ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠬᠠ ᠭᠠ ᠠᠢᠮᠠᠭ Монгол үсэг молор эрдэнэ-дүрс ойролцоо үгс
ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠬᠠ ᠭᠠ ᠠᠢᠮᠠᠭ
ᠬᠠ ᠭᠠ ᠠᠢᠮᠠᠭ
ᠬᠠᠢᠬᠤ ᠬᠢᠭᠡᠳ ᠬᠠᠶᠠᠬᠤ
ᠠᠯᠲᠠᠨ ᠬᠢᠯᠢ ᠶ᠋ᠢᠨ
ᠪᠠᠭᠠᠲᠤᠷᠴᠤᠳ
ᠠᠯᠤᠰ ᠤ᠋ᠨ ᠪᠠᠷ᠎ᠠ ᠶ᠋ᠢ
ᠬᠠᠢᠬᠤ ᠰᠠᠢᠬᠠᠨ ᠂
ᠠᠪᠤᠷᠭᠤ ᠣᠯᠠᠨ
ᠪᠥᠬᠡᠴᠦᠳ
ᠠᠤᠭ᠎ᠠ ᠬᠦᠴᠦ ᠪᠡᠷ ᠢ᠋ᠶ᠋ᠡᠨ
ᠬᠠᠶᠠᠬᠤ ᠰᠠᠢᠬᠠᠨ ᠃
ᠬᠠᠢᠯᠬᠤ ᠬᠢᠭᠡᠳ
ᠬᠠᠢᠯᠠᠬᠤ
ᠴᠠᠰᠤ ᠮᠥᠰᠥ ᠬᠠᠢᠯᠬᠤ
ᠤᠷᠢᠬᠠᠨ ᠬᠠᠪᠤᠷ ᠤ᠋ᠨ
ᠳᠤᠯᠠᠭᠠᠨ ᠂
ᠴᠠᠭ ᠦᠷᠭᠦᠯᠵᠢ
ᠬᠠᠢᠯᠠᠬᠤ
ᠤᠬᠢᠯᠠᠮᠠᠲᠠᠭᠠᠢ
ᠬᠡᠦᠬᠡᠳ ᠮᠠᠭᠤᠬᠠᠢ ᠃
ᠬᠠᠢᠷ ᠬᠢᠭᠡᠳ ᠬᠠᠢᠷ᠎ᠠ
ᠬᠠᠮᠲᠤ
ᠨᠥᠬᠥᠳ ᠡᠴᠡ ᠪᠡᠨ ᠬᠠᠭᠠᠴᠠᠪᠠᠯ
ᠬᠠᠢᠷ ᠴᠢᠯᠠᠭᠤ ᠰᠢᠭ᠋
ᠪᠤᠲᠠᠷᠠᠨ᠎ᠠ ᠂
ᠬᠠᠢᠷ᠎ᠠ
ᠰᠡᠳᠬᠢᠯ ᠢ᠋ᠶ᠋ᠡᠨ ᠨᠢᠭᠡᠳᠬᠡᠪᠡᠯ
ᠬᠠᠳᠠ ᠴᠢᠯᠠᠭᠤ ᠰᠢᠭ᠋
ᠰᠦᠭᠯᠦᠢᠨᠡ ᠃
ᠬᠠᠢᠷᠠᠬᠠᠨ ᠬᠢᠭᠡᠳ
ᠬᠠᠢᠷᠬᠠᠨ
ᠬᠠᠢᠷᠠᠬᠠᠨ ᠪᠡᠶ᠎ᠡ ᠶ᠋ᠢ
ᠨᠠᠰᠤ ᠳᠠᠷᠤᠨ᠎ᠠ ᠂
ᠬᠠᠨ ᠬᠠᠢᠷᠬᠠᠨ ᠊ᠢ
ᠴᠠᠰᠤ ᠳᠠᠷᠤᠨ᠎ᠠ ᠃
ᠬᠠᠨ ᠬᠢᠭᠡᠳ ᠬᠠᠨ᠎ᠠ
ᠬᠠᠨ ᠥᠨᠳᠥᠷ
ᠠᠭᠤᠯᠠᠨ ᠳ᠋ᠤ᠌
ᠬᠠᠷᠴᠠᠭᠠᠢ ᠰᠢᠪᠠᠭᠤ
ᠨᠢᠰᠦᠨ᠎ᠡ ᠂
ᠬᠠᠰ ᠴᠠᠭᠠᠨ ᠭᠡᠷ ᠲᠦ᠍
ᠬᠠᠨ᠎ᠠ ᠣᠨᠢ ᠪᠣᠰᠤᠨ᠎ᠠ
᠃
ᠬᠠᠩᠭᠠᠨ ᠬᠢᠭᠡᠳ
ᠬᠠᠩᠭᠢᠨ
ᠬᠠᠩᠭᠠᠨ ᠪᠣᠷᠣᠯᠠᠭᠤᠯᠬᠤ
ᠬᠣᠷᠰᠢᠶ᠎ᠠ ᠳ᠋ᠤ᠌
ᠡᠳ᠋ ᠲᠠᠸᠠᠷ ᠡᠯᠪᠡᠭ ᠂
ᠬᠠᠩᠭᠢᠨ ᠬᠤᠰᠢᠭᠤᠨ ᠤ᠋
ᠳᠡᠯᠭᠡᠭᠦᠷ ᠲᠦ᠍
ᠡᠲᠯᠡᠯ ᠬᠡᠷᠡᠭᠰᠡᠯ
ᠡᠯᠳᠡᠩ ᠃
ᠬᠠᠪ ᠬᠢᠭᠡᠳ ᠬᠠᠪᠠ
ᠬᠠᠪ ᠬᠠᠷ᠎ᠠ ᠦᠰᠦ ᠲᠡᠢ
ᠬᠠᠪᠠ ᠭᠥᠯᠥᠭᠡ
ᠲᠡᠵᠢᠭᠡᠭᠰᠡᠨ ᠴᠢᠨᠢ
