ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠴᠠ ᠵᠠ ᠶᠠ ᠷᠠ ᠸᠠ ᠠᠢᠮᠠᠭ Монгол үсэг молор эрдэнэ-дүрс ойролцоо үгс ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠴᠠ ᠵᠠ ᠶᠠ ᠷᠠ ᠸᠠ ᠠᠢᠮᠠᠭ Монгол үсэг молор эрдэнэ-дүрс ойролцоо үгс

ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠴᠠ ᠵᠠ ᠶᠠ ᠷᠠ ᠸᠠ ᠠᠢᠮᠠᠭ Монгол үсэг молор эрдэнэ-дүрс ойролцоо үгс

2023-03-23

469

ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠴᠠ ᠵᠠ ᠶᠠ ᠷᠠ ᠸᠠ ᠠᠢᠮᠠᠭ

ᠴᠠ ᠵᠠ ᠶᠠ ᠷᠠ ᠸᠠ ᠠᠢᠮᠠᠭ

ᠴᠠᠪᠠ ᠬᠢᠭᠡᠳ ᠴᠠᠪ

ᠱᠠᠵᠠᠩ ᠰᠠᠪᠠ

ᠴᠠᠪᠠ ᠭᠠᠷᠳᠠᠭ ᠂

ᠰᠠᠨᠸᠠᠷᠲᠠᠨ ᠯᠠᠮ᠎ᠠ

ᠴᠠᠪ ᠵᠣᠭᠣᠭᠯᠠᠳᠠᠭ ᠃

ᠴᠠᠬᠠᠯᠠᠢ ᠬᠢᠭᠡᠳ ᠴᠠᠬᠤᠯᠠᠢ

ᠴᠠᠬᠠᠯᠠᠢ ᠡᠪᠡᠳᠴᠢᠨ ᠳᠡᠯᠭᠡᠷᠡᠭᠡᠳ

ᠮᠠᠯ ᠤ᠋ᠨ ᠦᠰᠦ ᠬᠠᠯᠴᠠᠭᠠᠢᠷᠠᠪᠠ ᠂

ᠴᠠᠬᠤᠯᠠᠢ ᠰᠢᠪᠠᠭᠤ ᠨᠢᠰᠦᠭᠡᠳ

ᠭᠣᠣᠯ ᠤ᠋ᠨ ᠤᠰᠤᠨ ᠳ᠋ᠤ᠌ ᠰᠠᠭᠤᠪᠠ ᠃

ᠴᠠᠬᠢᠷᠮ᠎ᠠ ᠬᠢᠭᠡᠳ ᠴᠢᠬᠠᠷᠠᠮ᠎ᠠ

ᠬᠠᠪᠤᠷ ᠴᠠᠭ ᠤ᠋ᠨ

ᠴᠠᠬᠢᠷᠮ᠎ᠠ ᠴᠡᠴᠡᠭ ᠂

ᠬᠠᠬᠢᠷ ᠡᠪᠦᠯ ᠦ᠋ᠨ

ᠴᠢᠬᠠᠷᠠᠮ᠎ᠠ ᠬᠦᠢᠲᠡᠨ ᠃

ᠴᠠᠭ ᠬᠢᠭᠡᠳ ᠴᠠᠭ᠎ᠠ

ᠴᠠᠭ ᠴᠠᠭ ᠢ᠋ᠶ᠋ᠠᠷ ᠢ᠋ᠶ᠋ᠠᠨ ᠪᠠᠢᠳᠠᠭ ᠦᠭᠡᠢ

ᠴᠠᠬᠢᠯᠳᠠᠭ ᠬᠥᠬᠡ ᠪᠡᠷ ᠢ᠋ᠶ᠋ᠡᠨ ᠪᠠᠢᠳᠠᠭ ᠦᠭᠡᠢ ᠂

ᠴᠡᠴᠡᠭᠲᠦ ᠵᠤᠨ ᠮᠦᠰᠢᠶᠡᠭᠡᠳ ᠢᠷᠡᠯ᠎ᠡ

ᠴᠠᠭ᠎ᠠ ᠠᠢᠷᠠᠭ ᠬᠥᠭᠡᠰᠦᠷᠡᠭᠡᠳ ᠢᠷᠡᠯ᠎ᠡ ᠃

ᠴᠠᠭ᠎ᠠ ᠬᠢᠭᠡᠳ ᠴᠡᠬᠡ

ᠭᠠᠯ ᠢ᠋ᠶ᠋ᠠᠷ ᠪᠤᠴᠠᠯᠭᠠᠭᠰᠠᠨ ᠠᠢᠷᠠᠭ ᠊ᠢ

ᠲᠣᠳᠣᠷᠬᠠᠢ ᠨᠡᠷᠡᠯᠡᠪᠡᠯ ᠴᠠᠭ᠎ᠠ ᠭᠡᠨ᠎ᠡ ᠂

ᠭᠡᠭᠦᠦ ᠶ᠋ᠢᠨ ᠰᠦᠨ ᠦ᠌ ᠠᠢᠷᠠᠭ ᠊ᠢ

ᠲᠤᠰᠬᠠᠢ ᠬᠡᠯᠡᠪᠡᠯ ᠴᠡᠬᠡ ᠭᠡᠨ᠎ᠡ ᠃

ᠴᠠᠭᠠᠨ ᠬᠢᠭᠡᠳ ᠴᠡᠭᠡᠨ

ᠴᠠᠰᠤ ᠴᠠᠭᠠᠨ ᠮᠥᠷ ᠲᠡᠢ

ᠴᠠᠢᠯᠭᠠᠨ ᠰᠠᠢᠬᠠᠨ ᠵᠠᠩ ᠲᠠᠢ ᠂

ᠴᠠᠢᠪᠤᠷ ᠤᠯᠠᠭᠠᠨ ᠨᠢᠭᠤᠷ ᠲᠠᠢ

ᠴᠠᠬᠢᠯᠬᠤ ᠴᠡᠭᠡᠨ ᠨᠢᠳᠦ ᠲᠡᠢ ᠃

