ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠮᠠ ᠯᠠ ᠠᠢᠮᠠᠭ Монгол үсэг молор эрдэнэ-дүрс ойролцоо үгс ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠮᠠ ᠯᠠ ᠠᠢᠮᠠᠭ Монгол үсэг молор эрдэнэ-дүрс ойролцоо үгс

ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠮᠠ ᠯᠠ ᠠᠢᠮᠠᠭ Монгол үсэг молор эрдэнэ-дүрс ойролцоо үгс

2023-03-23

378

ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠮᠠ ᠯᠠ ᠠᠢᠮᠠᠭ

ᠮᠠ ᠯᠠ ᠠᠢᠮᠠᠭ

ᠮᠠᠨᠢ ᠬᠢᠭᠡᠳ ᠮᠠᠨᠠᠢ

ᠮᠠᠨᠢ ᠲᠣᠭᠠᠯᠠᠵᠤ ᠰᠠᠭᠤᠬᠤ ᠪᠠᠷ ᠢ᠋ᠶ᠋ᠠᠨ ᠮᠠᠯ ᠤᠰᠤᠯᠠ ᠭᠡᠳᠡᠭ ᠂

ᠮᠡᠷᠭᠡᠨ ᠰᠡᠴᠡᠨ ᠦᠭᠡ

ᠮᠠᠨᠠᠢ ᠮᠣᠩᠭᠣᠯᠴᠤᠳ ᠲᠤ᠌ ᠪᠠᠢᠳᠠᠭ ᠃

ᠮᠠᠩᠨᠠᠢ ᠬᠢᠭᠡᠳ ᠮᠠᠩᠯᠠᠢ

ᠮᠠᠩᠨᠠᠢ ᠬᠠᠯᠵᠠᠨ ᠬᠤᠷᠠᠭ᠎ᠠ ᠮᠢᠨᠢ

ᠮᠠᠢᠯᠠᠨ ᠮᠠᠢᠯᠠᠨ ᠲᠣᠭᠯᠠᠨ᠎ᠠ ᠂

ᠮᠠᠩᠯᠠᠢ ᠠᠪᠠᠭ᠎ᠠ ᠮᠢᠨᠢ ᠦᠵᠡᠭᠡᠳ

ᠮᠠᠭᠲᠠᠨ ᠮᠠᠭᠲᠠᠨ ᠪᠠᠬᠠᠷᠤᠨ᠎ᠠ ᠃

ᠮᠠᠨᠳᠤᠯ ᠬᠢᠭᠡᠳ ᠮᠠᠨᠳᠠᠯ

ᠠᠷᠢᠭᠤᠨ ᠮᠣᠩᠭᠣᠯ ᠣᠷᠣᠨ ᠮᠢᠨᠢ

ᠠᠯᠲᠠᠨ ᠨᠠᠷᠠᠨ ᠰᠢᠭ᠋ ᠮᠠᠨᠳᠤᠯ ᠲᠠᠢ ᠂

ᠠᠭᠠᠷ ᠲᠩᠷᠢ ᠶ᠋ᠢᠨ ᠲᠠᠩᠨᠠᠢ ᠮᠢᠨᠢ

ᠠᠷᠴᠢᠭᠰᠠᠨ ᠲᠣᠯᠢ ᠰᠢᠬ ᠮᠠᠨᠳᠠᠯ ᠲᠠᠢ ᠃

ᠮᠠᠯᠤᠷ ᠬᠢᠭᠡᠳ ᠮᠣᠯᠣᠷ

ᠮᠠᠯᠤᠷ ᠥᠲᠡᠭᠡ ᠬᠡᠮᠡᠭᠴᠢ

ᠮᠠᠰᠢ ᠴᠤᠬᠠᠭ ᠠᠮᠢᠲᠠᠨ ᠂

ᠮᠣᠯᠣᠷ ᠡᠷᠳᠡᠨᠢ ᠠᠳᠠᠯᠢ

ᠮᠠᠭᠠᠳ ᠬᠣᠪᠣᠷ ᠠᠷᠢᠶᠠᠲᠠᠨ ᠃

ᠮᠡᠩᠭᠡ ᠬᠢᠭᠡᠳ ᠮᠥᠩᠭᠥ

ᠠᠪᠤ ᠶ᠋ᠢᠨ ᠮᠢᠨᠢ ᠴᠢᠷᠠᠢ ᠳ᠋ᠤ᠌

ᠠᠯᠲᠠᠨ ᠮᠡᠩᠭᠡ ᠲᠡᠢ ᠂

