ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠰᠠ ᠱᠠ ᠲᠠ ᠳ᠋ᠠ ᠠᠢᠮᠠᠭ Монгол үсэг молор эрдэнэ-дүрс ойролцоо үгс ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠰᠠ ᠱᠠ ᠲᠠ ᠳ᠋ᠠ ᠠᠢᠮᠠᠭ Монгол үсэг молор эрдэнэ-дүрс ойролцоо үгс

ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠰᠠ ᠱᠠ ᠲᠠ ᠳ᠋ᠠ ᠠᠢᠮᠠᠭ Монгол үсэг молор эрдэнэ-дүрс ойролцоо үгс

2023-03-23

419

ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠰᠠ ᠱᠠ ᠲᠠ ᠳ᠋ᠠ ᠠᠢᠮᠠᠭ

ᠰᠠ ᠱᠠ ᠲᠠ ᠳ᠋ᠠ ᠠᠢᠮᠠᠭ

ᠰᠡᠪ ᠬᠢᠭᠡᠳ ᠰᠠᠪᠠ

ᠰᠡᠪ ᠰᠠᠷᠠᠭᠤᠯ ᠮᠣᠩᠭᠣᠯ ᠨᠤᠲᠤᠭ

ᠰᠠᠨᠠᠯ ᠬᠠᠢᠷ᠎ᠠ ᠶ᠋ᠢᠨ ᠳᠡᠯᠡᠬᠡᠢ ᠂

ᠲᠣᠪ ᠲᠤᠩᠭᠠᠯᠠᠭ ᠰᠠᠪᠠ ᠮᠥᠷᠡᠨ

ᠲᠣᠯᠢ ᠪᠣᠯᠣᠷ ᠤ᠋ᠨ ᠵᠢᠷᠤᠭ ᠃

ᠰᠠᠭᠠᠳ ᠬᠢᠭᠡᠳ ᠰᠠᠭᠠᠲᠠ

ᠠᠮᠢᠳᠤᠷᠠᠯ ᠠᠬᠤᠢ ᠶ᠋ᠢᠨ ᠳᠤᠮᠳᠠ

ᠰᠠᠭᠠᠳ ᠬᠠᠷᠰᠢ ᠲᠣᠬᠢᠶᠠᠯᠳᠤᠳᠠᠭ ᠂

ᠠᠮᠤ ᠪᠤᠳᠠᠭᠠᠨ ᠤ᠋ ᠲᠥᠷᠥᠯ ᠳ᠋ᠦ᠍

ᠰᠠᠭᠠᠲᠠ ᠭᠡᠵᠦ ᠪᠠᠢᠳᠠᠭ ᠃

ᠰᠠᠭᠤᠷᠢ ᠬᠢᠭᠡᠳ ᠰᠠᠤᠷᠢ

ᠰᠣᠶᠣᠯ ᠡᠷᠳᠡᠮ ᠰᠤᠷᠬᠤ ᠳ᠋ᠤ᠌

ᠰᠠᠭᠤᠷᠢ ᠮᠡᠳᠡᠯᠭᠡ ᠴᠢᠬᠤᠯᠠ ᠂

ᠰᠠᠤᠷᠢ ᠮᠠᠰᠢᠨ ᠊ᠢ ᠵᠢᠯᠣᠭᠣᠳᠬᠤ ᠳ᠋ᠤ᠌

ᠰᠤᠷᠤᠭᠰᠠᠨ ᠮᠡᠳᠡᠯᠭᠡ ᠴᠢᠬᠤᠯᠠ ᠃