ᠴᠠᠭᠠᠨ ᠬᠢᠭᠡᠳ ᠴᠠᠭᠠᠨ᠎ᠠ

ᠴᠠᠭᠠᠨ ᠬᠣᠨᠢᠳ

ᠨᠠᠭᠠᠨ᠎ᠠ ᠨᠢ ᠪᠡᠯᠴᠢᠬᠦ ᠳ᠋ᠦ᠍ ᠂

ᠴᠢᠷᠮ᠎ᠡ ᠬᠡᠦᠬᠡᠨ

ᠴᠠᠭᠠᠨ᠎ᠠ ᠨᠢ ᠨᠠᠭᠠᠳᠤᠨ᠎ᠠ ᠃

ᠴᠠᠭᠠᠰᠤ ᠬᠢᠭᠡᠳ ᠴᠠᠰᠤ

ᠦᠰᠦᠭ ᠪᠢᠴᠢᠭ ᠳᠤᠷᠠᠢᠭᠰᠠᠨ

ᠥᠩᠭᠡ ᠭᠢᠯᠲᠠᠭᠠᠨᠠᠮ᠎ᠠ ᠴᠠᠭᠠᠰᠤ ᠂

ᠦᠬᠡᠷ ᠦ᠋ᠨ ᠮᠥᠷ ᠂ ᠵᠤᠷᠠᠢᠬᠰᠠᠨ

ᠡᠪᠦᠯ ᠦ᠋ᠨ ᠴᠠᠢᠯᠵᠠᠮ᠎ᠠ ᠴᠠᠰᠤ ᠂

ᠴᠠᠮᠴᠠ ᠬᠢᠭᠡᠳ ᠴᠠᠮᠴᠢ

ᠴᠡᠩᠬᠡᠷ ᠪᠣᠷᠣ

ᠴᠠᠮᠴᠠ ᠡᠮᠦᠰᠦᠭᠡᠳ

ᠴᠠᠮ ᠬᠠᠷᠠᠢᠲᠠᠭ

ᠴᠠᠮᠴᠢ ᠢᠷᠡᠯ᠎ᠡ ᠃

ᠴᠠᠳᠬᠤ ᠬᠢᠭᠡᠳ ᠴᠢᠳᠠᠬᠤ

ᠥᠷᠥᠮ᠎ᠡ ᠲᠡᠢ ᠬᠣᠭᠣᠯᠠ

ᠢᠳᠡᠭᠡᠳ ᠴᠠᠳᠬᠤ ᠂

ᠦᠢᠯᠡ ᠤᠲᠠᠰᠤ

ᠣᠶᠣᠭᠠᠳ ᠴᠢᠳᠠᠬᠤ ᠃

ᠴᠠᠭ ᠬᠢᠭᠡᠳ ᠴᠢᠭ

ᠥᠭᠦᠯᠡᠪᠦᠷᠢ ᠵᠣᠬᠢᠶᠠᠵᠤ ᠨᠠᠢᠷᠠᠭᠤᠯᠬᠤ ᠳ᠋ᠤ᠌

ᠴᠠᠭ ᠲᠡᠮᠳᠡᠭ ᠴᠢᠬᠤᠯᠠ ᠂

ᠦᠷᠭᠦᠯᠵᠢ ᠠᠶᠠᠨ ᠬᠥᠭᠡᠭᠡᠬᠦ ᠳ᠋ᠦ᠍

ᠵᠦᠭ ᠴᠢᠭ ᠴᠢᠬᠤᠯᠠ ᠃

ᠴᠡᠭᠡᠨ ᠬᠢᠭᠡᠳ ᠴᠡᠬᠡ

ᠴᠠᠬᠢᠯᠭᠠᠨ ᠳ᠋ᠧᠩ ᠦ᠋ᠨ ᠭᠡᠷᠡᠯ ᠨᠢ

ᠴᠡᠭᠡᠨ ᠲᠤᠶᠠᠭ᠎ᠠ ᠰᠠᠴᠤᠷᠠᠨ᠎ᠠ ᠂

ᠴᠠᠢᠯᠭᠠᠨ ᠰᠡᠳᠬᠢᠯ ᠲᠡᠢ ᠡᠵᠢ ᠮᠢᠨᠢ

ᠴᠡᠭᠡ ᠠᠢᠷᠠᠭ ᠨᠡᠷᠡᠨ᠎ᠡ ᠃

ᠴᠢᠨᠰᠠᠭ᠎ᠠ ᠬᠢᠭᠡᠳ ᠴᠢᠨᠳᠠᠭ᠎ᠠ

ᠰᠠᠢᠨ ᠵᠣᠬᠢᠶᠠᠯ ᠳ᠋ᠤ᠌

ᠴᠢᠨᠠᠷ ᠴᠢᠨᠰᠠᠭ᠎ᠠ ᠲᠠᠢ ᠂ ᠰᠠᠷᠠᠨ ᠳᠣᠲᠣᠷ᠎ᠠ

ᠴᠢᠨᠳᠠᠭ᠎ᠠ ᠲᠠᠤᠯᠠᠢ ᠲᠠᠢ ᠃

ᠴᠢᠪᠠᠭ᠎ᠠ ᠬᠢᠭᠡᠳ ᠴᠠᠪᠤᠭ

ᠮᠣᠳᠣᠨ ᠳ᠋ᠤ᠌ ᠰᠠᠭᠤᠳᠠᠭ ᠴᠢᠪᠠᠭ᠎ᠠ ᠶ᠋ᠢ

ᠨᠢᠭᠡᠳ ᠨᠢᠭᠡ ᠪᠡᠷ ᠲᠡᠭᠦᠭᠡᠳ ᠂

ᠮᠣᠩᠭᠣᠯ ᠭᠡᠷ ᠦ᠋ᠨ ᠴᠠᠪᠤᠭ ᠲᠠᠭᠠᠨ

ᠨᠢᠭᠤᠵᠤ ᠲᠠᠯᠪᠢᠪᠠ ᠃

ᠴᠢᠬᠡ ᠬᠢᠭᠡᠳ ᠴᠢᠬᠢ

ᠴᠢᠬᠡ ᠰᠢᠯᠤᠭᠤᠨ

ᠵᠠᠩ ᠰᠠᠢᠬᠠᠨ ᠂

ᠴᠢᠬᠢ ᠨᠢᠳᠦ

ᠬᠤᠷᠴᠠ ᠰᠠᠢᠬᠠᠨ ᠃

ᠴᠢᠬᠤᠯ ᠬᠢᠭᠡᠳ ᠴᠢᠬᠤᠯᠠ

ᠴᠢᠬᠤᠯ ᠭᠡᠷ

ᠪᠠᠭᠲᠠᠭᠠᠮᠵᠢ ᠪᠠᠭ᠎ᠠ ᠂

ᠴᠢᠬᠤᠯᠠ ᠶᠠᠪᠤᠳᠠᠯ

ᠪᠠᠴᠢᠮ ᠶᠠᠭᠠᠷᠠᠤ ᠃

ᠴᠢᠭᠢᠭ ᠬᠢᠭᠡᠳ ᠴᠢᠬᠢ

ᠴᠡᠴᠡᠭ ᠦ᠋ᠨ ᠮᠦᠰᠢᠶᠡᠳᠦ ᠲᠡᠢ ᠨᠤᠲᠤᠭ

ᠴᠢᠭᠢᠭ ᠦ᠋ᠨ ᠰᠡᠩᠭᠢᠨᠡᠭᠡ ᠲᠡᠢ ᠠᠭᠠᠷ

ᠴᠢᠬᠢ ᠶ᠋ᠢᠨ ᠰᠡᠷᠪᠡᠯᠵᠡᠭᠡᠨ ᠲᠡᠢ ᠬᠥᠷᠥᠰᠥ

ᠴᠢᠮᠡᠭ ᠦ᠋ᠨ ᠳᠡᠯᠭᠡᠴᠡ ᠲᠡᠢ ᠣᠷᠣᠨ

ᠴᠢᠭᠲᠠᠭ᠎ᠠ ᠬᠢᠭᠡᠳ ᠴᠠᠭᠳᠠᠭ᠎ᠠ