ᠬᠠᠯᠲᠠᠷ ᠢᠰᠢᠭᠡ ᠶ᠋ᠢ
ᠦᠵᠡᠭᠡᠳ
ᠬᠠᠪ ᠬᠠᠪ ᠬᠤᠴᠠᠨ᠎ᠠ ᠃
ᠬᠠᠪᠢ ᠬᠢᠭᠡᠳ ᠬᠠᠪᠤ
ᠣᠢᠷ᠎ᠠ ᠬᠠᠪᠢ ᠶ᠋ᠢᠨ
ᠠᠭᠤᠯᠠᠨ ᠳ᠋ᠤ᠌
ᠣᠭᠣᠨᠣ ᠭᠥᠷᠥᠭᠡᠰᠦ
ᠣᠯᠠᠨ ᠂
ᠤᠷᠮ᠎ᠠ ᠬᠠᠪᠤ
ᠬᠥᠳᠡᠯᠪᠡᠯ
ᠣᠴᠢᠵᠤ ᠦᠵᠡᠵᠦ
ᠪᠣᠯᠤᠨ᠎ᠠ ᠃
ᠬᠠᠭᠤᠷᠠᠢ ᠬᠢᠭᠡᠳ
ᠬᠠᠤᠷᠠᠢ
ᠭᠠᠩ ᠬᠠᠭᠤᠷᠠᠢ
ᠬᠠᠳᠠᠮᠠᠯ ᠬᠠᠭᠤᠷᠠᠢ
ᠲᠡᠭᠷᠢ ᠶ᠋ᠢᠨ ᠭᠠᠮᠰᠢᠭ
ᠲᠦᠮᠡᠨ ᠦ᠌ ᠵᠣᠪᠠᠯᠠᠩ ᠂
ᠭᠠᠩ ᠬᠠᠤᠷᠠᠢ
ᠲᠡᠮᠦᠷ ᠦ᠋ᠨ ᠬᠠᠤᠷᠠᠢ
ᠲᠡᠮᠦᠷ ᠊ᠢ ᠥᠷᠥᠨ᠎ᠡ
ᠮᠣᠳᠣ ᠶ᠋ᠢ ᠥᠷᠥᠨ᠎ᠡ ᠃
ᠬᠠᠭᠳᠠ ᠬᠢᠭᠡᠳ ᠬᠠᠨᠳᠠ
ᠬᠥᠳᠡᠭᠡ ᠲᠠᠯ᠎ᠠ ᠶ᠋ᠢᠨ
ᠬᠠᠭᠳᠠ
ᠬᠥᠭᠵᠢᠯᠲᠦ ᠬᠠᠪᠤᠷ ᠲᠤ᠌
ᠰᠣᠶᠣᠭᠠᠯᠠᠨ᠎ᠠ ᠂
ᠬᠥᠬᠡ ᠴᠠᠢ ᠶ᠋ᠢᠨ
ᠬᠠᠨᠳᠠ
ᠬᠥᠨᠥᠭ ᠴᠣᠮᠣ ᠳ᠋ᠤ᠌
ᠢᠳᠡᠭᠡᠰᠢᠨᠡ ᠃
ᠬᠠᠯᠠᠭ᠎ᠠ ᠬᠢᠭᠡᠳ
ᠬᠠᠯᠠᠭᠠᠢ
ᠬᠠᠯᠠᠭ᠎ᠠ ᠬᠠᠯᠠᠭ᠎ᠠ
ᠡᠭᠡᠯᠵᠢ ᠳᠡᠭᠡᠷ᠎ᠡ
ᠬᠠᠯᠠᠭᠠᠢ ᠨᠣᠭᠣᠭ᠎ᠠ
ᠬᠠᠳᠠᠨ ᠳᠡᠭᠡᠷ᠎ᠡ
ᠬᠠᠯᠢᠮ ᠬᠢᠭᠡᠳ ᠬᠠᠯᠢᠮᠤ
ᠬᠣᠨᠢ ᠢᠮᠠᠭᠠᠨ ᠤ᠋
ᠬᠠᠯᠢᠮ ᠥᠭᠡᠬᠦ
ᠠᠮᠲᠠ ᠲᠠᠢ ᠂
ᠬᠣᠯᠠ ᠳᠠᠯᠠᠢ ᠶ᠋ᠢᠨ
ᠬᠠᠯᠢᠮᠤ ᠵᠢᠭᠠᠰᠤ
ᠪᠤᠵᠠᠭᠠᠢ ᠃
ᠬᠠᠰ ᠬᠢᠭᠡᠳ ᠬᠠᠰᠠ
ᠬᠠᠰ ᠡᠷᠳᠡᠨᠢ ᠶ᠋ᠢᠨ
ᠴᠢᠯᠠᠭᠤ
ᠬᠠᠷᠢᠨ ᠬᠣᠪᠣᠷ ᠡᠲᠯᠡᠯ
᠂
ᠬᠠᠰᠠ ᠭᠤᠶ᠎ᠠ ᠬᠣᠶᠠᠷ
ᠬᠠᠷᠢᠨ ᠬᠡᠵᠢᠶᠡᠳᠡ
ᠬᠠᠮᠲᠤ ᠃
ᠬᠠᠳᠠᠨ ᠬᠢᠭᠡᠳ ᠬᠠᠲᠤᠨ
ᠬᠠᠷ᠎ᠠ ᠬᠠᠳᠠᠨ ᠤ᠋
ᠣᠷᠭᠢᠯ ᠠ᠋ᠴᠠ
ᠬᠠᠯᠢᠯ ᠬᠦᠷᠭᠡᠷ᠎ᠡ
ᠱᠤᠤᠭᠢᠨ᠎ᠠ ᠂
ᠬᠠᠷᠢ ᠤᠯᠤᠰ ᠤ᠋ᠨ
ᠵᠣᠴᠢᠳ
ᠬᠠᠲᠤᠨ ᠢ᠋ᠶ᠋ᠠᠨ
ᠳᠠᠭᠠᠭᠤᠯᠤᠨ ᠰᠣᠨᠢᠷᠬᠠᠨ᠎ᠠ ᠃
ᠬᠠᠲᠠᠭᠢ ᠬᠢᠭᠡᠳ ᠬᠠᠳᠠᠭ
ᠠᠷᠠᠰᠤᠨ ᠡᠪᠡᠳᠴᠢᠨ
ᠬᠠᠲᠠᠭᠢ ᠶ᠋ᠢ
ᠠᠷᠢᠯᠭᠠᠵᠤ ᠵᠠᠰᠠᠭᠤᠯᠵᠤ
ᠶᠠᠪᠤᠶ᠎ᠠ ᠂
ᠠᠷᠢᠭᠤᠨ ᠴᠠᠭᠠᠨ
ᠬᠠᠳᠠᠭ ᠢ᠋ᠶ᠋ᠠᠨ
ᠠᠷᠠᠳ ᠤ᠋ᠨ
ᠡᠮᠴᠢ ᠳ᠋ᠡᠭᠡᠨ ᠳᠡᠪᠰᠢᠭᠦᠯᠦᠶ᠎ᠡ ᠃