ᠰᠠᠮᠠᠭᠠᠨ ᠬᠢᠭᠡᠳ ᠰᠠᠮᠠᠭᠤᠨ

ᠬᠣᠶᠠᠷ ᠰᠠᠮᠠᠭᠠᠨ ᠤ᠋ ᠦᠭᠡ

ᠬᠤᠪᠠᠨ ᠰᠢᠷ᠎ᠠ ᠠᠯᠲᠠ ᠰᠢᠭ᠋᠂

ᠬᠣᠣᠷᠲᠠᠨ ᠰᠠᠮᠠᠭᠤᠨ ᠤ᠋ ᠦᠢᠯᠡ

ᠬᠤᠷᠴᠠ ᠬᠢᠲᠤᠭ᠎ᠠ ᠶ᠋ᠢᠨ ᠢᠷ ᠰᠢᠬ᠃

ᠰᠠᠶᠢ ᠬᠢᠭᠡᠳ ᠰᠠᠶ᠎ᠠ

ᠰᠠᠷᠠᠭᠤᠯ ᠰᠠᠢᠬᠠᠨ ᠨᠡᠢᠰᠯᠡᠯ ᠳ᠋ᠦ᠍

ᠰᠠᠶᠢ ᠬᠦᠷᠦᠭᠡᠳ ᠦᠵᠡᠬᠦ ᠳ᠋ᠦ᠍ ᠂

ᠰᠠᠶ᠎ᠠ ᠲᠦᠮᠡᠨ ᠬᠥᠮᠦᠨ

ᠰᠠᠴᠤᠷᠠᠭ ᠠᠳᠠᠯᠢ ᠰᠤᠪᠤᠷᠠᠨ᠎ᠠ ᠃

ᠰᠠᠢᠬᠠᠨ ᠬᠢᠭᠡᠳ ᠰᠠᠢᠬᠠᠨ

ᠰᠠᠢᠬᠠᠨ ᠢᠷᠡᠭᠡᠳ ᠦᠵᠡᠬᠦ ᠳ᠋ᠦ᠍

ᠰᠡᠩᠰᠡᠨ ᠪᠣᠷᠣᠭᠠᠨ ᠱᠠᠭᠢᠵᠠᠢ ᠂

ᠰᠠᠢᠬᠠᠨ ᠥᠩᠭᠡ ᠶ᠋ᠢᠨ ᠰᠣᠯᠣᠩᠭ᠎ᠠ

ᠰᠠᠷᠠᠭᠤᠯ ᠲᠠᠯ᠎ᠠ ᠳ᠋ᠤ᠌ ᠮᠢᠷᠠᠯᠵᠠᠵᠠᠢ ᠃

ᠰᠠᠷᠠ ᠬᠢᠭᠡᠳ ᠰᠠᠷ᠎ᠠ

ᠰᠠᠷᠠ ᠨᠠᠷᠠ ᠶ᠋ᠢ ᠲᠣᠭᠣᠷᠢᠭᠠᠳ

ᠰᠠᠨᠰᠠᠷ ᠢ᠋ᠶ᠋ᠠᠷ ᠠᠶᠠᠯᠠᠵᠤ ᠶᠠᠪᠤᠪᠠᠯ ᠰᠠᠢᠬᠠᠨ ᠂

ᠰᠠᠨᠠᠭᠠᠨ ᠲᠠᠪᠠ ᠪᠠᠷ ᠢ᠋ᠶ᠋ᠠᠨ ᠠᠭᠠᠰᠢᠯᠠᠭᠠᠳ

ᠰᠠᠷ᠎ᠠ ᠡᠳᠦᠷ ᠊ᠢ ᠨᠥᠭᠴᠢᠭᠡᠬᠦ ᠮᠠᠭᠤᠬᠠᠢ ᠃

ᠰᠠᠷᠢᠭ ᠬᠢᠭᠡᠳ ᠰᠠᠷᠢᠭ᠎ᠠ

ᠥᠨᠳᠥᠷ ᠠᠭᠤᠯᠠᠨ ᠤ᠋ ᠰᠠᠷᠢᠭ

ᠡᠪᠦᠭᠡᠨ ᠪᠤᠭᠤᠷᠤᠯ ᠬᠠᠷᠠᠭᠳᠠᠨ᠎ᠠ ᠂

ᠰᠠᠶ᠎ᠠ ᠣᠯᠠᠨ ᠊ᠢ ᠬᠣᠨᠵᠢᠳᠠᠭ

ᠰᠠᠷᠢᠭ᠎ᠠ ᠮᠠᠢᠮᠠᠢ ᠮᠥᠬᠥᠨ᠎ᠡ ᠃

ᠰᠡᠪ ᠬᠢᠭᠡᠳ ᠰᠠᠪᠠ

ᠥ ᠰᠡᠪ ᠡᠷᠢᠵᠦ

ᠦᠭᠡ ᠵᠥᠭᠡᠭᠡᠬᠦ ᠮᠠᠭᠤᠬᠠᠢ ᠂

ᠰᠠᠪᠠ ᠰᠠᠭᠤᠯᠠᠭ᠎ᠠ ᠪᠠᠨ ᠠᠷᠢᠯᠭᠠᠵᠤ

ᠴᠡᠪᠡᠷ ᠰᠠᠭᠤᠬᠤ ᠰᠠᠢᠬᠠᠨ ᠃

ᠰᠡᠳᠬᠦᠯ ᠬᠢᠭᠡᠳ ᠰᠡᠳᠬᠢᠯ

ᠰᠣᠨᠢᠨ ᠰᠡᠳᠬᠦᠯ ᠵᠠᠬᠢᠶᠠᠯᠠᠨ