ᠮᠣᠩᠭᠣᠯ ᠭᠡᠷ ᠦ᠋ᠨ ᠴᠢᠭᠲᠠᠭ᠎ᠠ

ᠮᠣᠯᠣᠷ ᠡᠷᠳᠡᠨᠢ ᠶ᠋ᠢᠨ ᠣᠭᠣᠰᠣᠷ ᠂

ᠮᠡᠨᠳᠦ ᠠᠮᠤᠭᠤᠯᠠᠩ ᠊ᠢ ᠬᠠᠮᠠᠭᠠᠯᠠᠳᠠᠭ

ᠮᠠᠨ ᠤ᠋ ᠴᠠᠭᠳᠠᠭ᠎ᠠ ᠭᠠᠪᠢᠶᠠᠲᠠᠢ ᠃

ᠴᠢᠮᠡᠭ ᠬᠢᠭᠡᠳ ᠴᠢᠮᠡᠭᠡ

ᠰᠣᠶᠣᠯ ᠮᠡᠳᠡᠯᠭᠡ

ᠣᠶᠤᠨ ᠤ᠋ ᠴᠢᠮᠡᠭ ᠂

ᠰᠤᠷᠠᠭ ᠴᠢᠮᠡᠭᠡ

ᠣᠳᠣᠬᠢᠴᠢᠯᠠᠯᠲᠠ ᠶ᠋ᠢᠨ ᠵᠢᠭᠦᠷ ᠃

ᠴᠢᠮᠡᠭᠡ ᠬᠢᠭᠡᠳ ᠴᠢᠮᠥᠭᠡ

ᠠᠯᠤᠰ ᠲᠤ᠌ ᠪᠠᠢᠭ᠎ᠠ ᠠᠬ᠎ᠠ ᠳ᠋ᠠᠭᠠᠨ

ᠵᠠᠬᠢᠳᠠᠯ ᠴᠢᠮᠡᠭᠡ ᠪᠢᠴᠢᠨ᠎ᠡ ᠂

ᠠᠷᠢᠶᠠᠲᠠᠨ ᠠᠮᠢᠲᠠᠨ ᠪᠦᠬᠦᠨ ᠳ᠋ᠦ᠍

ᠶᠠᠰᠤ ᠴᠢᠮᠥᠭᠡ ᠪᠠᠢᠨ᠎ᠠ ᠃

ᠴᠢᠮᠡᠭᠡ ᠬᠢᠭᠡᠳ ᠴᠢᠮᠡᠭᠡᠯᠡᠯ

ᠰᠤᠷᠠᠭ ᠴᠢᠮᠡᠭᠡ ᠴᠢᠩᠨᠠᠭᠠᠳ

ᠠᠪᠤ ᠨᠢ ᠬᠦᠯᠢᠶᠡᠵᠦ ᠰᠠᠭᠤᠨ᠎ᠠ ᠳᠠ ᠂

ᠰᠣᠨᠢᠨ ᠳ᠋ᠤ᠌ ᠴᠢᠮᠡᠭᠡᠯᠡᠯ

ᠪᠢᠴᠢᠭᠡᠳ

ᠬᠦᠦ ᠨᠢ ᠶᠠᠭᠠᠷᠠᠵᠤ ᠶᠠᠪᠤᠨ᠎ᠠ ᠳᠠ ᠃

ᠴᠢᠯᠠᠭᠤᠲᠤᠵᠤ ᠬᠢᠭᠡᠳ ᠴᠢᠯᠠᠭᠤᠳᠠᠵᠤ

ᠴᠢᠯᠠᠭᠤᠲᠤᠵᠤ ᠬᠠᠲᠠᠭᠤᠷᠠᠭᠰᠠᠨ

ᠡᠳ᠋ ᠪᠣᠳᠠᠰ ᠊ᠢ

ᠴᠢᠯᠠᠭᠤᠳᠠᠵᠤ ᠬᠠᠶᠠᠪᠠᠴᠤ

ᠮᠡᠳᠡᠬᠦ ᠦᠭᠡᠢ ᠃

ᠴᠢᠯᠡᠭᠡ ᠬᠢᠭᠡᠳ ᠴᠢᠯᠥᠭᠡ

ᠴᠢᠯᠡᠭᠡ ᠴᠢᠯᠡᠭᠡ

ᠪᠡᠶ᠎ᠡ ᠶ᠋ᠢᠨ ᠴᠢᠯᠡᠭᠡ ᠂

ᠴᠢᠯᠥᠭᠡ ᠴᠢᠯᠥᠭᠡ

ᠵᠠᠪ ᠴᠢᠯᠥᠭᠡ ᠃

ᠴᠢᠰᠤ ᠬᠢᠭᠡᠳ ᠴᠠᠰᠤ

ᠬᠥᠮᠦᠨ ᠦ᠌ ᠪᠡᠶ᠎ᠡ ᠶ᠋ᠢᠨ

ᠤᠯᠠᠭᠠᠨ ᠴᠢᠰᠤ ᠂

ᠬᠥᠬᠡᠭᠡ ᠡᠪᠦᠯ ᠦ᠋ᠨ

ᠴᠠᠭᠠᠨ ᠴᠠᠰᠤ ᠃

ᠴᠢᠷᠭ᠎ᠠ ᠬᠢᠭᠡᠳ ᠴᠠᠷᠠᠭ᠎ᠠ

ᠴᠢᠷᠭ᠎ᠠ ᠲᠡᠷᠭᠡ ᠵᠣᠬᠢᠶᠠᠭᠠᠳ

ᠴᠠᠰᠤᠨ ᠳᠡᠭᠡᠭᠦᠷ ᠭᠤᠯᠭᠤᠳᠠᠭ ᠰᠠᠨ ᠂

ᠴᠠᠷᠠᠭ᠎ᠠ ᠱᠤᠭᠤᠮ ᠲᠠᠲᠠᠭᠠᠳ

ᠴᠢᠪᠢᠯᠲᠦ ᠲᠦᠢᠮᠡᠷ ᠊ᠢ ᠰᠡᠷᠭᠡᠢᠯᠡᠲᠡᠭ᠋ ᠰᠠᠨ ᠃

ᠴᠣᠪᠣᠭᠣ ᠬᠢᠭᠡᠳ ᠴᠤᠪᠤᠭ᠎ᠠ

ᠴᠣᠪᠣᠭᠣ ᠰᠡᠷᠭᠦᠯᠡᠩ ᠴᠣᠭ

ᠴᠣᠬᠣᠷ ᠮᠣᠷᠢ ᠪᠠᠨ ᠤᠨᠤᠵᠤ ᠂

ᠴᠤᠪᠤᠭ᠎ᠠ ᠵᠠᠮ ᠊ᠢ ᠡᠯᠭᠦᠭᠡᠳ

ᠴᠤᠭᠯᠠᠭ᠎ᠠ ᠣᠷᠣᠬᠤ ᠪᠠᠷ ᠶᠠᠪᠤᠪᠠ ᠃

ᠴᠣᠭ ᠬᠢᠭᠡᠳ ᠱᠣᠭ

ᠮᠠᠨ ᠤ᠋ ᠨᠥᠬᠥᠳ

ᠴᠣᠭ ᠰᠦᠯᠳᠡ ᠲᠡᠢ ᠂

ᠮᠠᠰᠢ ᠰᠠᠢᠬᠠᠨ

ᠱᠣᠭ ᠨᠠᠭᠠᠳᠤᠮ ᠲᠠᠢ ᠃

ᠴᠣᠯᠠ ᠬᠢᠭᠡᠳ ᠴᠤᠯᠤ

ᠪᠠᠭᠠᠲᠤᠷ ᠴᠣᠯᠠ ᠪᠠᠨ

ᠪᠠᠳᠠᠷᠠᠭᠤᠯᠵᠤ ᠶᠠᠪᠤᠨ᠎ᠠ ᠂

ᠪᠡᠶ᠎ᠡ ᠶ᠋ᠢᠨ ᠴᠤᠯᠤ ᠪᠠᠨ

ᠬᠠᠮᠠᠭᠠᠯᠠᠵᠤ ᠶᠠᠪᠤᠨ᠎ᠠ ᠃

ᠴᠣᠷᠪᠣ ᠬᠢᠭᠡᠳ ᠴᠤᠷᠪᠠ