ᠬᠠᠲᠠᠭᠠᠳ ᠬᠢᠭᠡᠳ
ᠬᠠᠳᠤᠭᠠᠳ
ᠮᠣᠳᠣᠴᠢᠨ ᠡᠪᠦᠭᠡ
ᠬᠠᠳᠠᠭᠠᠰᠤ ᠬᠠᠲᠠᠭᠠᠳ
ᠲᠤᠭ ᠲᠤᠭ ᠂
ᠮᠠᠯᠴᠢᠨ ᠠᠪᠠᠭ᠎ᠠ
ᠡᠪᠡᠰᠦ ᠬᠠᠳᠤᠭᠠᠳ
ᠱᠤᠸᠠᠷ ᠱᠤᠸᠠᠷ ᠃
ᠬᠠᠲᠠᠷᠢᠬᠤ ᠬᠢᠭᠡᠳ
ᠬᠠᠳᠤᠷᠬᠤ
ᠠᠭᠲᠠ ᠬᠦᠯᠦᠭ ᠮᠣᠷᠢ
ᠮᠢᠨᠢ
ᠠᠶᠠᠨ ᠤ᠋ ᠵᠠᠮ ᠳ᠋ᠠᠭᠠᠨ
ᠬᠠᠲᠠᠷᠢᠬᠤ ᠶᠤᠮ ᠂
ᠠᠪᠠ ᠶ᠋ᠢᠨ ᠲᠠᠢᠭ᠎ᠠ
ᠨᠣᠬᠠᠢ ᠮᠢᠨᠢ
ᠠᠷᠢᠶᠠᠲᠠᠨ ᠊ᠢ ᠦᠵᠡᠪᠡᠯ
ᠬᠠᠳᠤᠷᠬᠤ ᠶᠤᠮ ᠃
ᠬᠠᠶᠠ ᠬᠢᠭᠡᠳ ᠬᠠᠶᠠᠭ᠎ᠠ
ᠬᠠᠶᠠ ᠵᠠᠷᠢᠮ ᠡᠴᠢᠭᠡ
ᠡᠬᠡ
ᠬᠠᠢᠷᠠᠲᠠᠢ
ᠬᠡᠦᠬᠡᠨ ᠢ᠋ᠶ᠋ᠡᠨ ᠰᠠᠨᠠᠬᠤ ᠭᠡᠳ
ᠭᠡᠷ ᠦ᠋ᠨ ᠬᠠᠶᠠᠭ᠎ᠠ
ᠰᠠᠬᠢᠭᠤᠯᠳᠠᠭ
ᠭᠡᠨᠡᠨ ᠵᠠᠩ ᠨᠢ
ᠵᠢᠭᠰᠢᠯᠲᠡᠢ ᠃
ᠬᠠᠷᠠᠵᠤ ᠬᠢᠭᠡᠳ ᠬᠠᠷᠢᠵᠤ
ᠥᠷᠯᠥᠭᠡ ᠶ᠋ᠢᠨ ᠰᠠᠢᠬᠠᠨ
᠊ᠢ ᠵᠠᠪᠳᠤᠵᠤ
ᠥᠯᠥᠭᠡᠢ
ᠨᠤᠲᠤᠭ ᠢ᠋ᠶ᠋ᠠᠨ ᠬᠠᠷᠠᠵᠤ ᠵᠢᠷᠤᠭᠯᠠᠶ᠎ᠠ ᠂
ᠦᠳᠡ ᠶ᠋ᠢᠨ ᠨᠠᠷᠠᠨ ᠤ᠋
ᠦᠶᠡᠰ ᠢ᠋ᠶ᠋ᠡᠷ
ᠦᠷᠢᠶ᠎ᠡ
ᠮᠣᠷᠢ ᠪᠠᠷ ᠢ᠋ᠶ᠋ᠠᠨ ᠬᠠᠷᠢᠵᠤ ᠢᠷᠡᠶ᠎ᠡ ᠃
ᠬᠠᠷᠠᠭ᠎ᠠ ᠬᠢᠭᠡᠳ
ᠬᠠᠷ᠎ᠠ
ᠨᠠᠷᠠᠨ ᠤ᠋ ᠭᠡᠷᠡᠯ ᠊ᠢ
ᠳᠠᠭᠠᠭᠠᠳ
ᠨᠢᠳᠦᠨ ᠦ᠌ ᠬᠠᠷᠠᠭ᠎ᠠ
ᠲᠤᠩᠭᠠᠯᠠᠭ ᠂
ᠨᠢᠭᠦᠯ ᠬᠠᠷ᠎ᠠ ᠶ᠋ᠢ
ᠠᠷᠢᠯᠭᠠᠭᠠᠳ
ᠨᠡᠢᠭᠡᠮ ᠨᠡᠢᠲᠡ
ᠠᠮᠤᠭᠤᠯᠠᠩ ᠃
ᠬᠠᠷᠠᠭᠤᠯ ᠬᠢᠭᠡᠳ
ᠬᠠᠷᠤᠭᠤᠯ
ᠠᠯᠲᠠᠨ ᠬᠢᠯᠢ ᠪᠡᠨ
ᠴᠠᠭᠳᠠᠬᠤ ᠳ᠋ᠤ᠌
ᠬᠠᠷᠠᠭᠤᠯ ᠮᠠᠨᠠᠭ᠎ᠠ
ᠴᠢᠬᠤᠯᠠ ᠲᠠᠢ ᠂
ᠠᠪᠳᠠᠷ᠎ᠠ ᠬᠣᠷᠭᠣ
ᠬᠢᠬᠦ ᠳ᠋ᠦ᠍
ᠬᠠᠷᠤᠭᠤᠯ ᠴᠦᠴᠡ
ᠬᠡᠷᠡᠭᠲᠡᠢ ᠃
ᠬᠠᠷᠠᠮᠴᠢ ᠬᠢᠭᠡᠳ
ᠬᠠᠷᠠᠮᠵᠢ
ᠡᠮᠦᠨ᠎ᠡ ᠠᠢᠯ ᠤ᠋ᠨ
ᠬᠠᠩᠭᠠᠢ
ᠬᠠᠷᠠᠮᠴᠢ ᠵᠠᠩ ᠭᠡᠵᠦ
ᠦᠭᠡᠢ ᠂
ᠡᠬᠡ ᠪᠢᠴᠢᠭ ᠪᠢᠴᠢᠭᠡᠳ
ᠬᠠᠷᠠᠮᠵᠢ ᠶ᠋ᠢᠨ ᠮᠥᠩᠭᠥ
ᠣᠯᠳᠠᠭ ᠃
ᠬᠠᠷ᠎ᠠ ᠬᠢᠭᠡᠳ ᠬᠠᠷ᠎ᠠ
ᠬᠠᠷ᠎ᠠ ᠬᠠᠷ᠎ᠠ ᠳᠡᠭᠦᠦ
ᠮᠢᠨᠢ
ᠪᠠᠷ᠎ᠠ ᠬᠠᠷ᠎ᠠ ᠦᠵᠡᠪᠡᠦ ?