ᠰᠣᠨᠢᠷᠬᠠᠵᠤ ᠪᠠᠢᠪᠠᠯ ᠣᠯᠤᠯᠲᠠ ᠲᠠᠢ ᠂

ᠰᠠᠨᠠᠭ᠎ᠠ ᠰᠡᠳᠬᠢᠯ ᠢ᠋ᠶ᠋ᠡᠨ ᠲᠥᠪᠯᠡᠷᠡᠭᠦᠯᠦᠨ

ᠰᠤᠷᠤᠯᠴᠠᠵᠤ ᠪᠠᠢᠪᠠᠯ ᠲᠠᠪᠰᠢᠯᠲᠠ ᠲᠠᠢ ᠃

ᠰᠡᠷᠡᠭᠦᠨ ᠬᠢᠭᠡᠳ ᠰᠡᠷᠢᠭᠦᠨ

ᠨᠠᠰᠤᠲᠠᠨ ᠪᠤᠭᠤᠷᠤᠯ ᠡᠪᠦᠭᠡ ᠮᠢᠨᠢ

ᠠᠮᠢᠳᠤ ᠰᠡᠷᠡᠭᠦᠨ ᠪᠠᠢᠬᠤ ᠳ᠋ᠠᠭᠠᠨ

ᠨᠠᠮᠤᠷ ᠤ᠋ᠨ ᠰᠡᠷᠢᠭᠦᠨ ᠡᠳᠦᠷ

ᠨᠡᠰᠢ ᠢᠷᠡᠬᠦ ᠪᠠᠢᠬᠰᠠᠨ ᠃

ᠰᠢᠨᠡᠯᠡᠬᠦ ᠬᠢᠭᠡᠳ ᠰᠢᠨᠠᠯᠬᠤ

ᠣᠨ ᠵᠢᠯ ᠦ᠋ᠨ ᠡᠷᠭᠢᠯᠲᠡ ᠪᠡᠷ

ᠰᠢᠨᠡᠯᠡᠬᠦ ᠭᠡᠭᠴᠢ ᠨᠢᠭᠡ ᠰᠠᠢᠬᠠᠨ ᠂

ᠣᠢ ᠭᠤᠲᠤᠮ᠎ᠠ ᠵᠣᠪᠠᠭᠤᠷᠢ ᠳ᠋ᠤ᠌

ᠰᠢᠨᠠᠯᠬᠤ ᠭᠡᠭᠴᠢ ᠨᠢᠭᠡ ᠵᠣᠪᠠᠭᠤᠷᠢ ᠃

ᠰᠢᠨ᠎ᠡ ᠬᠢᠭᠡᠳ ᠰᠢᠨᠡ

ᠰᠢᠨ᠎ᠡ ᠵᠢᠯ ᠢ᠋ᠶ᠋ᠡᠨ ᠤᠭᠲᠤᠬᠤ ᠭᠡᠳ

ᠰᠠᠶ᠎ᠠ ᠣᠯᠠᠨ ᠬᠦᠦᠷᠨᠢᠯᠳᠦᠵᠦ ᠪᠠᠢᠨ᠎ᠠ ᠂

ᠰᠢᠨᠡ ᠰᠠᠬᠠᠯ ᠢ᠋ᠶ᠋ᠠᠨ ᠬᠤᠰᠤᠭᠠᠳ

ᠰᠠᠢᠬᠠᠨ ᠬᠤᠪᠴᠠᠰᠤ ᠪᠠᠨ ᠡᠮᠦᠰᠴᠦ ᠪᠠᠢᠨ᠎ᠠ ᠃

ᠰᠢᠪᠡᠭᠡ ᠬᠢᠭᠡᠳ ᠰᠢᠪᠦᠭᠡ

ᠮᠣᠷᠢ ᠬᠣᠨᠢ ᠪᠠᠨ ᠬᠣᠷᠢᠳᠠᠭ

ᠬᠠᠰᠢᠶ᠎ᠠ ᠰᠢᠪᠡᠭᠡ ᠰᠠᠢᠬᠠᠨ ᠂

ᠮᠣᠩᠭᠣᠯ ᠭᠤᠲᠤᠯ ᠢ᠋ᠶ᠋ᠠᠨ ᠣᠶᠣᠳᠠᠭ

ᠬᠠᠢᠴᠢ ᠰᠢᠪᠦᠭᠡ ᠰᠠᠢᠬᠠᠨ ᠃

ᠰᠢᠬᠢᠷ ᠬᠢᠭᠡᠳ ᠰᠢᠭᠢᠷ᠎ᠡ

ᠠᠪᠤ ᠶ᠋ᠢᠨ ᠠᠪᠴᠢᠷᠠᠭᠰᠠᠨ

ᠰᠢᠬᠢᠷ ᠪᠣᠭᠣᠷᠰᠣᠭ ᠠᠮᠲᠠᠲᠠᠢ ᠂

ᠠᠭᠲᠠ ᠮᠣᠷᠢᠨ ᠤ᠋

ᠰᠢᠭᠢᠷ᠎ᠡ ᠬᠥᠯ ᠲᠤᠭᠤᠷᠠᠢ ᠲᠠᠢ ᠃

ᠰᠢᠪᠡᠷ ᠬᠢᠭᠡᠳ ᠰᠢᠪᠡᠷᠢ

ᠰᠢᠪᠠᠷ ᠭᠡᠷ ᠊ᠢ

ᠰᠢᠷᠣᠢ ᠰᠢᠪᠠᠷ ᠢ᠋ᠶ᠋ᠠᠷ ᠪᠠᠷᠢᠨ᠎ᠠ ᠂

ᠰᠢᠪᠡᠷᠢ ᠲᠡᠢ ᠬᠥᠯ ᠊ᠢ

ᠴᠡᠪᠡᠷ ᠤᠰᠤ ᠪᠠᠷ ᠤᠬᠢᠶᠠᠨ᠎ᠠ ᠃