ᠲᠥᠯ ᠮᠠᠯ ᠤ᠋ᠨ ᠳᠡᠭᠡᠳᠦ ᠤᠷᠤᠭᠤᠯ ᠊ᠢ

ᠶᠠᠷᠢᠶᠠᠨ ᠤ᠋ ᠬᠡᠯᠡᠯᠭᠡ ᠳ᠋ᠦ᠍ ᠴᠣᠷᠪᠣ ᠭᠡᠵᠦ ᠂

ᠲᠦᠢᠮᠡᠷ ᠲᠦ᠍ ᠰᠢᠲᠠᠭᠳᠠᠭᠰᠠᠨ ᠣᠷᠣᠮ ᠊ᠢ

ᠶᠡᠷᠦ ᠶ᠋ᠢᠨ ᠦᠭᠡᠨ ᠳ᠋ᠦ᠍ ᠴᠤᠷᠪᠠ ᠭᠡᠨ᠎ᠡ ᠃

ᠴᠤᠪᠤᠷᠠᠬᠤ ᠬᠢᠭᠡᠳ ᠴᠤᠪᠤᠷᠢᠬᠤ

ᠤᠨᠤᠭ᠎ᠠ ᠮᠠᠯ ᠴᠢᠨᠢ

ᠣᠯᠣᠮ ᠵᠦᠭ ᠴᠤᠪᠤᠷᠠᠬᠤ ᠶᠤᠮ ᠂

ᠤᠨᠠᠭᠠᠭᠰᠠᠨ ᠨᠢᠯᠪᠤᠰᠤ ᠴᠢᠨᠢ

ᠬᠠᠴᠠᠷ ᠊ᠢ ᠳᠠᠭᠠᠭᠠᠭᠠᠳ ᠴᠤᠪᠤᠷᠢᠬᠤ ᠶᠤᠮ ᠃

ᠴᠣᠭᠣᠷ ᠬᠢᠭᠡᠳ ᠴᠣᠬᠣᠷ

ᠴᠣᠭᠣᠷ ᠤ᠋ᠨ ᠬᠦᠩᠭᠢᠨᠡᠮ᠎ᠡ ᠡᠭᠡᠰᠢᠭ ᠢ᠋ᠶ᠋ᠡᠨ

ᠴᠣᠯᠮᠣᠨ ᠭᠠᠷᠲᠠᠯ᠎ᠠ ᠲᠠᠲᠠᠶ᠎ᠠ ᠂

ᠴᠣᠬᠣᠷ ᠬᠦᠯᠦᠭ ᠮᠣᠷᠢ ᠪᠠᠨ

ᠴᠣᠪᠬᠤᠴᠡᠨ ᠦᠦᠷᠰᠡᠲᠡᠯ᠎ᠡ ᠰᠣᠢᠶ᠎ᠠ ᠃

ᠴᠥᠬᠥᠷᠡᠬᠦ ᠬᠢᠭᠡᠳ ᠴᠥᠭᠡᠷᠡᠬᠦ

ᠤᠷᠮ᠎ᠠ ᠬᠤᠭᠤᠷᠠᠵᠤ

ᠴᠥᠬᠥᠷᠡᠬᠦ ᠶ᠋ᠢ ᠰᠡᠷᠭᠡᠢᠯᠡ ᠂

ᠣᠯᠠᠨ ᠠ᠋ᠴᠠ ᠰᠠᠯᠵᠤ

ᠴᠥᠭᠡᠷᠡᠬᠦ ᠶ᠋ᠢ ᠬᠢᠴᠢᠶᠡ ᠃

ᠴᠥᠭᠥᠴᠡ ᠬᠢᠭᠡᠳ ᠴᠦᠴᠡ

ᠠᠪᠠᠭ᠎ᠠ ᠮᠠᠮᠠ ᠶ᠋ᠢᠨ ᠳ᠋ᠦ᠍

ᠠᠯᠲᠠᠨ ᠴᠥᠭᠥᠴᠡ ᠲᠡᠢ ᠂

ᠮᠠᠨ ᠤ᠋ ᠠᠬ᠎ᠠ ᠶ᠋ᠢᠨ ᠳ᠋ᠦ᠍

ᠮᠣᠳᠣᠨ ᠤ᠋ ᠴᠦᠴᠡ ᠲᠡᠢ ᠃

ᠴᠥᠮ᠎ᠡ ᠬᠢᠭᠡᠳ ᠴᠥᠮ

ᠴᠥᠮ᠎ᠡ ᠶ᠋ᠢᠨ ᠵᠡᠪᠰᠡᠭ

ᠰᠦᠷᠡᠬᠡᠢ ᠠᠶᠤᠯ ᠲᠠᠢ ᠂

ᠴᠥᠮ ᠪᠦᠭᠦᠳᠡᠭᠡᠷ ᠢ᠋ᠶ᠋ᠡᠨ

ᠰᠡᠷᠭᠡᠢᠯᠡᠬᠦ ᠴᠢᠬᠤᠯᠠ ᠲᠠᠢ ᠃

ᠵᠠᠢᠯᠵᠤ ᠬᠢᠭᠡᠳ ᠵᠠᠢᠯᠠᠵᠤ

ᠵᠡᠰ ᠭᠠᠤᠯᠢᠨ ᠲᠣᠭᠣᠭ᠎ᠠ ᠪᠠᠨ

ᠵᠠᠢᠯᠵᠤ ᠤᠬᠢᠶᠠᠪᠠᠯ ᠴᠡᠪᠡᠷᠬᠡᠨ ᠂

ᠵᠢᠮᠢᠰ ᠦ᠋ᠨ ᠮᠣᠳᠣᠨ ᠦᠷ᠎ᠡ ᠪᠡᠨ

ᠵᠠᠢᠯᠠᠵᠤ ᠰᠠᠭᠤᠯᠭᠠᠪᠠᠯ ᠰᠠᠢᠬᠠᠨ ᠃

ᠵᠠᠤᠵᠠᠢ ᠬᠢᠭᠡᠳ ᠵᠤᠤᠵᠠᠢ

ᠮᠣᠩᠭᠣᠯ ᠭᠤᠲᠤᠯ ᠤ᠋ᠨ

ᠪᠤᠯᠢᠭᠠᠷᠢ ᠵᠠᠤᠵᠠᠢ ᠭᠣᠶᠣᠬᠠᠨ ᠂

ᠮᠣᠷᠢᠨ ᠬᠠᠵᠠᠭᠠᠷ ᠤ᠋ᠨ

ᠭᠠᠷᠠᠬ᠎ᠠ ᠵᠤᠤᠵᠠᠢ ᠰᠠᠢᠬᠠᠨ ᠃

ᠵᠠᠩᠭᠢᠷᠠᠬᠤ ᠬᠢᠭᠡᠳ ᠵᠠᠩᠭᠤᠷᠠᠬᠤ

ᠣᠶᠣᠳᠠᠯ ᠵᠠᠩᠭᠢᠷᠠᠬᠤ ᠲᠤᠲᠤᠮ

ᠴᠢᠩᠭᠠᠷᠠᠬᠤ ᠨᠢ ᠦᠨᠡᠨ ᠂

ᠠᠭᠤᠷ ᠪᠠᠳᠠᠷᠠᠬᠤ ᠲᠤᠲᠤᠮ ᠵᠠᠩᠭᠤᠷᠠᠬᠤ ᠨᠢ ᠯᠠᠪ ᠃

ᠵᠠᠪᠢ ᠬᠢᠭᠡᠳ ᠵᠡᠪᠡ

ᠤᠷᠲᠤ ᠮᠥᠷᠡᠨ ᠢ᠋ᠶ᠋ᠡᠷ ᠠᠶᠠᠯᠠᠬᠤ ᠳ᠋ᠠᠭᠠᠨ

ᠣᠩᠭᠣᠴᠠ ᠵᠠᠪᠢ ᠳ᠋ᠤ᠌ ᠰᠠᠭᠤᠭᠠᠷᠠᠢ ᠂

ᠠᠭᠤᠯᠠᠨ ᠵᠡᠪᠡ ᠪᠡᠷ ᠲᠣᠭᠣᠷᠢᠬᠤ ᠳ᠋ᠠᠭᠠᠨ