ᠬᠠᠷ᠎ᠠ ᠬᠠᠷ᠎ᠠ ᠲᠡᠷᠡ
ᠴᠢᠨᠢ
ᠪᠠᠷᠠᠭᠠᠨ ᠬᠠᠷ᠎ᠠ ᠥᠩᠭᠡ
ᠰᠢᠦ ᠃
ᠬᠠᠷᠠᠴᠠ ᠬᠢᠭᠡᠳ
ᠬᠠᠷᠠᠴᠤ
ᠬᠠᠷᠠᠴᠤ ᠭᠠᠷᠤᠯ ᠲᠠᠢ
ᠬᠠᠲᠠᠭᠢᠨ ᠣᠪᠣᠭ ᠲᠠᠢ ᠂
ᠬᠠᠷᠠᠴᠠ ᠲᠤᠩᠭᠠᠯᠠᠭ
ᠬᠠᠳᠠᠨ ᠵᠣᠷᠢᠭᠲᠠᠨ ᠃
ᠬᠠᠷᠭᠠᠨ᠎ᠠ ᠬᠢᠭᠡᠳ
ᠬᠠᠷᠠᠭᠤᠨ᠎ᠠ
ᠬᠠᠳᠠᠨ ᠤ᠋
ᠡᠩᠭᠡᠷ ᠲᠡᠬᠢ
ᠬᠠᠷᠭᠠᠨ᠎ᠠ ᠮᠣᠳᠣᠨ ᠠ᠋ᠴᠠ
ᠬᠠᠷᠠᠭᠤᠨ᠎ᠠ ᠰᠢᠪᠠᠭᠤ
ᠬᠠᠯᠢᠨ ᠨᠢᠰᠪᠡ ᠃
ᠬᠠᠷᠭᠤᠢ ᠬᠢᠭᠡᠳ
ᠬᠠᠷᠭᠠᠢ
ᠥᠷᠭᠡᠨ ᠳᠠᠷᠳᠠᠩ
ᠬᠠᠷᠭᠤᠢ ᠵᠠᠮ ᠂
ᠥᠨᠳᠥᠷ ᠠᠭᠤᠯᠠᠨ ᠤ᠋
ᠬᠠᠷᠭᠠᠢ ᠮᠣᠳᠣ ᠃
ᠬᠠᠵᠠᠭᠠᠷ ᠬᠢᠭᠡᠳ
ᠬᠢᠵᠠᠭᠠᠷ
ᠬᠠᠷ᠎ᠠ ᠬᠡᠭᠡᠷ
ᠮᠣᠷᠢᠨ ᠳ᠋ᠠᠭᠠᠨ
ᠬᠠᠵᠠᠭᠠᠷ ᠡᠮᠡᠭᠡᠯ
ᠳᠤᠬᠤᠶᠠ ᠂
ᠬᠠᠢᠷᠠᠲᠤ ᠡᠬᠡ
ᠤᠯᠤᠰ ᠤ᠋ᠨ ᠢ᠋ᠶ᠋ᠠᠨ
ᠬᠢᠵᠠᠭᠠᠷ ᠣᠷᠣᠨ ᠊ᠢ
ᠬᠠᠮᠠᠭᠠᠯᠠᠶ᠎ᠠ ᠃
ᠬᠡᠭᠡᠯ ᠬᠢᠭᠡᠳ ᠬᠡᠭᠡᠯᠢ
ᠬᠡᠭᠡᠯ ᠲᠡᠢ ᠭᠡᠭᠦᠦ
ᠨᠤᠭᠦᠳ
ᠬᠡᠭᠡᠷ᠎ᠡ ᠲᠠᠯ᠎ᠠ ᠳ᠋ᠤ᠌
ᠦᠦᠷᠰᠡᠵᠦ ᠪᠠᠢᠨ᠎ᠠ ᠂
ᠬᠡᠭᠡᠯᠢ ᠢᠲᠡᠭᠰᠡᠳ ᠦ᠋ᠨ
ᠭᠡᠳᠡᠰᠦ
ᠬᠡᠩᠭᠡᠷᠭᠡ ᠰᠢᠭ
ᠳᠤᠤᠭᠠᠷᠴᠤ ᠪᠠᠢᠨ᠎ᠠ ᠃
ᠬᠡᠭᠡᠷ ᠬᠢᠭᠡᠳ
ᠬᠡᠭᠡᠷ᠎ᠡ
ᠬᠡᠭᠡᠷ ᠮᠣᠷᠢ ᠪᠠᠨ
ᠤᠨᠤᠭᠠᠳ
ᠬᠡᠭᠡᠷ᠎ᠡ ᠲᠠᠯ᠎ᠠ ᠪᠠᠷ
ᠠᠪᠠᠯᠠᠶᠠ ᠂
ᠬᠡᠭᠡᠷ᠎ᠡ ᠲᠠᠯ᠎ᠠ ᠶ᠋ᠢᠨ
ᠦᠨᠡᠭᠡ ᠶ᠋ᠢ
ᠬᠡᠭᠡᠷ ᠮᠣᠷᠢᠨ ᠳ᠋ᠠᠭᠠᠨ
ᠭᠠᠨᠵᠤᠭᠠᠯᠠᠶᠠ ᠃
ᠬᠡᠯᠪᠡᠷᠢ ᠬᠢᠭᠡᠳ
ᠬᠡᠯᠪᠡᠭᠡᠷ
ᠬᠡᠷᠡᠭ ᠪᠣᠳᠠᠰ ᠤ᠋ᠨ
ᠮᠠᠶᠢᠬ ᠳᠦᠷᠰᠦ ᠶ᠋ᠢ
ᠬᠡᠯᠪᠡᠷᠢ ᠶᠠᠩᠵᠤ ᠠ᠋ᠴᠠ
ᠨᠢ ᠦᠵᠡᠨ᠎ᠡ ᠂
ᠬᠡᠷᠪᠡ ᠲᠡᠷᠡ ᠨᠢ
ᠬᠠᠵᠠᠢᠬᠰᠠᠨ ᠪᠣᠯ
ᠬᠡᠯᠪᠡᠭᠡᠷ ᠪᠣᠯᠵᠠᠢ
ᠭᠡᠵᠦ ᠦᠵᠡᠨ᠎ᠡ ᠃
ᠬᠡᠰᠡᠭ ᠬᠢᠭᠡᠳ ᠬᠡᠰᠢᠭ
ᠬᠡᠰᠡᠭ ᠪᠦᠯᠦᠭ ᠨᠢ
ᠲᠣᠳᠣᠷᠬᠠᠢ ᠪᠣᠯ
ᠤᠷᠠᠨ ᠵᠣᠬᠢᠶᠠᠯ
ᠣᠢᠯᠠᠭᠠᠮᠵᠢᠲᠠᠢ ᠂
ᠬᠡᠰᠢᠭ ᠱᠠᠩᠨᠠᠯ ᠨᠢ
ᠦᠯᠡᠮᠵᠢ ᠪᠣᠯ
ᠤᠷᠤᠯᠳᠤᠨ ᠮᠡᠷᠡᠢᠭᠰᠡᠳ
ᠤᠷᠮᠠᠲᠠᠢ ᠃
ᠬᠡᠲᠡ ᠬᠢᠭᠡᠳ ᠬᠡᠳᠦ
ᠬᠡᠭᠡᠷ᠎ᠡ ᠲᠠᠯ᠎ᠠ ᠶ᠋ᠢᠨ
ᠮᠠᠯᠴᠢᠳ
ᠬᠡᠲᠡ ᠶ᠋ᠢᠨ ᠭᠠᠯ ᠊ᠢ