ᠰᠢᠭᠤᠵᠤ ᠬᠢᠭᠡᠳ ᠱᠤᠭᠤᠵᠤ

ᠰᠢᠷᠬᠤᠨᠠᠭ ᠢ᠋ᠶ᠋ᠠᠨ ᠰᠢᠭᠤᠵᠤ

ᠤᠰᠤᠨ ᠳ᠋ᠤ᠌ ᠣᠷᠣᠨ᠎ᠠ ᠂

ᠰᠢᠪᠠᠷ ᠢ᠋ᠶ᠋ᠠᠷ ᠱᠤᠭᠤᠵᠤ

ᠱᠤᠭᠤᠮᠠᠯ ᠰᠡᠢᠯᠦᠨ᠎ᠡ ᠃

ᠰᠢᠭᠦᠳᠡᠷᠢ ᠬᠢᠭᠡᠳ ᠰᠡᠭᠦᠳᠡᠷ

ᠦᠷ ᠴᠠᠭᠠᠨ ᠰᠢᠭᠦᠳᠡᠷᠢ

ᠡᠪᠡᠰᠦᠨ ᠦ᠌ ᠨᠠᠮᠠᠭᠠᠨ ᠳ᠋ᠠᠬᠢ ᠰᠤᠪᠤᠳ

ᠥᠨᠳᠥᠷ ᠮᠣᠳᠣᠨ ᠤ᠋ ᠰᠡᠭᠦᠳᠡᠷ

ᠡᠭᠡᠭᠡᠬᠦ ᠨᠠᠷᠠᠨ ᠳ᠋ᠤ᠌ ᠰᠢᠭᠦᠷ ᠃

ᠰᠢᠯ ᠬᠢᠭᠡᠳ ᠰᠢᠯᠢ

ᠰᠢᠯ ᠪᠣᠯᠣᠷ ᠰᠢᠭ᠋ ᠭᠢᠯᠠᠯᠵᠠᠭᠰᠠᠨ

ᠰᠢᠯᠢ ᠶ᠋ᠢᠨ ᠬᠣᠲᠠ ᠰᠠᠢᠬᠠᠨ ᠂

ᠰᠢᠵᠢᠷ ᠲᠤᠶᠠᠭ᠎ᠠ ᠰᠠᠴᠤᠷᠠᠭᠰᠠᠨ

ᠰᠢᠨᠡᠬᠡᠨ ᠬᠣᠲᠠ ᠭᠣᠶᠣᠬᠠᠨ ᠃

ᠰᠢᠯᠪᠢ ᠬᠢᠭᠡᠳ ᠰᠢᠯᠪᠤ

ᠰᠢᠮᠠᠭᠤᠯ ᠳ᠋ᠤ᠌ ᠬᠠᠵᠠᠭᠳᠠᠭᠰᠠᠨ

ᠰᠢᠷᠠᠯᠲᠠᠢ ᠬᠦᠦ ᠂

ᠰᠢᠯᠪᠢ ᠪᠡᠨ ᠮᠠᠭᠠᠵᠢᠭᠠᠳ

ᠰᠢᠯᠪᠤ ᠰᠢᠯᠪᠤ ᠃

ᠰᠢᠳᠡᠷ᠎ᠡ ᠬᠢᠭᠡᠳ ᠰᠢᠳᠠᠷ

ᠰᠢᠳᠡᠷ᠎ᠡ ᠶ᠋ᠢᠨ ᠤᠬᠠᠭᠠᠨ ᠊ᠢ ᠡᠵᠡᠮᠰᠢᠭᠡᠳ

ᠰᠢᠷᠭᠠᠭᠤ ᠤᠷᠤᠯᠳᠤᠭᠠᠨ ᠳ᠋ᠤ᠌ ᠣᠷᠣᠯᠴᠠᠨ᠎ᠠ ᠂

ᠰᠢᠳᠠᠷ ᠴᠡᠷᠢᠭ ᠪᠣᠯᠤᠭᠠᠳ

ᠨᠠᠮ ᠵᠠᠰᠠᠭ ᠢ᠋ᠶ᠋ᠠᠨ ᠬᠠᠮᠠᠭᠠᠯᠠᠨ᠎ᠠ ᠃

ᠰᠢᠳᠢ ᠬᠢᠭᠡᠳ ᠰᠢᠲᠦ

ᠰᠢᠳᠢ ᠦᠵᠡᠭᠦᠯᠬᠦ ᠭᠡᠳ

ᠰᠢᠪᠰᠢᠭ ᠪᠣᠯᠬᠤ ᠪᠠᠷ ᠢ᠋ᠶ᠋ᠠᠨ

ᠰᠢᠲᠦ ᠵᠠᠭᠤᠵᠤ

ᠰᠢᠷᠭᠠᠭᠤ ᠰᠤᠷᠤᠯᠴᠠ ᠃

ᠰᠢᠲᠦᠪᠡᠯ ᠬᠢᠭᠡᠳ ᠰᠢᠲᠠᠪᠠᠯ

ᠪᠤᠷᠬᠠᠨ ᠳᠠᠬᠢᠵᠤ ᠰᠢᠲᠦᠪᠡᠯ

ᠪᠤᠷᠤᠭᠤᠳᠠᠵᠤ ᠮᠤᠩᠬᠠᠷᠠᠬᠤ ᠶ᠋ᠢᠨ ᠲᠡᠮᠳᠡᠭ ᠂

ᠪᠤᠰᠤᠳ ᠤ᠋ᠨ ᠶᠠᠭᠤᠮ᠎ᠠ ᠶ᠋ᠢ ᠰᠢᠳᠡᠪᠡᠯ