ᠣᠶᠣᠮᠠᠯ ᠭᠤᠲᠤᠯ ᠢ᠋ᠶ᠋ᠠᠨ ᠡᠮᠦᠰᠦᠭᠡᠷᠡᠢ ᠃

ᠵᠠᠭᠤᠰᠢ ᠬᠢᠭᠡᠳ ᠵᠠᠭᠤᠴᠢ

ᠴᠠᠭ ᠴᠠᠭ ᠤ᠋ᠨ ᠪᠤᠳᠠᠭᠠᠨ ᠳ᠋ᠠᠭᠠᠨ

ᠣᠨᠴᠠ ᠠᠮᠲᠠ ᠲᠠᠢ ᠵᠠᠭᠤᠰᠢ ᠲᠠᠢ ᠂

ᠰᠢᠨ᠎ᠡ ᠨᠡᠢᠭᠡᠮ ᠦ᠋ᠨ ᠰᠠᠢᠨ ᠳ᠋ᠤ᠌

ᠤᠷᠤᠭ ᠤ᠋ᠨ ᠵᠠᠭᠤᠴᠢ ᠭᠡᠵᠦ ᠪᠠᠢᠬᠤ ᠦᠭᠡᠢ ᠃

ᠵᠠᠭᠤᠴᠢᠨ ᠬᠢᠭᠡᠳ ᠵᠢᠭᠤᠴᠢᠨ

ᠥᠩᠭᠡᠷᠡᠭᠰᠡᠨ ᠴᠠᠭ ᠤ᠋ᠨ ᠤᠷᠤᠭ ᠲᠤ᠌

ᠵᠠᠭᠤᠴᠢᠨ ᠤ᠋ ᠬᠥᠮᠦᠨ ᠣᠯᠠᠨ ᠂

ᠥᠨᠥ ᠡᠷᠡᠨ ᠦ᠌ ᠬᠤᠷᠢᠮ ᠳ᠋ᠤ᠌

ᠵᠢᠭᠤᠴᠢᠨ ᠤᠷᠤᠭᠯᠠᠭᠰᠠᠨ ᠦᠯᠡᠮᠵᠢ ᠃

ᠵᠠᠭᠤᠷ᠎ᠠ ᠬᠢᠭᠡᠳ ᠵᠣᠭᠣᠷᠢ

ᠵᠠᠭᠤᠷ᠎ᠠ ᠵᠠᠭᠤᠷ᠎ᠠ

ᠵᠠᠮ ᠵᠠᠭᠤᠷ᠎ᠠ

ᠵᠣᠭᠣᠷᠢ ᠵᠣᠭᠣᠷᠢ

ᠨᠣᠭᠣᠭᠠᠨ ᠤ᠋ ᠵᠣᠭᠣᠷᠢ

ᠵᠠᠮᠠᠭ ᠬᠢᠭᠡᠳ ᠵᠠᠮᠤᠭ

ᠵᠠᠮᠠᠭ ᠰᠠᠢᠲᠠᠢ ᠨᠠᠭᠤᠷ ᠲᠤ᠌

ᠵᠢᠭᠠᠰᠤ ᠵᠢᠷᠠᠭᠠᠬᠠᠢ ᠴᠣᠯᠭᠢᠨ᠎ᠠ

ᠵᠠᠮᠤᠭ ᠰᠠᠢᠲᠠᠢ ᠫᠤᠤ ᠳ᠋ᠤ᠌

ᠵᠦᠷ ᠭᠤᠷ᠎ᠠ ᠣᠨᠣᠭᠳᠠᠨ᠎ᠠ ᠃

ᠵᠠᠯᠠᠭᠤ ᠬᠢᠭᠡᠳ ᠵᠠᠯᠬᠠᠭᠤ

ᠵᠠᠯᠠᠭᠤ ᠰᠠᠢᠬᠠᠨ ᠨᠠᠰᠤ

ᠵᠠᠪᠳᠤᠵᠤ ᠰᠤᠷᠬᠤ ᠡᠷᠡᠨ ᠂

ᠵᠠᠯᠬᠠᠭᠤ ᠮᠠᠭᠤ ᠰᠤᠷᠲᠠᠯ

ᠵᠠᠯᠠᠷᠠᠭᠤᠯᠵᠤ ᠲᠡᠪᠴᠢᠬᠦ ᠵᠦᠢᠯ ᠃

ᠵᠠᠯᠢᠬᠠᠢ ᠬᠢᠭᠡᠳ ᠵᠠᠯᠠᠬᠠᠢ

ᠵᠠᠩ ᠤ᠋ᠨ ᠮᠠᠭᠤ

ᠵᠠᠯᠢᠬᠠᠢ ᠮᠡᠬᠡ ᠂

ᠠᠪᠤᠷᠢ ᠶ᠋ᠢᠨ ᠮᠠᠭᠤ

ᠠᠯᠠᠩ ᠵᠠᠯᠠᠬᠠᠢ ᠃

ᠵᠠᠷ ᠬᠢᠭᠡᠳ ᠵᠢᠷᠠ

ᠵᠠᠬᠢᠳᠠᠯ ᠴᠢᠮᠡᠭᠡ ᠬᠦᠷᠭᠡᠵᠦ

ᠵᠠᠷ ᠪᠢᠴᠢᠭ ᠲᠠᠷᠬᠠᠭᠠᠨ᠎ᠠ ᠂

ᠵᠢᠷᠠ ᠳᠠᠯᠠᠨ ᠭᠠᠵᠠᠷ ᠊ᠢ

ᠵᠠᠮᠨᠠᠵᠤ ᠶᠠᠪᠤᠨ᠎ᠠ ᠰᠢᠤᠳᠠᠨᠴᠢ ᠃

ᠵᠠᠷᠢᠮ ᠬᠢᠭᠡᠳ ᠵᠠᠷᠮ᠎ᠠ

ᠬᠠᠶᠠ ᠵᠠᠷᠢᠮ ᠨᠥᠬᠥᠳ ᠦ᠋ᠨ

ᠨᠤᠲᠤᠭ ᠤ᠋ᠨ ᠠᠶᠠᠯᠭᠤ ᠣᠨᠳᠣᠣ ᠂

ᠬᠠᠭᠤᠷᠤᠭᠰᠠᠨ ᠪᠤᠳᠠᠭᠠᠨ ᠤ᠋ ᠬᠡᠮᠬᠡᠳᠡᠭ ᠊ᠢ

ᠵᠠᠷᠮ᠎ᠠ ᠭᠡᠵᠦ ᠴᠦ᠍ ᠬᠡᠯᠡᠳᠡᠭ ᠃

ᠵᠡᠭᠡᠯᠢ ᠬᠢᠭᠡᠳ ᠵᠢᠭᠡᠯᠡ

ᠵᠡᠭᠡᠯᠢ ᠭᠤᠳᠤᠮᠵᠢ ᠪᠠᠨ ᠴᠡᠪᠡᠷᠯᠡᠵᠦ ᠶᠠᠪᠤᠶ᠎ᠠ ᠂

ᠵᠢᠭᠡᠯᠡ ᠥᠷᠢ ᠪᠡᠨ

ᠪᠤᠴᠠᠭᠠᠵᠤ ᠶᠠᠪᠤᠶ᠎ᠠ ᠃

ᠵᠡᠭᠦᠬᠦ ᠬᠢᠭᠡᠳ ᠵᠡᠭᠦᠦ

ᠡᠮᠦᠰᠴᠦ ᠵᠡᠭᠦᠬᠦ ᠡᠴᠡ

ᠡᠯᠪᠡᠭ ᠳᠡᠪᠡᠯ ᠲᠡᠢ ᠂

ᠤᠷᠠᠯᠠᠨ ᠣᠶᠣᠬᠤ ᠠ᠋ᠴᠠ

ᠤᠲᠠᠰᠤ ᠵᠡᠭᠦᠦ ᠲᠡᠢ ᠃

ᠵᠠᠷ ᠬᠢᠭᠡᠳ ᠵᠢᠷ

ᠵᠠᠷ ᠵᠡᠪᠰᠡᠭ ᠢ᠋ᠶ᠋ᠡᠷ

ᠪᠢᠲᠡᠭᠡᠢ ᠨᠠᠭᠠᠳᠤᠭᠠᠷᠠᠢ !