ᠵᠠᠷᠤᠵᠤ ᠪᠠᠢᠵᠠᠢ ᠂
ᠬᠡᠳᠦ ᠶ᠋ᠢᠨ
ᠰᠠᠢᠬᠠᠨ ᠢ᠋ᠶ᠋ᠠᠨ ᠪᠠᠷᠠᠯᠠᠭᠠᠳ
ᠬᠡᠮᠵᠢᠶᠡᠯᠡᠰᠢ ᠦᠭᠡᠢ
ᠪᠠᠶᠠᠷᠯᠠᠵᠤ ᠪᠠᠢᠵᠠᠢ ᠃
ᠬᠡᠷᠡᠮ ᠬᠢᠭᠡᠳ ᠬᠡᠷᠡᠮᠦ
ᠠᠢᠯ ᠠᠢᠯ ᠤ᠋ᠨ
ᠬᠡᠷᠡᠮ ᠬᠠᠰᠢᠶ᠎ᠠ
ᠥᠨᠳᠥᠷ ᠂
ᠠᠭᠤᠯᠠ ᠠᠭᠤᠯᠠ ᠶ᠋ᠢᠨ
ᠬᠡᠷᠡᠮᠦ ᠠᠮᠢᠲᠠᠨ
ᠠᠷᠪᠢᠨ ᠃
ᠬᠢᠭᠢᠯᠢ ᠬᠢᠭᠡᠳ
ᠬᠢᠭᠢᠷᠢ
ᠲᠤᠩᠭᠠᠯᠠᠭ ᠢᠷᠠᠭᠤᠬᠠᠨ
ᠡᠭᠡᠰᠢᠭ ᠲᠡᠢ
ᠬᠢᠭᠢᠯᠢ ᠪᠡᠨ ᠪᠢ
ᠬᠠᠢᠷᠠᠯᠠᠨ᠎ᠠ ᠂
ᠲᠤᠭ ᠬᠢᠭᠢᠷᠢ ᠪᠡᠨ
ᠡᠷᠭᠦᠭᠡᠳ
ᠳᠤᠷᠠᠰᠬᠠᠯ ᠤ᠋ᠨ
ᠡᠳᠦᠷ ᠢ᠋ᠶ᠋ᠡᠨ ᠪᠡᠯᠭᠡᠯᠡᠨ᠎ᠡ ᠃
ᠬᠢᠮᠤᠰᠤ ᠬᠢᠭᠡᠳ ᠬᠢᠮᠰᠠ
ᠬᠤᠷᠤᠭᠤ ᠬᠢᠮᠤᠰᠤ ᠪᠠᠨ
ᠴᠡᠪᠡᠷ ᠪᠠᠢᠯᠭᠠᠶ᠎ᠠ ᠂
ᠬᠠᠪᠴᠢᠭᠤᠷ ᠬᠢᠮᠰᠠ ᠪᠠᠨ
ᠬᠠᠮᠠᠭᠠᠯᠠᠵᠤ ᠵᠠᠷᠤᠶ᠎ᠠ
᠃
ᠬᠢᠯᠢ ᠬᠢᠭᠡᠳ ᠬᠡᠯᠡ
ᠬᠢᠯᠢ
ᠬᠢᠵᠠᠭᠠᠷ ᠢ᠋ᠶ᠋ᠠᠨ ᠬᠠᠮᠠᠭᠠᠯᠠᠳᠠᠭ
ᠬᠢᠯᠢᠴᠢᠳ
ᠠᠪᠠᠭ᠎ᠠ ᠳ᠋ᠠᠭᠠᠨ ᠲᠠᠯᠠᠷᠬᠠᠨ᠎ᠠ ᠂
ᠬᠡᠳᠦ ᠶ᠋ᠢᠨ ᠰᠠᠢᠬᠠᠨ
᠊ᠢ ᠲᠠᠨᠢᠭᠤᠯᠤᠭᠰᠠᠨ
ᠬᠡᠯᠡ ᠪᠢᠴᠢᠭ ᠢ᠋ᠶ᠋ᠡᠨ
ᠬᠠᠢᠷᠠᠯᠠᠨ᠎ᠠ ᠃
ᠬᠢᠰᠠᠭ᠎ᠠ ᠬᠢᠭᠡᠳ ᠬᠢᠰᠠ
ᠠᠭᠤᠯᠠ ᠤᠰᠤᠨ ᠤ᠋
ᠵᠠᠪᠰᠠᠷ ᠤ᠋ᠨ
ᠤᠷᠲᠤ ᠬᠠᠪᠴᠢᠯ ᠲᠠᠢ
ᠬᠢᠰᠠᠭ᠎ᠠ ᠂
ᠣᠯᠠᠨ ᠪᠦᠬᠦᠨ ᠦ᠌ ᠵᠠᠷᠤᠳᠠᠭ
ᠤᠯᠠᠭᠠᠨ ᠭᠠᠯ ᠲᠠᠢ
ᠬᠢᠰᠠ ᠃
ᠬᠢᠲᠤᠭ᠎ᠠ ᠬᠢᠭᠡᠳ
ᠬᠤᠲᠤᠭ
ᠬᠢᠲᠤᠭ᠎ᠠ ᠬᠤᠷᠴᠠ
ᠪᠣᠯᠪᠠᠴᠤ
ᠡᠰᠢᠨ ᠳ᠋ᠡᠭᠡᠨ ᠲᠤᠰᠠ
ᠦᠭᠡᠢ ᠂
ᠬᠤᠲᠤᠭ ᠭᠤᠶᠤᠳᠠᠭ
ᠪᠣᠯᠪᠠᠴᠤ
ᠡᠭᠡᠨᠡᠭᠲᠡ ᠲᠤᠰᠠ ᠦᠭᠡᠢ
᠃
ᠬᠢᠷᠠᠭ᠎ᠠ ᠬᠢᠭᠡᠳ
ᠬᠢᠷ᠎ᠠ
ᠦᠷ ᠦ᠋ᠨ ᠬᠢᠷᠠᠭ᠎ᠠ
ᠰᠤᠪᠤᠷᠠᠬᠤ ᠪᠠᠷ
ᠣᠲᠣᠷ ᠤ᠋ᠨ
ᠰᠤᠷᠭᠠᠭᠤᠯᠢ ᠪᠠᠨ ᠴᠢᠭᠯᠡᠪᠡ ᠂
ᠥᠨᠳᠥᠷ ᠠᠭᠤᠯᠠᠨ ᠤ᠋
ᠬᠢᠷ᠎ᠠ ᠪᠠᠷ
ᠣᠳᠣ ᠲᠠᠢ ᠤᠷᠤᠯᠳᠤᠨ
ᠳᠣᠪᠲᠣᠯᠪᠠ ᠃
ᠬᠢᠷᠢ ᠬᠢᠭᠡᠳ ᠬᠬᠢᠷ
ᠳᠤᠯᠠᠢᠬᠤ ᠨᠠᠷᠠᠨ ᠤ᠋
ᠭᠡᠷᠡᠯ ᠳ᠋ᠦ᠍
ᠲᠤᠭ ᠬᠢᠭᠢᠷᠢ
ᠰᠣᠯᠣᠩᠭᠠᠷᠠᠨ᠎ᠠ ᠂
ᠳᠤᠷᠳᠤᠩ ᠬᠤᠷᠴᠠ
ᠥᠩᠭᠡᠨ ᠳ᠋ᠦ᠍ᠨᠢ
ᠲᠣᠭᠣᠰᠣ ᠬᠬᠢᠷ