ᠪᠣᠯᠪᠠᠰᠤᠷᠠᠯ ᠦᠭᠡᠢ ᠶ᠋ᠢᠨ ᠲᠡᠮᠳᠡᠭ ᠃

ᠰᠢᠳᠤᠷᠭᠤ ᠬᠢᠭᠡᠳ ᠱᠤᠳᠤᠷᠭᠤ

ᠰᠢᠳᠤᠷᠭᠤ ᠬᠥᠮᠦᠨ ᠦ᠌

ᠰᠢᠯᠤᠭᠤᠨ ᠵᠠᠩ ᠂

ᠰᠠᠢᠬᠠᠨ ᠬᠥᠭᠵᠢᠮ

ᠱᠠᠨᠵᠠ ᠱᠤᠳᠤᠷᠭᠤ ᠃

ᠰᠢᠷ᠎ᠠ ᠬᠢᠭᠡᠳ ᠰᠢᠷ

ᠰᠢᠷᠡᠭᠡ ᠰᠠᠨᠳᠠᠯᠢ ᠪᠠᠨ

ᠰᠢᠨ᠎ᠡ ᠪᠡᠷ ᠵᠣᠬᠢᠶᠠᠭᠠᠳ

ᠰᠢᠷ᠎ᠠ ᠰᠢᠷ ᠢ᠋ᠶ᠋ᠡᠷ

ᠰᠢᠷᠳᠡᠵᠦ ᠪᠠᠢᠨ᠎ᠠ ᠃

ᠰᠢᠷᠢ ᠬᠢᠭᠡᠳ ᠰᠢᠷ

ᠥᠷᠢ ᠰᠢᠷᠢ ᠪᠡᠨ ᠪᠥᠭᠯᠡᠵᠦ

ᠦᠢᠯᠡᠳᠪᠦᠷᠢᠯᠡᠯ ᠠᠵᠢᠯ ᠳ᠋ᠠᠭᠠᠨ ᠰᠢᠮᠳᠠᠨ᠎ᠠ ᠂

ᠥᠩᠭᠡᠲᠦ ᠰᠢᠷ ᠢ᠋ᠶ᠋ᠡᠷ ᠪᠣᠳᠣᠵᠤ

ᠥᠷᠭᠥᠭᠡ ᠭᠡᠷ ᠢ᠋ᠶ᠋ᠡᠨ ᠴᠢᠮᠡᠨ᠎ᠡ ᠃

ᠰᠢᠷᠭᠠᠯ ᠬᠢᠭᠡᠳ ᠰᠢᠷᠭᠤᠤᠯ

ᠰᠢᠵᠢᠷ ᠳᠣᠯᠭᠢᠶᠠᠨ ᠬᠠᠶᠠᠯᠠᠭᠰᠠᠨ

ᠰᠢᠷᠭᠠᠯ ᠠᠯᠲᠠᠨ ᠨᠠᠮᠤᠷ ᠂

ᠰᠢᠷᠡᠭᠡ ᠰᠠᠨᠳᠠᠯᠢ ᠳ᠋ᠠᠭᠠᠨ ᠲᠣᠬᠢᠷᠠᠭᠰᠠᠨ

ᠰᠢᠷᠭᠤᠤᠯ ᠬᠣᠷᠭᠣ ᠭᠣᠶᠣᠬᠠᠨ ᠃

ᠰᠣᠳᠣ ᠬᠢᠭᠡᠳ ᠰᠥᠳᠥ

ᠰᠣᠶᠣᠯ ᠮᠡᠳᠡᠯᠭᠡ ᠰᠤᠷᠤᠭᠰᠠᠳ ᠤ᠋ᠨ

ᠰᠣᠳᠣ ᠪᠢᠯᠢᠭ ᠨᠡᠭᠡᠭᠡᠭᠳᠡᠨ᠎ᠡ ᠂

ᠰᠥᠳᠥ ᠭᠡᠭᠦᠦ ᠶ᠋ᠢᠨ ᠤᠨᠠᠭ᠎ᠠ

ᠰᠦᠷᠦᠭ ᠦ᠋ᠨ ᠳᠤᠮᠳᠠᠭᠤᠷ ᠲᠣᠭᠯᠠᠨ᠎ᠠ ᠃

ᠰᠤᠳᠤᠯ ᠬᠢᠭᠡᠳ ᠰᠤᠳᠠᠯ

ᠤᠯᠤᠰ ᠣᠷᠣᠨ ᠤ᠋ ᠪᠠᠨ ᠲᠥᠯᠥᠭᠡ

ᠣᠶᠤᠨ ᠮᠡᠳᠡᠯᠭᠡ ᠰᠤᠳᠤᠯ ᠂

ᠣᠯᠠᠨ ᠤ᠋ ᠡᠷᠡᠭᠦᠯ ᠦ᠋ᠨ ᠲᠥᠯᠥᠭᠡ

ᠤᠯᠠᠭᠠᠨ ᠰᠤᠳᠠᠯ ᠊ᠢ ᠰᠢᠨᠵᠢᠯᠡ ᠃

ᠰᠣᠷᠣᠬᠤ ᠬᠢᠭᠡᠳ ᠰᠤᠷᠬᠤ

ᠠᠷᠠᠳ ᠤ᠋ᠨ ᠴᠢᠰᠤ ᠶ᠋ᠢ ᠰᠣᠷᠣᠬᠤ

ᠠᠳᠠ ᠴᠢᠳᠬᠥᠷ ᠊ᠢ ᠲᠣᠨᠢᠯᠭᠠᠶ᠎ᠠ ᠂

ᠠᠵᠢᠯ ᠮᠡᠷᠭᠡᠵᠢᠯ ᠰᠤᠷᠬᠤ