ᠵᠢᠷ ᠦ᠋ᠨ ᠶᠠᠪᠤᠳᠠᠯ ᠊ᠢ

ᠪᠤᠤ ᠪᠠᠰᠤᠭᠠᠷᠠᠢ ᠃

ᠵᠡᠷᠭᠡ ᠬᠢᠭᠡᠳ ᠵᠢᠷᠭᠢ

ᠵᠡᠷᠭᠡ ᠵᠡᠷᠭᠡ

ᠵᠡᠷᠭᠡ ᠬᠡᠷᠬᠡᠮ ᠂

ᠵᠢᠷᠭᠢ ᠵᠢᠷᠭᠢ

ᠪᠤᠭᠤᠨ ᠵᠢᠷᠭᠢ ᠃

ᠵᠢᠩᠨᠡᠭᠦᠷ ᠬᠢᠭᠡᠳ ᠵᠢᠭ᠌ᠯᠡᠭᠦᠷ

ᠪᠣᠣᠪᠣ ᠪᠠᠨ ᠪᠣᠯᠭᠣᠳᠠᠭ ᠵᠢᠩᠨᠡᠭᠦᠷ ᠢ᠋ᠶ᠋ᠡᠨ

ᠪᠤᠵᠠᠷ ᠲᠠᠯᠪᠢᠪᠠᠯ ᠮᠠᠭᠤ ᠰᠢᠦ ᠂

ᠪᠣᠭᠣᠷᠰᠣᠭ ᠬᠡᠮᠵᠢᠳᠡᠭ ᠵᠢᠭ᠌ᠯᠡᠭᠦᠷ ᠢ᠋ᠶ᠋ᠡᠨ

ᠪᠤᠷᠤᠭᠤ ᠬᠡᠮᠵᠢᠪᠡᠯ ᠰᠢᠪᠰᠢᠭ ᠰᠢᠦ ᠃

ᠵᠢᠪ ᠬᠢᠭᠡᠳ ᠵᠡᠪᠡ

ᠬᠣᠶᠠᠷ ᠨᠠᠰᠤ ᠲᠠᠢ ᠬᠣᠷᠯᠣ

ᠬᠣᠪ ᠵᠢᠪ ᠲᠠᠢ ᠯᠠ ᠵᠢᠭᠠᠯ ᠂

ᠵᠢᠷᠭᠢᠬᠦ ᠪᠣᠯᠵᠣᠮᠣᠷ ᠊ᠢ ᠬᠠᠷᠪᠤᠨ᠎ᠠ ᠭᠡᠳ

ᠵᠡᠪᠡ ᠰᠤᠮᠤ ᠬᠢᠴᠢᠬᠡᠯ᠎ᠡ ᠰᠢᠦ ᠃

ᠵᠢᠭᠠᠯ ᠬᠢᠭᠡᠳ ᠵᠠᠭᠠᠯ

ᠵᠢᠭᠠᠯ ᠬᠥᠭᠡᠷᠦᠬᠦᠨ ᠨᠠᠰᠤᠨ ᠳ᠋ᠠᠭᠠᠨ

ᠰᠣᠶᠣᠯ ᠡᠷᠳᠡᠮ ᠰᠤᠷᠬᠤ ᠦᠭᠡᠢ ᠪᠣᠯ

ᠵᠠᠭᠠᠯ ᠪᠤᠭᠤᠷᠤᠯ ᠪᠣᠯᠤᠭᠰᠠᠨ ᠤ᠋ ᠬᠣᠢᠨ᠎ᠠ

ᠭᠡᠮᠰᠢᠵᠦ ᠭᠤᠲᠤᠷᠠᠬᠤ ᠶᠤᠮ ᠰᠢᠦ ᠃

ᠵᠢᠭᠦᠷ ᠬᠢᠭᠡᠳ ᠵᠢᠪᠠᠷ

ᠬᠤᠨᠳᠠᠨ ᠵᠢᠭᠦᠷ ᠲᠡᠢ

ᠬᠣᠷᠭᠣᠢ ᠡᠷᠪᠡᠬᠡᠢ

ᠬᠣᠩᠭᠣᠷ ᠵᠢᠪᠠᠷ ᠲᠤ᠌

ᠨᠢᠰᠴᠦ ᠶᠠᠳᠠᠨ᠎ᠠ ᠃

ᠵᠢᠮ᠎ᠡ ᠬᠢᠭᠡᠳ ᠵᠢᠮ

ᠬᠦᠢᠲᠡᠨ ᠡᠪᠦᠯ ᠦ᠋ᠨ ᠵᠢᠮ᠎ᠡ ᠪᠡᠷ

ᠬᠥᠪᠰᠥᠭᠡᠷ ᠴᠠᠰᠤ ᠬᠠᠶᠠᠯᠠᠯ᠎ᠠ ᠂

ᠬᠥᠳᠡᠭᠡ ᠨᠤᠲᠤᠭ ᠤ᠋ᠨ ᠵᠢᠮ ᠢ᠋ᠶ᠋ᠡᠷ

ᠬᠥᠭᠡᠷᠦᠬᠦᠨ ᠲᠠᠤᠯᠠᠢ ᠭᠦᠶᠦᠯ᠎ᠡ ᠃

ᠵᠢᠯ ᠬᠢᠭᠡᠳ ᠵᠡᠯ᠎ᠡ

ᠣᠨ ᠵᠢᠯ ᠪᠠ

ᠠᠷᠪᠠᠨ ᠬᠣᠶᠠᠷ ᠵᠢᠯ ᠂

ᠤᠷᠭᠤᠮᠠᠯ ᠤ᠋ᠨ ᠵᠡᠯ᠎ᠡ ᠪᠠ

ᠠᠯᠠᠭ ᠲᠤᠭᠤᠯ ᠤ᠋ᠨ ᠵᠡᠯ᠎ᠡ ᠃

ᠵᠢᠯᠠᠭ᠎ᠠ ᠬᠢᠭᠡᠳ ᠵᠠᠯᠠᠭ᠎ᠠ

ᠵᠡᠪᠡ ᠵᠢᠯᠠᠭ᠎ᠠ ᠶ᠋ᠢ ᠳᠠᠭᠠᠭᠠᠳ

ᠵᠦᠢᠯ ᠦ᠋ᠨ ᠮᠣᠳᠣ ᠰᠠᠬᠤᠯᠠᠭ ᠂

ᠵᠢᠳᠠ ᠮᠠᠯᠠᠭᠠᠢ ᠶ᠋ᠢ ᠳᠠᠭᠠᠭᠠᠳ

ᠵᠠᠯᠠᠭ᠎ᠠ ᠵᠠᠩᠭᠢᠶ᠎ᠠ ᠭᠣᠶᠣᠬᠠᠨ ᠃

ᠵᠢᠰᠦ ᠬᠢᠭᠡᠳ ᠵᠢᠰᠦᠮ

ᠥᠩᠭᠡ ᠵᠢᠰᠦ ᠨᠢ ᠭᠢᠯᠠᠯᠵᠠᠭᠰᠠᠨ

ᠥᠭᠡᠳᠡ ᠲᠡᠢ ᠶᠠᠪᠤᠭ᠎ᠠ ᠮᠠᠯᠴᠢᠨ ᠂

ᠦᠰᠦ ᠵᠢᠰᠦᠮ ᠨᠢ ᠭᠢᠯᠲᠠᠭᠠᠨᠠᠭᠰᠠᠨ

ᠦᠬᠡᠷ ᠮᠠᠯ ᠢ᠋ᠶ᠋ᠠᠨ ᠠᠳᠤᠭᠤᠯᠠᠨ᠎ᠠ ᠃

ᠵᠢᠰᠦᠮ ᠬᠢᠭᠡᠳ ᠵᠦᠰᠦᠮ

ᠥᠰᠬᠦ ᠮᠠᠯ ᠤ᠋ᠨ

ᠦᠰᠦ ᠵᠢᠰᠦᠮ ᠢᠯᠡ ᠲᠡᠢ ᠂

ᠵᠦᠰᠦᠮ ᠵᠦᠰᠦᠮ

ᠵᠥᠭᠡᠯᠡᠨ ᠬᠤᠷᠤᠳ ᠠᠮᠲᠠ ᠲᠠᠢ ᠃

ᠵᠢᠱ᠌ᠢᠶ᠎ᠡ ᠬᠢᠭᠡᠳ ᠵᠢᠰᠢᠶ᠎ᠠ

ᠵᠢᠱ᠌ᠢᠶ᠎ᠡ ᠰᠡᠳᠦᠪ ᠢ᠋ᠶ᠋ᠡᠷ ᠲᠣᠯᠢ ᠪᠣᠯᠭᠠᠨ