ᠳᠠᠷᠤᠭᠳᠠᠨ᠎ᠠ ᠃
ᠬᠢᠷᠥᠭᠡ ᠬᠢᠭᠡᠳ
ᠬᠡᠷᠢᠶ᠎ᠡ
ᠳᠠᠷᠬᠠᠨ
ᠯᠦ᠍ ᠶ᠋ᠢᠨ ᠢ᠋ᠶ᠋ᠡᠨ ᠵᠣᠬᠢᠶᠠᠭᠰᠠᠨ
ᠬᠢᠷᠥᠭᠡ ᠨᠢ
ᠮᠣᠳᠣᠴᠢᠨ ᠤ᠋ ᠪᠠᠭᠠᠵᠢ ᠂
ᠳᠠᠶᠠᠭᠠᠷ ᠣᠯᠠᠨ ᠳ᠋ᠤ᠌ ᠵᠢᠭᠰᠢᠭᠲᠡᠲᠡᠭ᠋
ᠬᠡᠷᠢᠶ᠎ᠡ ᠨᠢ
ᠵᠢᠭᠦᠷᠲᠡᠨ ᠦ᠌ ᠨᠢᠭᠡ ᠃
ᠬᠣᠨᠢ ᠬᠢᠭᠡᠳ ᠬᠠᠨᠢ
ᠠᠮᠲᠠᠲᠤ ᠬᠣᠨᠢᠨ ᠤ᠋
ᠰᠢᠭᠦᠰᠦ ᠲᠠᠯᠪᠢᠵᠤ ᠂
ᠠᠨᠳᠠ ᠬᠠᠨᠢ ᠳ᠋ᠠᠭᠠᠨ
ᠰᠢᠷᠡᠭᠡ ᠵᠠᠰᠠᠶ᠎ᠠ ᠃
ᠬᠣᠨᠢ ᠬᠢᠭᠡᠳ ᠬᠤᠨ
ᠬᠣᠨᠢ ᠮᠠᠯ
ᠬᠣᠷᠣᠭ᠎ᠠ ᠳᠦᠭᠦᠷᠡᠩ ᠂
ᠬᠤᠨ ᠭᠠᠯᠠᠭᠤ
ᠨᠠᠭᠤᠷ ᠳᠦᠭᠦᠷᠡᠩ ᠃
ᠬᠣᠩᠬᠣ ᠬᠢᠭᠡᠳ ᠬᠤᠩᠬ᠎ᠠ
ᠲᠡᠮᠡᠭᠡᠨ
ᠬᠦᠵᠦᠭᠦᠨ ᠳ᠋ᠡᠬᠢ ᠬᠣᠩᠬᠣ
ᠲᠡᠨᠳᠡ ᠡᠴᠡ ᠨᠠᠰᠢ
ᠵᠢᠩᠭᠢᠨᠡᠵᠦ ᠪᠠᠢᠨ᠎ᠠ ᠂
ᠲᠠᠨ ᠤ᠋
ᠰᠤᠷᠭᠠᠭᠤᠯᠢ ᠶ᠋ᠢᠨ ᠬᠤᠩᠬ᠎ᠠ
ᠳᠠᠪᠲᠠᠯᠭ᠎ᠠ
ᠣᠷᠣᠬᠤ ᠪᠠᠷ ᠳᠠᠭᠤᠷᠢᠰᠴᠤ ᠪᠠᠢᠨ᠎ᠠ ᠂
ᠬᠣᠩᠭᠣᠷ ᠬᠢᠭᠡᠳ
ᠬᠣᠩᠬᠣᠷ
ᠬᠣᠩᠭᠣᠷ ᠬᠠᠯᠢᠭᠤᠨ
ᠮᠣᠷᠢ ᠮᠢᠨᠢ
ᠬᠣᠯᠠ ᠶ᠋ᠢᠨ ᠬᠤᠷᠳᠤᠨ
ᠭᠦᠶᠦᠳᠡᠯ ᠲᠡᠢ ᠂
ᠬᠣᠩᠬᠣᠷ ᠭᠠᠵᠠᠷ ᠲᠤ᠌
ᠴᠤ᠌ ᠭᠡᠰᠡᠨ
ᠬᠤᠷᠳᠤᠨ ᠳᠠᠪᠬᠢᠬᠤ
ᠲᠤᠭᠤᠷᠠᠢ ᠲᠠᠢ ᠃
ᠬᠣᠩᠭᠣᠷ ᠬᠢᠭᠡᠳ
ᠬᠤᠩᠭᠠᠷ
ᠬᠣᠩᠭᠣᠷ ᠬᠠᠯᠢᠭᠤᠨ
ᠮᠣᠷᠢ ᠯᠠ ᠪᠠᠢᠨ᠎ᠠ
ᠬᠣᠯᠠ ᠶ᠋ᠢᠨ ᠭᠦᠶᠦᠳᠡᠯ
ᠲᠠᠭᠰᠢ ᠰᠠᠨ ᠂
ᠬᠤᠩᠭᠠᠷ ᠴᠠᠰᠤ ᠶ᠋ᠢ
ᠪᠤᠲᠠᠷᠠᠭᠠᠭᠠᠳ
ᠬᠤᠨ ᠰᠢᠬ ᠱᠤᠩᠪᠠᠵᠤ ᠯᠠ
ᠪᠠᠢᠨ᠎ᠠ ᠃
ᠬᠣᠪᠣᠩ ᠬᠢᠭᠡᠳ ᠬᠤᠪᠢᠩ
ᠬᠣᠪᠣᠩ ᠲᠠᠢ ᠭᠠᠯ ᠊ᠢ
ᠲᠣᠭᠣᠷᠢᠭᠠᠳ
ᠬᠣᠶᠠᠷ ᠬᠥᠮᠦᠨ
ᠰᠠᠭᠤᠯᠴᠠᠵᠤ
ᠬᠤᠪᠢᠩ ᠲᠠᠢ
ᠠᠷᠢᠬᠢ ᠪᠠᠨ ᠲᠡᠪᠡᠷᠢᠭᠡᠳ
ᠬᠣᠶᠠᠭᠤᠯᠠ ᠪᠠᠯᠭᠤᠵᠤ
ᠪᠠᠢᠨ᠎ᠠ ᠃
ᠬᠣᠱᠣᠣ ᠬᠢᠭᠡᠳ ᠬᠣᠱᠣᠢ
ᠳᠠᠭᠠᠷᠢᠭᠠᠳ ᠭᠠᠷᠳᠠᠭ
ᠳᠠᠯᠠᠢ ᠶ᠋ᠢᠨ ᠬᠣᠱᠣᠣ ᠂
ᠳᠠᠪᠬᠤᠷ
ᠬᠥᠬᠢᠭᠦᠯᠦᠭᠲᠡᠲᠡᠭ᠋
ᠬᠣᠱᠣᠢ ᠱᠠᠩᠨᠠᠯ ᠃
ᠬᠣᠲᠠᠯᠠ ᠬᠢᠭᠡᠳ
ᠬᠣᠲᠣᠯᠠ
ᠬᠣᠲᠠᠯᠠ ᠣᠯᠠᠨ ᠤ᠋ ᠪᠠᠨ
ᠡᠮᠦᠨ᠎ᠡ ᠡᠴᠡ
ᠬᠣᠶᠠᠷ ᠳᠤᠷᠠᠳᠤᠯᠭ᠎ᠠ
ᠭᠠᠷᠭᠠᠶ᠎ᠠ ᠂