ᠠᠪᠢᠶᠠᠰ ᠴᠢᠳᠠᠪᠤᠷᠢᠲᠠᠨ ᠊ᠢ ᠬᠡᠷᠡᠭᠯᠡᠶ᠎ᠡ ᠃

ᠰᠤᠷᠬᠤ ᠬᠢᠭᠡᠳ ᠰᠤᠷᠠᠬᠤ

ᠡᠷᠳᠡᠮ ᠦ᠋ᠨ ᠬᠤᠷᠠᠮᠳᠤᠯ

ᠰᠤᠷᠬᠤ ᠠ᠋ᠴᠠ ᠢᠷᠡᠨ᠎ᠡ ᠂

ᠡᠷᠢᠯ ᠦ᠋ᠨ ᠪᠡᠶᠡᠯᠡᠭᠲᠡᠯ

ᠰᠤᠷᠠᠬᠤ ᠠ᠋ᠴᠠ ᠪᠦᠲᠦᠨ᠎ᠡ ᠃

ᠰᠤᠷᠭᠠᠯ ᠬᠢᠭᠡᠳ ᠰᠤᠷᠭᠠᠭᠤᠯᠢ

ᠡᠨᠡᠷᠢᠯᠲᠦ ᠪᠠᠭᠰᠢ ᠶ᠋ᠢᠨ ᠰᠤᠷᠭᠠᠯ ᠊ᠢ

ᠡᠪᠴᠢᠭᠦᠦ ᠴᠡᠭᠡᠵᠢᠨ ᠳ᠋ᠡᠭᠡᠨ ᠰᠢᠩᠭᠡᠭᠡᠨ᠎ᠡ ᠂

ᠡᠬᠡ ᠰᠤᠷᠭᠠᠭᠤᠯᠢ ᠶ᠋ᠢᠨ ᠠᠴᠢ ᠶ᠋ᠢ

ᠡᠭᠦᠷᠢᠳᠡ ᠬᠠᠷᠢᠭᠤᠯᠵᠤ ᠶᠠᠪᠤᠨ᠎ᠠ ᠃

ᠰᠥᠬᠥ ᠬᠢᠭᠡᠳ ᠰᠦᠬᠡ

ᠰᠥᠬᠥ ᠴᠠᠰᠤ

ᠲᠠᠯ᠎ᠠ ᠶ᠋ᠢ ᠪᠦᠷᠬᠦᠵᠡᠢ ᠂

ᠰᠦᠬᠡ ᠪᠡᠨ ᠰᠤᠢᠷᠠᠭᠠᠳ

ᠲᠦᠯᠡᠭᠡᠨ ᠳ᠋ᠦ᠍ ᠭᠠᠷᠤᠨ᠎ᠠ ᠃

ᠱᠠᠯ ᠬᠢᠭᠡᠳ ᠱᠠᠯᠠ

ᠠᠷᠢᠬᠢᠨ ᠳ᠋ᠤ᠌ ᠰᠣᠭᠲᠣᠭᠠᠳ

ᠱᠠᠯ ᠫᠠᠯ ᠪᠣᠯᠪᠠᠯ ᠰᠢᠪᠰᠢᠭ ᠂

ᠠᠳᠠᠯ ᠭᠡᠷ ᠦ᠋ᠨ ᠢ᠋ᠶ᠋ᠡᠨ

ᠱᠠᠯᠠ ᠶ᠋ᠢ ᠵᠦᠯᠭᠦᠪᠡᠯ ᠰᠠᠢᠬᠠᠨ ᠃

ᠱᠠᠯᠪᠠ ᠬᠢᠭᠡᠳ ᠱᠠᠯᠠᠪ

ᠤᠷᠲᠤ ᠭᠣᠣᠯ ᠤ᠋ᠨ

ᠤᠰᠤ ᠱᠠᠯᠪᠠ ᠳ᠋ᠤ᠌ ᠂

ᠣᠭᠴᠣᠷ ᠤ᠋ᠨ ᠬᠣᠷᠮᠣᠢ ᠪᠠᠨ

ᠱᠠᠯᠠᠪ ᠨᠣᠷᠭᠠᠪᠠ ᠃

ᠱᠠᠲᠤ ᠬᠢᠭᠡᠳ ᠱᠠᠳ

ᠱᠠᠲᠤ ᠱᠠᠲᠤ ᠪᠠᠷ

ᠥᠨᠳᠥᠷ ᠠᠪᠠᠷᠢᠨ᠎ᠠ ᠂

ᠱᠠᠳ ᠱᠠᠳ ᠢ᠋ᠶ᠋ᠠᠷ

ᠰᠢᠯᠦᠭ ᠪᠢᠴᠢᠨ᠎ᠡ ᠃

ᠱᠤ᠌ ᠬᠢᠭᠡᠳ ᠱᠣᠣ

ᠲᠣᠬᠣᠢ ᠠ᠋ᠴᠠ ᠴᠠᠷᠪᠠᠭᠤ ᠬᠦᠷᠲᠡᠯᠡᠬᠢ

ᠬᠥᠮᠦᠨ ᠦ᠌ ᠭᠠᠷ ᠤ᠋ᠨ ᠱᠤ᠌ ᠰᠢᠦ ᠂

ᠲᠠᠪᠤᠨ ᠥᠩᠭᠡ ᠶ᠋ᠢᠨ ᠴᠣᠬᠣᠷ ᠵᠢᠰᠦᠮ ᠲᠡᠢ

ᠱᠣᠣ ᠪᠤᠭᠤ ᠪᠠᠢᠳᠠᠭ ᠰᠢᠦ ᠃

ᠱᠤᠭᠠᠢ ᠬᠢᠭᠡᠳ ᠰᠤᠬᠠᠢ

ᠤᠷᠲᠤ ᠡᠰᠢ ᠲᠡᠢ

