᠤ᠌ ᠵᠢᠪᠦᠭᠰᠡᠨ ᠠᠶᠠᠨ ᠤ᠋ ᠣᠩᠭᠣᠴᠠ ᠪᠣᠯᠤᠭᠰᠠᠨ ᠶᠤᠮ ᠃  

 ᠢᠷ ᠮᠡᠰᠡ ᠨᠢ ᠵᠣᠬᠢᠴᠠᠭᠰᠠᠨ ᠪᠠᠶ᠋ᠢᠯᠲᠤᠭᠠᠨ ᠤ᠋ ᠰᠡᠯᠡᠮ᠎ᠡ ᠪᠠᠶ᠋ᠢᠬᠰᠠᠨ ᠶᠤᠮ 
 ᠢᠳᠡ ᠡᠰᠢ ᠨᠢ ᠳᠠᠩᠨᠠᠭᠰᠠᠨ ᠪᠠᠷᠢᠴᠠ ᠶ᠋ᠢᠨ ᠰᠦᠬᠡ ᠪᠠᠶ᠋ᠢᠬᠰᠠᠨ ᠶᠤᠮ  
 ᠤᠶᠠᠯᠭ᠎ᠠ ᠰᠣᠶ᠋ᠢᠯᠬ᠋᠎ᠠ ᠨᠢ ᠲᠠᠭᠠᠷᠠᠭᠰᠠᠨ ᠤᠷᠤᠯᠳᠤᠭᠠᠨ ᠤ᠋ ᠬᠦᠯᠦᠭ ᠪᠠᠶ᠋ᠢᠬᠰᠠᠨ ᠶᠤᠮ
 ᠤᠭᠠᠯᠭ᠎ᠠ ᠰᠢᠷᠭᠠᠯᠳᠠ ᠨᠢ ᠬᠦᠢᠴᠡᠭᠰᠡᠨ ᠰᠢᠵᠢᠷ ᠠᠯᠲᠠ ᠪᠠᠶ᠋ᠢᠬᠰᠠᠨ ᠶᠤᠮ ᠃  
 
 ᠬᠤᠯᠠᠭᠠᠢ ᠰᠤᠮᠤᠨ ᠳ᠋ᠤ᠌ ᠬᠠᠷᠪᠤᠭᠳᠠᠭᠰᠠᠨ ᠰᠠᠢᠨ ᠵᠠᠩᠵᠤᠨ ᠪᠣᠯᠤᠭ᠎ᠠ ᠶᠤᠮ 
 ᠬᠣᠪᠴᠢ ᠦᠭᠡᠨ ᠳ᠋ᠦ᠍ ᠬᠣᠣᠷᠳᠠᠭᠳᠠᠭᠰᠠᠨ ᠰᠢᠯᠢᠳᠡᠭ ᠰᠠᠶ᠋ᠢᠳ ᠪᠣᠯᠤᠭ᠎ᠠ ᠶᠤᠮ 
 ᠬᠤᠯᠵᠢᠨ ᠨᠣᠶᠠᠨ ᠳ᠋ᠤ᠌  ᠬᠡᠦᠳᠡᠢᠯᠡᠭᠳᠡᠭᠰᠡᠨ ᠴᠢᠬᠡᠴᠢ ᠸᠠᠩ ᠪᠣᠯᠤᠭ᠎ᠠ ᠶᠤᠮ 
 ᠬᠤᠶ᠋ᠢᠬᠤᠷ ᠡᠲᠡᠭᠡᠳ ᠲᠦ᠍ ᠬᠤᠤᠪᠢᠯᠳᠤᠭᠳᠠᠭᠰᠠᠨ ᠴᠡᠴᠡᠨ ᠬᠦᠩ ᠪᠣᠯᠤᠭ᠎ᠠ ᠶᠤᠮ  

 ᠬᠠᠪᠤᠷ ᠢ᠋ᠶ᠋ᠠᠨ ᠳᠠᠭᠤᠰᠬᠤ ᠠ᠋ᠴᠠ ᠡᠮᠦᠨ᠎ᠡ ᠵᠤᠯᠭᠠᠷᠠᠴᠢᠬᠠᠭᠰᠠᠨ ᠰᠣᠷᠭᠣᠭ ᠴᠡᠴᠡᠭ 
 ᠬᠢᠷᠠᠭᠤ ᠤᠨᠠᠬᠤ ᠠ᠋ᠴᠠ ᠡᠮᠦᠨ᠎ᠡ ᠬᠤᠪᠠᠬᠠᠶ᠋ᠢᠷᠠᠴᠢᠬᠠᠭᠰᠠᠨ ᠪᠤᠯᠪᠠᠷᠠᠢ ᠨᠠᠪᠴᠢ
 ᠲᠠᠩᠭᠢᠰ ᠬᠦᠷᠬᠦ ᠡᠴᠡ ᠡᠮᠦᠨ᠎ᠡ ᠲᠠᠰᠤᠷᠠᠴᠢᠬᠠᠭᠰᠠᠨ ᠭᠣᠣᠯ ᠤ᠋ᠨ ᠤᠰᠤ
 ᠲᠠᠯᠠᠪᠠᠢ ᠳ᠋ᠤ᠌ ᠣᠷᠣᠬᠤ ᠠ᠋ᠴᠠ ᠡᠮᠦᠨ᠎ᠡ ᠲᠠᠭᠯᠠᠷᠠᠴᠢᠬᠠᠭᠰᠠᠨ ᠠᠪᠤᠷᠭᠤ ᠲᠠᠮᠢᠷᠴᠢᠨ ᠃ 