ᠬᠣᠶᠠᠷ ᠨᠠᠰᠤ ᠲᠠᠢ
ᠬᠣᠲᠣᠯᠠ ᠶ᠋ᠢ
ᠬᠣᠲᠠ ᠶ᠋ᠢᠨ
ᠴᠡᠴᠡᠷᠯᠢᠭ ᠲᠦ᠍ ᠬᠦᠷᠭᠡᠶ᠎ᠡ ᠃
ᠬᠣᠷᠢᠭ᠎ᠠ ᠬᠢᠭᠡᠳ
ᠬᠣᠷᠢᠶ᠎ᠠ
ᠬᠣᠷᠢᠭ᠎ᠠ ᠴᠡᠭᠡᠷ ᠲᠡᠢ
ᠭᠠᠵᠠᠷ
ᠬᠥᠯ ᠲᠥᠷᠥᠵᠦ ᠪᠣᠯᠬᠤ
ᠦᠭᠡᠢ ᠂
ᠬᠣᠷᠢᠶ᠎ᠠ
ᠪᠠᠢᠭᠤᠯᠤᠯᠭ᠎ᠠ ᠶ᠋ᠢᠨ ᠭᠠᠵᠠᠷ
ᠬᠥᠮᠦᠨ ᠳᠦᠷᠢ ᠲᠡᠢ
ᠶᠠᠪᠤ ᠃
ᠬᠣᠷᠣᠭ᠎ᠠ ᠬᠢᠭᠡᠳ
ᠬᠣᠷᠭᠣ
ᠬᠣᠷᠣᠭ᠎ᠠ ᠬᠠᠰᠢᠶ᠎ᠠ
ᠬᠣᠲᠠ ᠶ᠋ᠢᠨ ᠴᠢᠮᠡᠭ
ᠬᠣᠷᠭᠣ ᠠᠪᠳᠠᠷ᠎ᠠ
ᠭᠡᠷ ᠦ᠋ᠨ ᠴᠢᠮᠡᠭ ᠃
ᠬᠤᠤᠱᠠᠩ ᠬᠢᠭᠡᠳ ᠬᠣᠱᠣᠩ
ᠬᠤᠤᠱᠠᠩ ᠯᠠᠮᠠ ᠶ᠋ᠢ
ᠢᠲᠡᠭᠡᠪᠡᠯ
ᠬᠣᠭᠣᠰᠣᠷᠠᠵᠤ
ᠳᠣᠷᠣᠢᠲᠠᠬᠤ ᠶ᠋ᠢᠨ ᠲᠡᠮᠳᠡᠭ ᠂
ᠬᠣᠱᠣᠩ ᠵᠣᠬᠢᠶᠠᠯ
ᠪᠢᠴᠢᠪᠡᠯ
ᠬᠣᠲᠠᠯᠠ ᠣᠯᠠᠨ ᠤ᠋
ᠴᠢᠮᠡᠭ ᠃
ᠬᠤᠯᠤ ᠬᠢᠭᠡᠳ ᠬᠤᠯᠤᠤ
ᠭᠠᠵᠠᠷ ᠳᠡᠭᠡᠷ᠎ᠡ
ᠤᠷᠭᠤᠭᠰᠠᠨ
ᠬᠤᠯᠤ ᠰᠠᠢᠬᠠᠨ ᠂
ᠭᠠᠷ ᠳᠡᠭᠡᠷ᠎ᠡ
ᠪᠠᠭᠤᠭᠰᠠᠨ
ᠬᠤᠯᠤᠤ ᠮᠠᠭᠤᠬᠠᠢ ᠃
ᠬᠣᠯᠠ ᠬᠢᠭᠡᠳ ᠬᠤᠯᠤ
ᠬᠣᠯᠠ ᠭᠠᠵᠠᠷ ᠣᠴᠢᠬᠤ
ᠲᠤᠯᠠ
ᠬᠣᠯᠠ ᠮᠣᠷᠢ ᠪᠠᠨ
ᠤᠨᠤᠶ᠎ᠠ ᠂
ᠬᠤᠯᠤ ᠲᠠᠢ ᠤᠰᠤ ᠶ᠋ᠢ
ᠤᠤᠭᠤᠭᠠᠳ
ᠬᠤᠷᠳᠤᠨ ᠲᠦᠷᠭᠡᠨ
ᠮᠣᠷᠳᠠᠶ᠎ᠠ ᠃
ᠬᠤᠯᠤᠤ ᠬᠢᠭᠡᠳ ᠬᠤᠯᠤᠭᠤ
ᠬᠣᠶᠠᠷ ᠪᠠᠭᠤᠤ ᠶ᠋ᠢᠨ
ᠬᠤᠶᠠᠩ ᠬᠤᠯᠤᠤ
ᠮᠠᠭᠤᠬᠠᠢ ᠂
ᠬᠣᠣᠰ ᠴᠢᠬᠢᠨ ᠦ᠌
ᠬᠤᠯᠤᠭᠤ ᠰᠢᠭᠦᠰᠦ
ᠮᠠᠭᠤᠬᠠᠢ ᠃
ᠬᠤᠰᠤ ᠬᠢᠭᠡᠳ ᠬᠣᠣᠰ
ᠡᠪᠦᠭᠡᠨ ᠠᠭᠤᠯᠠᠨ ᠳ᠋ᠤ᠌
ᠰᠦᠨᠲᠡᠷᠯᠡᠭᠰᠡᠨ
ᠬᠤᠰᠤ ᠮᠣᠳᠣ ᠴᠠᠭᠠᠬᠠᠨ
᠂
ᠡᠷᠦᠬᠡ ᠪᠦᠬᠦᠨ ᠦ᠌
ᠡᠭᠦᠳᠡᠨ ᠳ᠋ᠦ᠍ ᠨᠠᠭᠠᠭᠰᠠᠨ
ᠬᠣᠣᠰ ᠤᠶᠠᠩᠭ᠎ᠠ
ᠰᠠᠢᠬᠠᠨ ᠃
ᠬᠤᠳᠳᠤᠭ ᠬᠢᠭᠡᠳ ᠬᠤᠲᠤᠭ
ᠬᠤᠳᠳᠤᠭ ᠤ᠋ᠨ
ᠤᠰᠤᠨ ᠳ᠋ᠤ᠌
ᠮᠡᠯᠡᠬᠡᠢ ᠦᠭᠡᠢ ᠂
ᠬᠤᠲᠤᠭ ᠥᠯᠵᠡᠢ ᠳ᠋ᠦ᠍
ᠦᠨᠡᠨ ᠦᠭᠡᠢ ᠃
ᠬᠤᠴᠠ ᠬᠢᠭᠡᠳ ᠬᠣᠴᠢ
ᠬᠤᠨ ᠴᠠᠭᠠᠨ
ᠰᠦᠷᠦᠭ ᠲᠦ᠍ ᠮᠢᠨᠢ
ᠬᠤᠴᠠ ᠤᠬᠤᠨ᠎ᠠ ᠪᠣᠢ ᠂
ᠬᠣᠲᠠᠯᠠ ᠣᠯᠠᠨ ᠤ᠋
ᠵᠣᠭᠣᠭ ᠲᠤ᠌
ᠬᠣᠴᠢ ᠱᠣᠭ ᠴᠤ᠌ ᠪᠣᠢ ᠃
ᠬᠤᠴᠢᠬᠤ ᠬᠢᠭᠡᠳ
ᠬᠤᠴᠠᠬᠤ
ᠤᠭᠤᠷᠠᠭ ᠴᠠᠭᠠᠨ ᠴᠠᠰᠤ