ᠰᠢᠰᠢ ᠶ᠋ᠢᠨ ᠱᠤᠭᠠᠢ ᠂

ᠠᠭᠤᠯᠠᠨ ᠳ᠋ᠤ᠌ ᠤᠷᠭᠤᠯᠲᠠ ᠲᠠᠢ

ᠤᠯᠠᠭᠠᠨ ᠰᠤᠬᠠᠢ ᠃

ᠱᠥᠷᠭᠡ ᠬᠢᠭᠡᠳ ᠱᠣᠷᠭᠡᠢ

ᠲᠡᠮᠦᠷ ᠢ᠋ᠶ᠋ᠡᠷ ᠬᠢᠳᠡᠭ

ᠲᠤᠭᠤᠯ ᠤ᠋ᠨ ᠱᠥᠷᠭᠡ ᠂

ᠳᠤᠲᠠᠭᠤ ᠪᠣᠯᠭᠣᠭᠰᠠᠨ

ᠱᠦᠷᠬᠡᠢ ᠪᠤᠳᠠᠭ᠎ᠠ ᠃

ᠱᠦᠭᠦᠬᠦ ᠬᠢᠭᠡᠳ ᠰᠢᠭᠦᠬᠦ

ᠲᠤᠯᠭ᠎ᠠ ᠶ᠋ᠢᠨ ᠭᠠᠯ ᠤ᠋ᠨ ᠵᠥᠭᠡᠯᠡᠨ ᠳ᠋ᠦ᠍

ᠲᠣᠭᠣᠭ᠎ᠠ ᠲᠠᠢ ᠪᠤᠳᠠᠭ᠎ᠠ ᠪᠠᠨ ᠱᠦᠭᠦᠬᠦ ᠂

ᠲᠣᠨᠣᠭ᠎ᠠ ᠳᠡᠭᠡᠷᠡᠮ ᠊ᠢ ᠪᠠᠷᠢᠪᠴᠢᠯᠠᠵᠤ

ᠲᠤᠯᠭᠠᠵᠤ ᠪᠠᠢᠭᠠᠳ ᠰᠢᠭᠦᠬᠦ ᠃

ᠱᠦᠭᠦᠷ ᠬᠢᠭᠡᠳ ᠰᠢᠭᠦᠷ

ᠬᠣᠭ ᠲᠣᠭᠣᠰᠣ ᠶ᠋ᠢ ᠠᠷᠢᠯᠭᠠᠳᠠᠭ

ᠱᠦᠭᠦᠷ ᠠᠵᠢᠯᠴᠢ ᠶᠤᠮᠰᠠᠨ ᠂

ᠬᠤᠷ᠎ᠠ ᠪᠣᠷᠣᠭᠠᠨ ᠊ᠢ ᠬᠠᠯᠬᠠᠯᠠᠳᠠᠭ

ᠰᠢᠭᠦᠷ ᠭᠠᠢᠬᠠᠯᠲᠠᠢ ᠶᠤᠮᠰᠠᠨ ᠃

ᠱᠦᠭᠦᠷᠡᠵᠦ ᠬᠢᠭᠡᠳ ᠰᠢᠭᠦᠷᠡᠵᠦ

ᠱᠦᠭᠦᠮᠡᠯ ᠲᠡᠢ ᠥᠷᠥᠮ᠎ᠡ

ᠲᠠᠭᠠᠪᠤᠷᠢᠯᠠᠨ ᠱᠦᠭᠦᠷᠡᠵᠦ ᠪᠠᠢᠨ᠎ᠠ ᠂

ᠰᠢᠪᠠᠭᠤ ᠶᠠᠭᠤᠮ᠎ᠠ ᠶ᠋ᠢ

ᠳᠠᠪ ᠭᠡᠲᠡᠯ᠎ᠡ ᠰᠢᠭᠦᠷᠡᠵᠦ ᠪᠠᠢᠨ᠎ᠠ ᠃

ᠳᠣᠭᠣᠯᠠᠩ ᠬᠢᠭᠡᠳ ᠳᠤᠭᠤᠢᠯᠠᠩ

ᠳᠣᠭᠣᠯᠠᠩ ᠬᠥᠮᠦᠨ ᠲᠡᠢ

ᠤᠴᠠᠷᠠᠪᠠᠰᠤ

ᠳᠣᠭᠣᠭᠢᠯᠠᠵᠤ ᠪᠤᠤ ᠳᠠᠭᠤᠷᠢᠶᠠ ᠂

ᠳᠤᠭᠤᠢᠯᠠᠩ ᠪᠦᠯᠦᠭ ᠬᠤᠪᠢᠶᠠᠵᠤ

ᠲᠤᠰᠠ ᠳᠡᠮᠵᠢᠯᠭᠡ ᠦᠵᠡᠭᠦᠯ ᠃

ᠲᠤᠯᠤ ᠬᠢᠭᠡᠳ ᠲᠣᠯᠢᠶ᠎ᠠ

ᠬᠠᠢᠯᠠᠰᠤᠨ ᠮᠣᠳᠣᠨ ᠤ᠋ ᠲᠤᠯᠤ

ᠬᠠᠷᠢᠨ ᠪᠣᠯᠤᠮᠠᠷ ᠡᠳ᠋ ᠂

ᠬᠡᠢᠰᠦᠮᠡᠯ ᠡᠭᠦᠯᠡᠨ ᠦ᠌ ᠲᠤᠯᠢᠶ᠎ᠠ

ᠬᠡᠵᠢᠶᠡᠳᠡ ᠨᠡᠭᠦᠵᠦ ᠶᠠᠪᠤᠳᠠᠭ ᠃

ᠳᠣᠯᠣᠨᠣ ᠬᠢᠭᠡᠳ ᠳᠣᠯᠣᠭᠠᠨ