 ᠦᠨᠡᠨ ᠢ᠋ᠶ᠋ᠡᠨ ᠬᠡᠯᠡᠵᠦ ᠪᠡᠯᠡᠨ ᠢ᠋ᠶ᠋ᠡᠨ  ᠢᠳᠡᠭᠰᠡᠨ ᠰᠢᠳᠤᠷᠭᠤ ᠬᠥᠮᠦᠨ 
 ᠦᠬᠡᠷ ᠲᠡᠷᠭᠡ ᠪᠡᠷ ᠲᠠᠤᠯᠠᠢ  ᠨᠡᠬᠡᠭᠰᠡᠨ ᠦᠨᠡᠨᠴᠢ ᠬᠥᠮᠦᠨ
 ᠵᠣᠭᠣᠰ ᠦᠭᠡᠢ ᠬᠥᠮᠦᠨ ᠴᠦ᠍ ᠦᠭᠡᠢ ᠶᠠᠳᠠᠭᠤ ᠬᠥᠮᠦᠨ
 ᠵᠠᠶᠠᠭ᠎ᠠ ᠪᠠᠨ ᠬᠦᠯᠢᠶᠡᠵᠦ ᠬᠡᠭᠡᠷ᠎ᠡ ᠬᠣᠨᠣᠭᠰᠠᠨ ᠬᠥᠭᠡᠷᠦᠬᠦᠢ ᠬᠥᠮᠦᠨ ᠃  

    2     ᠱ᠌ᠢᠷᠦ  
 ᠡᠷᠳᠡᠮ ᠦᠭᠡᠢ ᠡᠷᠭᠦᠭᠦᠯᠲᠡ ᠪᠡᠷ ᠭᠠᠷᠤᠭᠰᠠᠨ ᠡᠷᠬᠢᠯᠡᠭᠴᠢ
 ᠰᠣᠶᠣᠯ ᠦᠭᠡᠢ ᠰᠣᠩᠭᠣᠯᠲᠠ ᠪᠠᠷ ᠭᠠᠷᠤᠭᠰᠠᠨ ᠳᠠᠷᠤᠭ᠎ᠠ
 ᠪᠢᠴᠢᠭ ᠦᠭᠡᠢ ᠬᠠᠬᠤᠤᠯᠢ ᠪᠠᠷ ᠭᠠᠷᠤᠭᠰᠠᠨ ᠳᠠᠭᠠᠭᠠᠮᠠᠯ
 ᠪᠢᠯᠢᠭ ᠦᠭᠡᠢ ᠪᠢᠯᠳᠠᠤᠴᠢ ᠪᠠᠷ ᠭᠠᠷᠤᠭᠰᠠᠨ ᠨᠣᠶᠠᠨ ᠃  

 ᠵᠣᠭᠣᠰ ᠊ᠢ ᠯᠡ ᠮᠡᠳᠡᠵᠦ ᠵᠢᠷᠤᠮ ᠊ᠢ ᠮᠡᠳᠡᠬᠦ ᠦᠭᠡᠢ ᠠᠵᠢᠯᠲᠠᠨ
 ᠠᠯᠲᠠ ᠶ᠋ᠢ ᠯᠡ ᠲᠠᠨᠢᠵᠤ ᠠᠷᠠᠳ ᠊ᠢ ᠲᠠᠨᠢᠬᠤ ᠦᠭᠡᠢ ᠠᠯᠪᠠᠲᠠᠨ
 ᠵᠡᠷᠭᠡ ᠶ᠋ᠢ ᠬᠥᠭᠡᠭᠡᠴᠡᠯᠳᠦᠵᠦ ᠵᠠᠰᠠᠭ ᠊ᠢ ᠣᠭᠣᠷᠳᠠᠭ ᠺᠠᠲᠠᠷ
 ᠡᠷᠬᠡ ᠶ᠋ᠢ ᠯᠡ ᠠᠳᠬᠤᠵᠤ ᠬᠠᠤᠯᠢ ᠶ᠋ᠢ ᠲᠡᠪᠴᠢᠳᠡᠭ ᠲᠦᠰᠢᠮᠡᠯ ᠃ 