ᠵᠢᠩᠬᠢᠨᠢ ᠤᠳᠬ᠎ᠠ ᠶ᠋ᠢ ᠨᠢ ᠡᠵᠡᠮᠰᠢᠭᠡᠷᠡᠢ ᠂

ᠵᠢᠰᠢᠶ᠎ᠠ ᠡᠭᠡᠯᠵᠢ ᠪᠡᠷ ᠪᠠᠷᠢᠮᠵᠢᠶ᠎ᠠ ᠪᠣᠯᠭᠠᠵᠤ

ᠵᠢᠷᠤᠮ ᠰᠠᠬᠢᠯᠭ᠎ᠠ ᠶ᠋ᠢ ᠬᠢᠴᠢᠶᠡᠭᠡᠷᠡᠢ ᠃

ᠵᠢᠳᠠ ᠬᠢᠭᠡᠳ ᠵᠠᠳᠠ

ᠵᠠᠯᠢᠬᠠᠢ ᠳᠠᠢᠰᠤᠨ ᠊ᠢ ᠳᠠᠷᠤᠬᠤ ᠳ᠋ᠤ᠌

ᠵᠢᠳᠠ ᠰᠡᠯᠡᠮ᠎ᠡ ᠬᠡᠷᠡᠭᠯᠡᠨ᠎ᠡ ᠂

ᠵᠢᠰᠤᠷ ᠮᠡᠬᠡ ᠶ᠋ᠢ ᠨᠢ ᠢᠯᠡᠴᠢᠯᠡᠬᠦ ᠳ᠋ᠦ᠍

ᠵᠠᠳᠠ ᠪᠤᠷᠤᠭᠤᠰᠢᠶᠠᠨ ᠰᠢᠭᠦᠮᠵᠢᠯᠡᠨ᠎ᠡ ᠃

ᠵᠢᠷᠢᠮ ᠬᠢᠭᠡᠳ ᠵᠢᠷᠤᠮ

ᠣᠯᠣᠩ ᠵᠢᠷᠢᠮ ᠢ᠋ᠶ᠋ᠡᠨ ᠴᠢᠩᠭᠠᠯᠠᠨ

ᠣᠳᠣᠬᠢᠴᠢᠯᠠᠯᠲᠠ ᠥᠭᠡᠳᠡ ᠳᠡᠭᠦᠯᠢᠶ᠎ᠡ ᠂

ᠣᠯᠠᠨ ᠮᠡᠳᠡᠯᠭᠡ ᠶ᠋ᠢ ᠡᠵᠡᠮᠰᠢᠭᠡᠳ

ᠨᠡᠢᠭᠡᠮ ᠵᠢᠷᠤᠮ ᠢ᠋ᠶ᠋ᠠᠨ ᠪᠠᠢᠭᠤᠯᠤᠶ᠎ᠠ ᠃

ᠵᠢᠷᠤᠭ ᠬᠢᠭᠡᠳ ᠵᠣᠷᠢᠭ

ᠤᠷᠠᠨ ᠵᠢᠷᠤᠭ

ᠭᠡᠷ ᠦ᠋ᠨ ᠴᠢᠮᠡᠭ ᠂

ᠤᠷᠮ᠎ᠠ ᠵᠣᠷᠢᠭ

ᠬᠥᠮᠦᠨ ᠦ᠌ ᠴᠢᠮᠡᠭ ᠃

ᠵᠢᠷᠦᠬᠡ ᠬᠢᠭᠡᠳ ᠵᠥᠷᠢᠭ

ᠵᠢᠷᠦᠬᠡ ᠵᠢᠷᠦᠬᠡ

ᠥᠷᠥᠴᠡᠨ ᠳᠣᠲᠣᠷ᠎ᠠ ᠂

ᠵᠥᠷᠢᠭ ᠴᠤᠪᠤᠭ᠎ᠠ

ᠲᠠᠯ᠎ᠠ ᠳᠤᠮᠳᠠᠭᠤᠷ

ᠵᠣ ᠬᠢᠭᠡᠳ ᠵᠣᠣ

ᠥᠰᠬᠦ ᠮᠠᠯ ᠤ᠋ᠨ

ᠵᠣ ᠰᠤᠷ ᠲᠠᠢ ᠃

ᠦᠵᠢᠷᠡᠵᠦ ᠬᠠᠭᠤᠴᠢᠷᠠᠭᠰᠠᠨ

ᠵᠣᠣ ᠰᠦᠮ᠎ᠡ ᠲᠡᠢ ᠃

ᠵᠣᠪᠠᠯᠠᠩ ᠬᠢᠭᠡᠳ ᠵᠣᠪᠠᠯᠭ᠎ᠠ

ᠮᠠᠯᠴᠢᠨ ᠠᠷᠠᠳ ᠤ᠋ᠨ

ᠥᠩᠭᠡᠷᠡᠭᠰᠡᠨ ᠦ᠌ ᠵᠣᠪᠠᠯᠠᠩ ᠬᠡᠴᠡᠭᠦᠦ ᠂

ᠮᠠᠯ ᠤᠨᠤᠭ᠎ᠠ ᠶ᠋ᠢᠨ

ᠦᠬᠦᠭᠰᠡᠨ ᠵᠣᠪᠠᠯᠭ᠎ᠠ ᠳᠡᠩᠳᠡᠭᠦᠦ ᠃

ᠵᠣᠭᠢᠰᠬᠤ ᠬᠢᠭᠡᠳ ᠵᠣᠭᠰᠣᠬᠤ

ᠬᠣᠯᠠ ᠭᠦᠶᠦᠬᠦ ᠳ᠋ᠦ᠍

ᠬᠡᠢ ᠪᠣᠭᠣᠭᠳᠠᠵᠤ ᠵᠣᠭᠢᠰᠬᠤ ᠂

ᠬᠣᠶᠠᠷ ᠭᠤᠷᠪᠠᠭᠤᠯᠠ ᠪᠠᠨ

ᠶᠠᠭᠤᠮ᠎ᠠ ᠦᠵᠡᠵᠦ ᠵᠣᠭᠰᠣᠬᠤ ᠃

ᠵᠣᠯ ᠬᠢᠭᠡᠳ ᠵᠤᠯᠠ

ᠵᠣᠯ ᠵᠠᠪᠰᠢᠶᠠᠨ ᠡᠲᠯᠡᠵᠦ

ᠵᠢᠷᠭᠠᠵᠤ ᠰᠠᠭᠤᠬᠤ ᠶ᠋ᠢ ᠪᠢᠲᠡᠭᠡᠢ ᠪᠣᠳᠣ ᠂

ᠵᠤᠯᠠ ᠪᠣᠯᠤᠨ ᠨᠣᠴᠣᠵᠤ

ᠵᠤᠷᠪᠤᠰ ᠭᠡᠷᠡᠯ ᠢ᠋ᠶ᠋ᠡᠨ ᠴᠦ᠍ ᠪᠤᠰᠤᠳ ᠲᠤ᠌ ᠡᠷᠭᠦ ᠃

ᠵᠣᠭᠣᠭ᠎ᠠ ᠬᠢᠭᠡᠳ ᠵᠤᠭ᠎ᠠ

ᠬᠠᠢᠯᠠᠰᠤᠨ ᠮᠣᠳᠣ

ᠬᠠᠪᠤᠷ ᠲᠠᠭᠠᠨ ᠵᠣᠭᠣᠭ᠎ᠠ ᠲᠠᠢ ᠂

ᠬᠠᠢᠷᠠᠲᠤ ᠪᠠᠭᠠᠴᠤᠳ

ᠨᠠᠭᠠᠳᠤᠮ ᠤ᠋ᠨ ᠵᠤᠭ᠎ᠠ ᠲᠠᠢ ᠃

ᠵᠤᠯᠤᠭ ᠬᠢᠭᠡᠳ ᠵᠣᠯᠢᠭ

ᠭᠣᠶᠣ ᠬᠤᠸᠠᠷ ᠲᠠᠢ

ᠭᠤᠲᠤᠯ ᠤ᠋ᠨ ᠵᠤᠯᠤᠭ ᠂

ᠭᠤᠳᠤᠮᠵᠢ ᠬᠡᠰᠦᠳᠡᠭ

ᠬᠤᠯᠠᠭᠠᠢᠴᠢ ᠵᠣᠯᠢᠭ ᠃

ᠵᠤᠤᠬ᠎ᠠ ᠬᠢᠭᠡᠳ ᠵᠣᠭᠣᠭ