ᠳᠣᠯᠣᠨᠣ ᠳᠣᠯᠣᠨᠣ

ᠮᠣᠳᠣᠨ ᠳᠡᠭᠡᠷ᠎ᠡ

ᠳᠣᠯᠣᠭᠠᠨ ᠲᠢᠪ

ᠪᠥᠮᠪᠥᠷᠴᠡᠭ ᠳᠡᠭᠡᠷ᠎ᠡ

ᠳᠣᠯᠣᠭ᠎ᠠ ᠬᠢᠭᠡᠳ ᠳᠣᠯᠢᠶᠠ

ᠠᠷᠠᠪ ᠲᠣᠭᠠᠨ ᠤ᠋ ᠳᠣᠯᠣᠭ᠎ᠠ ᠶ᠋ᠢ

ᠠᠴᠢᠲᠤ ᠪᠠᠭᠰᠢ ᠮᠢᠨᠢ ᠵᠢᠭᠠᠵᠠᠢ ᠂

ᠠᠶᠠᠭ᠎ᠠ ᠰᠠᠪᠬ᠎ᠠ ᠪᠠᠨ ᠳᠣᠯᠢᠶᠠ ᠭᠡᠵᠦ

ᠠᠪᠤ ᠡᠵᠢ ᠮᠢᠨᠢ ᠵᠠᠬᠢᠵᠠᠢ ᠃

ᠳᠣᠲᠣᠷ ᠬᠢᠭᠡᠳ ᠳᠣᠲᠣᠷ᠎ᠠ

ᠬᠤᠷᠠᠭᠠᠨ ᠳᠣᠲᠣᠷ ᠲᠠᠢ ᠳᠡᠪᠡᠯ ᠴᠢᠨᠢ

ᠬᠣᠨᠢᠴᠢᠨ ᠬᠥᠮᠦᠨ ᠦ᠌ ᠵᠠᠰᠠᠯ ᠰᠢᠦ ᠂

ᠬᠣᠷᠰᠢᠶᠠᠨ ᠤ᠋ ᠳᠣᠲᠣᠷ᠎ᠠ ᠬᠢ ᠡᠳ᠋ ᠴᠢᠨᠢ

ᠬᠣᠲᠠ ᠭᠠᠵᠠᠷ ᠤ᠋ᠨ ᠪᠠᠷᠠᠭ᠎ᠠ ᠰᠢᠦ ᠃

ᠲᠦᠳᠡ ᠬᠢᠭᠡᠳ ᠳᠤᠮᠳᠠ

ᠵᠠᠮ ᠲᠦᠳᠡ ᠤᠴᠠᠷᠠᠬᠤ

ᠵᠠᠩ ᠰᠠᠢᠲᠠᠢ ᠬᠥᠮᠦᠨ ᠪᠣᠢ ᠂

ᠵᠠᠪᠰᠠᠷ ᠳᠤᠮᠳᠠ ᠬᠤᠳᠬᠤᠯᠳᠤᠭᠤᠯᠬᠤ

ᠵᠠᠯᠢᠬᠠᠢ ᠬᠥᠮᠦᠨ ᠴᠦ᠍ ᠣᠯᠠᠨ ᠪᠣᠢ ᠃

ᠳᠣᠷᠭᠣᠨ ᠬᠢᠭᠡᠳ ᠲᠣᠷᠭᠠᠨ

ᠳᠤᠲᠠᠭᠤ ᠳᠣᠷᠭᠣᠨ ᠡᠰᠬᠡᠵᠦ ᠣᠶᠣᠭᠰᠠᠨ

ᠲᠣᠷᠭᠠᠨ ᠳᠡᠪᠡᠯ

ᠡᠪ ᠮᠠᠭᠤᠲᠠᠢ ᠃

ᠳ᠋ᠦ᠋ᠨᠵᠡ ᠬᠢᠭᠡᠳ ᠳᠥᠨᠵᠢ

ᠳᠥᠬᠥᠮᠬᠡᠨ ᠳᠠᠭᠠᠷᠢᠭᠰᠠᠨ

ᠳ᠋ᠦ᠋ᠨᠵᠡ ᠮᠣᠳᠣᠨ ᠤ᠋ ᠵᠠᠬ᠎ᠠ ᠳ᠋ᠤ᠌

ᠳᠥᠷᠪᠡᠨ ᠪᠤᠭᠤᠷᠤᠯ ᠠᠯᠠᠭ

ᠳᠥᠨᠵᠢ ᠦᠨᠢᠶ᠎ᠡ ᠪᠠᠢᠨ᠎ᠠ ᠃

ᠳᠥᠰᠢ ᠬᠢᠭᠡᠳ ᠳᠥᠴᠢ

ᠲᠡᠮᠦᠷ ᠳᠠᠪᠲᠠᠳᠠᠭ

ᠳᠥᠰᠢ ᠲᠡᠮᠦᠷ ᠂

ᠳᠥᠴᠢ ᠲᠠᠪᠢᠨ

ᠲᠡᠷᠭᠡ ᠲᠦᠯᠡᠭᠡ ᠃

ᠳᠦᠯᠡᠢ ᠬᠢᠭᠡᠳ ᠳᠦᠯᠢ

ᠰᠣᠬᠣᠷ ᠳᠦᠯᠡᠢ ᠪᠣᠯᠪᠠᠰᠤ

ᠰᠣᠨᠣᠰᠴᠤ ᠦᠵᠡᠬᠦ ᠲᠠᠭ ᠂

ᠰᠥᠨᠢ ᠳᠦᠯᠢ ᠥᠩᠭᠡᠷᠡᠪᠡᠰᠦ

ᠴᠣᠯᠮᠣᠨ ᠭᠠᠷᠬᠤ ᠴᠠᠭ ᠃