 ᠥᠩᠭᠡᠨ ᠳ᠋ᠦ᠍ ᠤᠨᠠᠵᠤ ᠳᠡᠷᠡᠰᠦᠨ ᠳ᠋ᠦ᠍ ᠰᠢᠨᠤᠭᠰᠠᠨ ᠬᠥᠮᠦᠨ 
 ᠥᠪᠡᠷ ᠊ᠢ ᠪᠡᠨ ᠪᠣᠷᠳᠣᠵᠤ ᠤᠯᠤᠰ ᠊ᠢ ᠬᠣᠬᠢᠷᠠᠭᠤᠯᠤᠭᠰᠠᠨ ᠬᠥᠮᠦᠨ
 ᠬᠠᠮᠤᠭ ᠊ᠢ ᠮᠡᠬᠡᠯᠡᠵᠦ ᠣᠷᠣ  ᠡᠵᠡᠯᠡᠭᠰᠡᠨ ᠬᠥᠮᠦᠨ
 ᠬᠥᠮᠦᠨ ᠢ᠋ᠶ᠋ᠡᠨ ᠭᠡᠭᠡᠵᠦ ᠰᠢᠪᠰᠢᠭ ᠪᠣᠯᠤᠭᠰᠠᠨ ᠬᠥᠮᠦᠨ ᠃  

   3   ᠬᠣᠶ᠋ᠢᠰᠢᠲᠠ 
 ᠥᠯᠥᠩ ᠳ᠋ᠦ᠍ ᠬᠡᠪᠲᠡᠭᠡ ᠥᠯᠥᠨ ᠪᠠᠷᠰ 
 ᠤᠰᠤᠨ ᠳ᠋ᠤ᠌ ᠨᠢᠭᠤᠭᠳᠠᠭ᠎ᠠ ᠳᠠᠪᠵᠠᠨ ᠮᠠᠲᠠᠷ 
 ᠠᠩᠭᠠᠵᠤ ᠬᠠᠲᠠᠭᠰᠠᠨ ᠬᠦᠳᠡᠷ ᠵᠠᠭᠠᠨ
 ᠠᠩ ᠳ᠋ᠤ᠌ ᠬᠣᠪᠳᠣᠭᠯᠠᠭᠰᠠᠨ ᠳᠡᠰ ᠪᠦᠷᠭᠦᠳ ᠃ 

 ᠨᠠᠪᠴᠢᠨ ᠳᠣᠣᠭᠤᠷ ᠤᠷᠤᠰᠤᠭ᠎ᠠ ᠤᠰᠤ
 ᠨᠣᠪᠴᠢᠨ ᠳᠣᠣᠷ᠎ᠠ ᠨᠢᠭᠤᠭᠳᠠᠭ᠎ᠠ ᠵᠠᠩᠭᠤᠤ
 ᠨᠤᠷᠮᠠᠨ ᠳᠣᠲᠣᠷ᠎ᠠ ᠪᠤᠯᠠᠭᠳᠠᠭ᠎ᠠ ᠭᠠᠯ 
 ᠨᠢᠭᠤᠴᠠ ᠳᠠᠯᠳᠠ ᠨᠣᠴᠣᠭ᠎ᠠ ᠮᠢᠨ᠎ᠠ ᠃  

 ᠬᠠᠨᠢᠶᠠᠳᠤ ᠬᠠᠭᠰᠢᠯᠲᠠ ᠲᠠᠢ ᠪᠠᠶᠠᠰᠤᠯ ᠵᠢᠷᠭᠠᠯ 
 ᠬᠠᠷᠠᠰᠠᠯ ᠬᠣᠷᠣᠰᠤᠯᠲᠠ ᠲᠠᠢ ᠠᠮᠢᠳᠤᠷᠠᠯ ᠣᠨᠳᠣᠷᠣᠯ 
 ᠨᠢᠰᠦ ᠨᠢᠯᠪᠤᠰᠤ ᠲᠠᠢ ᠮᠦᠰᠢᠶᠡᠳᠦ ᠢᠨᠢᠶᠡᠳᠦ
 ᠨᠠᠰᠤᠨ ᠲᠤᠷᠰᠢᠬᠢ ᠭᠣᠷᠢᠳᠠᠯ ᠭᠣᠮᠣᠳᠠᠯ ᠃ 

   ᠦᠰᠦᠭ ᠠᠮᠢᠯᠠᠭᠤᠯᠤᠭᠴᠢ · ᠪᠠᠶᠠᠨᠰᠡᠷᠡᠩ
        ᠬᠢᠨᠠᠭᠴᠢ ᠪᠠᠭᠰᠢ · ᠣᠤᠠᠬᠠᠨᠰᠣ᠎ᠠ