ᠠᠪᠳᠠᠷ᠎ᠠ ᠳᠣᠲᠣᠷ᠎ᠠ ᠨᠢ

ᠠᠷᠪᠢᠨ ᠮᠥᠩᠭᠥ ᠲᠡᠢ ᠃

ᠮᠡᠰᠡ ᠬᠢᠭᠡᠳ ᠮᠥᠰᠥ

ᠬᠥᠮᠦᠨ ᠬᠦᠨᠳᠦ ᠡᠪᠡᠳᠴᠢᠯᠡᠪᠡᠯ

ᠮᠡᠰᠡ ᠵᠠᠰᠠᠯ ᠬᠢᠳᠡᠭ ᠂

ᠬᠦᠢᠲᠡᠨ ᠡᠪᠦᠯ ᠢᠷᠡᠪᠡᠯ

ᠮᠥᠰᠥ ᠴᠠᠰᠤ ᠬᠥᠯᠳᠡᠳᠡᠭ ᠃

ᠮᠡᠴᠢᠳ ᠬᠢᠭᠡᠳ ᠮᠥᠴᠢᠳ

ᠣᠳᠣᠨ ᠮᠡᠴᠢᠳ ᠲᠡᠢ ᠤᠷᠤᠯᠳᠤᠨ

ᠣᠮᠣᠭ ᠲᠡᠭᠦᠯᠳᠡᠷ ᠰᠤᠷᠤᠯᠴᠠᠨ᠎ᠠ ᠂

ᠣᠯᠠᠨ ᠮᠥᠴᠢᠳ ᠵᠦᠢᠯ ᠢ᠋ᠶ᠋ᠡᠨ

ᠤᠷᠮ᠎ᠠ ᠲᠠᠢ ᠨᠥᠬᠥᠪᠥᠷᠢᠯᠡᠵᠦ ᠶᠠᠪᠤᠨ᠎ᠠ ᠃

ᠮᠤᠨᠳᠠᠭ ᠬᠢᠭᠡᠳ ᠮᠤᠨᠳᠠᠭ᠎ᠠ

ᠮᠣᠩᠭᠣᠯ ᠪᠥᠬᠡ ᠳ᠋ᠦ᠍ ᠠᠪᠢᠶᠠᠰ ᠲᠠᠢ

ᠮᠤᠨᠳᠠᠭ ᠪᠤᠵᠠᠭᠠᠢ ᠡᠷ᠎ᠡ ᠂

ᠮᠥᠩᠭᠥᠨ ᠴᠠᠭᠠᠨ ᠵᠢᠰᠦᠮ ᠲᠡᠢ

ᠮᠤᠨᠳᠠᠭ᠎ᠠ ᠴᠠᠭᠠᠨ ᠮᠣᠷᠢ ᠃

ᠮᠤᠷᠤᠢ ᠬᠢᠭᠡᠳ ᠮᠣᠷᠢ

ᠮᠤᠷᠤᠢ ᠵᠠᠮ ᠊ᠢ ᠡᠯᠭᠦᠨ

ᠮᠤᠩᠳᠠᠰᠢ ᠦᠭᠡᠢ ᠳᠠᠪᠬᠢᠭᠤᠯᠵᠤ ᠂

ᠮᠤᠨᠢ ᠠᠭᠤᠯᠠᠨ ᠳ᠋ᠤ᠌ ᠲᠠᠯᠪᠢᠭᠰᠠᠨ

ᠮᠣᠷᠢ ᠪᠠᠨ ᠡᠷᠢᠵᠦ ᠶᠠᠪᠤᠪᠠ ᠃

 

ᠮᠣᠳᠣᠷ ᠬᠢᠭᠡᠳ ᠮᠣᠲ᠋ᠣᠷ

ᠰᠦᠰᠦᠭ ᠪᠢᠰᠢᠷᠡᠯ ᠲᠡᠢ ᠥᠩᠭᠡᠷᠡᠭᠰᠡᠨ ᠳ᠋ᠦ᠍

ᠭᠠᠷ ᠢ᠋ ᠮᠣᠳᠣᠷ ᠭᠡᠵᠦ ᠪᠠᠢᠵᠠᠢ ᠂

ᠰᠦᠷᠦᠭ ᠣᠯᠠᠨ ᠲᠠᠢ ᠥᠨᠥᠳᠥᠷ

ᠭᠠᠩᠭᠠᠩ ᠮᠣᠲ᠋ᠣᠷ ᠭᠠᠯᠯᠠᠬᠤ ᠪᠣᠯᠵᠠᠢ ᠃

ᠮᠥᠴᠢ ᠬᠢᠭᠡᠳ ᠮᠥᠴᠡ

ᠲᠡᠮᠡᠭᠡ ᠢᠮᠠᠭ᠎ᠠ

ᠳᠥᠷᠪᠡᠨ ᠮᠥᠴᠢ ᠲᠡᠢ ᠂

ᠲᠦᠮᠡᠨ ᠣᠨ ᠰᠠᠷ᠎ᠠ

ᠲᠦᠷᠭᠡᠨ ᠮᠥᠴᠡ ᠲᠡᠢ ᠃

ᠮᠥᠷ ᠬᠢᠭᠡᠳ ᠮᠥᠷᠥ

ᠠᠯᠬᠤᠵᠤ ᠭᠢᠰᠬᠢᠬᠦ᠎ᠡᠴᠡ ᠭᠠᠷᠳᠠᠭ

ᠠᠰᠬᠠᠨ ᠰᠢᠯᠤᠭᠤᠨ ᠮᠥᠷ ᠂

ᠠᠯᠠᠭ ᠪᠣᠭᠴᠣ ᠪᠠᠨ ᠡᠭᠦᠷᠬᠦ

ᠠᠴᠢ ᠲᠠᠢ ᠰᠠᠢᠬᠠᠨ ᠮᠥᠷᠥ ᠃

ᠮᠥᠷ ᠬᠢᠭᠡᠳ ᠮᠥᠷᠢ

ᠬᠥᠮᠦᠨ  ᠪ ᠮᠥᠷ

ᠬᠥᠳᠡᠭᠡ ᠲᠠᠯ᠎ᠠ ᠳ᠋ᠤ᠌ ᠳᠤᠷᠠᠢᠳᠠᠭ ᠂

ᠬᠢᠲᠤᠭ᠎ᠠ ᠶ᠋ᠢᠨ ᠮᠥᠷᠢ

ᠬᠤᠷᠴᠠ ᠢᠷ ᠢ᠋ᠶ᠋ᠡᠷ ᠢ᠋ᠶ᠋ᠡᠨ ᠭᠢᠯᠠᠯᠵᠠᠳᠠᠭ ᠃