ᠵᠤᠤᠬ᠎ᠠ ᠶ᠋ᠢᠨ ᠭᠠᠯ

ᠳᠦᠷᠡᠯᠵᠡᠨ ᠳᠦᠷᠡᠯᠵᠡᠨ ᠨᠣᠴᠣᠨ᠎ᠠ ᠂

ᠵᠣᠭᠣᠭ ᠳᠠᠭᠠᠷᠠᠭᠰᠠᠳ ᠶᠠᠷᠢᠯᠴᠠᠨ ᠶᠠᠷᠢᠯᠴᠠᠨ ᠰᠠᠭᠤᠨ᠎ᠠ ᠃

ᠵᠤᠲᠠᠭᠰᠠᠨ ᠬᠢᠭᠡᠳ ᠵᠣᠳᠣᠭᠰᠠᠨ

ᠵᠤᠳ ᠭᠠᠴᠢᠭ ᠲᠤ᠌

ᠵᠤᠲᠠᠭᠰᠠᠨ ᠮᠠᠯ ᠬᠥᠭᠡᠷᠦᠬᠦᠢ ᠂

ᠵᠣ ᠨᠢᠷᠤᠭᠤ ᠶ᠋ᠢ ᠨᠢ

ᠵᠣᠳᠣᠭᠰᠠᠨ ᠬᠥᠮᠦᠨ ᠬᠠᠷᠠᠲᠠᠢ ᠃

ᠵᠤᠷᠠᠭ᠎ᠠ ᠬᠢᠭᠡᠳ ᠵᠢᠷᠣᠭ᠎ᠠ

ᠠᠮᠢᠲᠠᠨ ᠤ᠋ ᠨᠢᠷᠤᠭᠤᠨ ᠳ᠋ᠤ᠌ ᠵᠤᠷᠠᠭ᠎ᠠ ᠲᠠᠢ

ᠠᠭᠤᠯᠠᠨ ᠤ᠋ ᠨᠢᠷᠤᠭᠤᠨ ᠳ᠋ᠤ᠌ ᠵᠤᠷᠠᠭ᠎ᠠ ᠲᠠᠢ

ᠤᠨᠤᠭ᠎ᠠ ᠬᠦᠯᠦᠭ ᠲᠦ᠍ ᠵᠢᠷᠣᠭ᠎ᠠ ᠲᠠᠢ

ᠤᠰᠤ ᠪᠥᠮᠪᠥᠷᠢᠮ᠎ᠡ ᠵᠢᠷᠣᠭ᠎ᠠ ᠲᠠᠢ ᠃

ᠵᠤᠷᠠᠮ᠎ᠠ ᠬᠢᠭᠡᠳ ᠵᠢᠷᠤᠮ

ᠡᠪᠡᠳᠴᠢᠨ ᠲᠠᠷᠢᠳᠠᠭ

ᠵᠤᠷᠠᠮ᠎ᠠ ᠶ᠋ᠢ ᠤᠰᠠᠳᠬᠠᠨ᠎ᠠ ᠂

ᠦᠶ᠎ᠡ ᠶ᠋ᠢᠨ ᠨᠥᠬᠥᠳ ᠲᠡᠢ ᠪᠡᠨ

ᠵᠢᠷᠤᠮ ᠲᠠᠢ ᠶᠠᠪᠤᠯᠴᠠᠨ᠎ᠠ ᠃

ᠵᠤᠷᠬ᠎ᠠ ᠬᠢᠭᠡᠳ ᠵᠢᠷᠤᠭ

ᠵᠤᠷᠬ᠎ᠠ ᠵᠤᠷᠬ᠎ᠠ

ᠲᠠᠷᠢᠶᠠᠨ ᠵᠤᠷᠬ᠎ᠠ ᠂

ᠵᠢᠷᠤᠭ ᠵᠢᠷᠤᠭ

ᠭᠡᠷᠡᠯ ᠵᠢᠷᠤᠭ

ᠵᠥᠭᠡᠬᠡᠢ ᠬᠢᠭᠡᠳ ᠵᠥᠭᠡᠢ

ᠵᠥᠭᠡᠬᠡᠢ ᠲᠣᠰᠣ

ᠦᠨᠢᠶᠡᠨ ᠰᠦ ᠡᠴᠡ ᠢᠷᠡᠯ ᠲᠡᠢ ᠂

ᠵᠥᠭᠡᠢ ᠶ᠋ᠢᠨ ᠪᠠᠯ

ᠥᠩᠭᠡᠲᠦ ᠴᠡᠴᠡᠭ ᠡᠴᠡ ᠢᠷᠡᠯ ᠲᠡᠢ ᠃

ᠵᠥᠭᠡᠭᠡᠬᠦ ᠬᠢᠭᠡᠳ ᠵᠥᠭᠡᠬᠦ

ᠨᠡᠢᠲᠡ ᠶ᠋ᠢᠨ ᠡᠳ᠋ ᠪᠣᠳᠠᠰ ᠊ᠢ

ᠬᠤᠯᠠᠭᠠᠢᠯᠠᠨ ᠵᠥᠭᠡᠭᠡᠬᠦ ᠮᠠᠭᠤᠬᠠᠢ ᠂

ᠨᠠᠢᠵᠨ ᠨᠥᠬᠥᠳ ᠨᠠᠷ ᠢ᠋ᠶ᠋ᠠᠨ

ᠬᠠᠷᠢᠶᠠᠨ ᠵᠥᠭᠡᠬᠦ ᠮᠠᠭᠤᠬᠠᠢ ᠃

ᠵᠦᠯᠭᠡ ᠬᠢᠭᠡᠳ ᠵᠦᠯᠡᠭᠡ

ᠲᠠᠯ᠎ᠠ ᠶ᠋ᠢᠨ ᠳᠤᠮᠳᠠᠭᠤᠷ ᠨᠣᠭᠣᠭᠠᠷᠠᠭᠰᠠᠨ

ᠵᠦᠯᠭᠡ ᠨᠣᠭᠣᠭ᠎ᠠ ᠭᠠᠩᠬᠤᠨ ᠪᠣᠢ ᠂

ᠲᠡᠷᠭᠡᠨ ᠠᠷᠠᠯ ᠊ᠢ ᠬᠣᠯᠪᠣᠭᠰᠠᠨ

ᠵᠦᠯᠡᠭᠡ ᠪᠣᠷᠤᠭᠤᠯᠵᠢ ᠰᠤᠨᠤᠨ ᠪᠣᠢ ᠃

ᠶᠠᠩᠭᠠᠷ ᠬᠢᠭᠡᠳ ᠶᠠᠩᠭᠢᠷ

ᠴᠠᠭᠠᠨ ᠰᠠᠷ᠎ᠠ ᠶ᠋ᠢᠨ

ᠶᠠᠩᠭᠠᠷ ᠪᠥᠵᠢᠭ ᠂

ᠴᠡᠴᠡᠭᠲᠦ ᠲᠠᠯ᠎ᠠ ᠶ᠋ᠢᠨ

ᠶᠠᠩᠭᠢᠷ ᠢᠮᠠᠭ᠎ᠠ ᠃

ᠸᠠᠭᠠᠷ ᠬᠢᠭᠡᠳ ᠸᠠᠷᠣ

ᠠᠢᠯ ᠠᠢᠯ ᠤ᠋ᠨ ᠭᠡᠷ ᠳᠡᠭᠡᠷᠡᠬᠢ

ᠤᠯᠠᠭᠠᠨ ᠲᠣᠭᠣᠰᠬᠠᠨ ᠸᠠᠭᠠᠷ ᠂

ᠠᠯᠲᠠ ᠮᠥᠩᠭᠥ ᠬᠠᠢᠯᠤᠭᠤᠯᠲᠠᠭ

ᠠᠳᠬᠤ ᠵᠢᠵᠢᠭ ᠸᠠᠷᠣ

 

ᠦᠰᠦᠭ ᠠᠮᠢᠯᠠᠭᠤᠯᠤᠭᠴᠢ ᠄ ᠭᠠᠷᠮ᠎ᠠ᠂ ᠤᠷᠠᠨᠲᠤᠭᠤᠰ᠂ ᠰᠡᠴᠡᠨᠴᠢᠮᠡᠭ ᠂ ᠬᠠᠰᠴᠢᠮᠡᠭ᠂ ᠪᠠᠶᠠᠷᠴᠡᠴᠡᠭ

ᠬᠢᠨᠠᠭᠴᠢ ᠄ ᠣᠤᠠᠬᠠᠨᠰᠣ ‍ᠠ᠋ ᠂ ᠰᠡᠬᠡᠭᠡᠷᠡᠯ