ᠮᠢᠨᠢ
ᠠᠭᠤᠳᠠᠮ ᠨᠤᠲᠤᠭ ᠊ᠢ
ᠬᠤᠴᠢᠬᠤ ᠰᠠᠢᠬᠠᠨ ᠂
ᠣᠳᠣᠨ ᠴᠣᠬᠣᠷ ᠭᠥᠯᠥᠭᠡ
ᠮᠢᠨᠢ
ᠣᠪᠣᠬᠠᠢ ᠪᠠᠨ ᠰᠠᠬᠢᠭᠠᠳ
ᠬᠤᠴᠠᠬᠤ ᠲᠣᠳᠣᠬᠠᠨ ᠃
ᠬᠤᠷ᠎ᠠ ᠬᠢᠭᠡᠳ ᠬᠤᠷ
ᠬᠤᠷ᠎ᠠ ᠪᠣᠷᠣᠭᠠᠨ ᠤ᠋
ᠮᠥᠬᠥᠯᠢᠭ
ᠬᠥᠳᠡᠭᠡ ᠲᠠᠯ᠎ᠠ ᠶ᠋ᠢ
ᠤᠮᠳᠠᠯᠠᠬᠤ ᠳ᠋ᠤ᠌ ᠂
ᠬᠤᠷ ᠤᠷᠭᠤᠭᠰᠠᠨ ᠡᠪᠡᠰᠦ
ᠬᠥᠨᠳᠡᠢ ᠴᠠᠢᠲᠠᠮ ᠊ᠢ
ᠴᠢᠮᠡᠨ᠎ᠡ ᠃
ᠬᠤᠷᠠᠭ ᠬᠢᠭᠡᠳ
ᠬᠤᠷᠠᠭ᠎ᠠ
ᠬᠤᠷᠠᠭ ᠨᠠᠰᠤᠨ ᠤ᠋
ᠬᠣᠶᠠᠷ ᠬᠡᠦᠬᠡᠳ
ᠬᠣᠢᠲᠤ ᠬᠤᠸᠠ ᠳᠡᠭᠡᠷ᠎ᠡ
ᠪᠠᠷᠢᠯᠳᠤᠵᠤ ᠪᠠᠢᠨ᠎ᠠ ᠂
ᠬᠤᠷᠠᠭ᠎ᠠ ᠢᠰᠢᠭᠡ
ᠬᠣᠶᠠᠷ ᠨᠢ ᠴᠦ᠍
ᠬᠠᠵᠠᠭᠤ ᠲᠠᠯ᠎ᠠ ᠳ᠋ᠤᠨᠢ
ᠮᠥᠷᠭᠥᠯᠳᠦᠵᠦ ᠪᠠᠢᠨ᠎ᠠ ᠃
ᠬᠥᠬᠡ ᠬᠢᠭᠡᠳ ᠬᠥᠬᠥᠭᠡ
ᠬᠥᠬᠡ ᠮᠣᠩᠭᠣᠯ ᠤ᠋ᠨ
ᠬᠥᠬᠡ ᠲᠤᠭ ᠃
ᠬᠥᠭᠵᠢᠯᠲᠦ ᠬᠠᠪᠤᠷ ᠤ᠋ᠨ
ᠬᠥᠬᠥᠭᠡ ᠰᠢᠪᠠᠭᠤ ᠃
ᠬᠥᠬᠡ ᠬᠢᠭᠡᠳ ᠬᠥᠭ
ᠳᠠᠯᠠᠢ ᠪᠠᠶᠠᠯᠢᠭ
ᠨᠤᠲᠤᠭ ᠮᠢᠨᠢ
ᠳᠠᠢᠴᠢᠨ ᠮᠣᠩᠭᠣᠯ ᠤ᠋ᠨ
ᠦᠷᠡᠰ ᠂
ᠬᠥᠬᠡ ᠲᠤᠭ ᠢ᠋ᠶ᠋ᠠᠨ
ᠡᠷᠭᠦᠭᠡᠳ
ᠬᠥᠭ ᠠᠶᠠᠰ ᠢ᠋ᠶ᠋ᠠᠨ
ᠨᠢᠭᠡᠳᠬᠡᠨ᠎ᠡ ᠃
ᠬᠥᠬᠡᠷᠡᠭᠰᠡᠨ ᠬᠢᠭᠡᠳ
ᠬᠥᠬᠥᠷᠡᠭᠰᠡᠨ
ᠬᠥᠬᠡ ᠲᠡᠭᠷᠢ ᠶ᠋ᠢ
ᠪᠠᠭᠠᠨᠠᠳᠠᠭᠠᠳ
ᠬᠥᠬᠡᠷᠡᠭᠰᠡᠨ ᠠᠭᠤᠯᠠᠰ
ᠰᠦᠷᠯᠢᠭ ᠂
ᠬᠥᠭᠵᠢᠯ ᠵᠢᠷᠭᠠᠯ ᠊ᠢ
ᠲᠡᠪᠡᠷᠢᠭᠡᠳ
ᠬᠥᠬᠥᠷᠡᠭᠰᠡᠨ ᠪᠠᠭᠠᠴᠤᠳ
ᠴᠢᠮᠡᠭ ᠃
ᠬᠥᠬᠥ ᠬᠢᠭᠡᠳ ᠬᠥᠬᠡ
ᠮᠥᠮᠥ ᠶ᠋ᠢᠨ ᠬᠥᠬᠥ ᠶ᠋ᠢ
ᠰᠢᠮᠡᠵᠦ
ᠬᠥᠮᠦᠨ ᠦ᠌
ᠵᠡᠷᠭᠡ ᠳ᠋ᠦ᠍ ᠬᠦᠷᠦᠯ᠎ᠡ ᠂
ᠮᠥᠩᠭᠥᠨ ᠨᠢᠰᠬᠡᠯ ᠊ᠢ
ᠵᠢᠯᠣᠭᠣᠳᠴᠤ
ᠬᠥᠬᠡ ᠣᠭᠲᠠᠷᠭᠤᠢ ᠳ᠋ᠤ᠌
ᠠᠶᠠᠯᠠᠯ᠎ᠠ ᠃
ᠬᠥᠬᠥᠭᠡ ᠬᠢᠭᠡᠳ
ᠬᠥᠬᠡᠭᠡ
ᠬᠥᠬᠥᠭᠡ ᠰᠢᠪᠠᠭᠤ
ᠭᠦᠳ ᠭᠦᠳ ᠳᠠᠭᠤ ᠲᠠᠢ ᠂
ᠬᠥᠬᠡᠭᠡ ᠡᠪᠦᠯ
ᠬᠥᠷ ᠬᠥᠷ ᠰᠠᠯᠬᠢ ᠲᠠᠢ
᠃
ᠬᠥᠬᠦᠦᠷ ᠬᠢᠭᠡᠳ ᠬᠦᠬᠦᠷ
ᠠᠷᠠᠰᠤ ᠰᠢᠷᠢ ᠪᠡᠷ
ᠰᠢᠳᠡᠭᠡᠳ
ᠠᠢᠷᠠᠭ ᠰᠠᠪᠠᠯᠠᠳᠠᠭ
ᠬᠥᠬᠦᠦᠷ ᠂
ᠠᠷᠢᠭᠤᠨ
ᠱᠠᠵᠠᠩ ᠢ᠋ᠶ᠋ᠠᠷ ᠴᠢᠳᠬᠤᠭᠠᠳ
ᠲᠠᠮᠠᠬᠢ ᠬᠢᠳᠡᠭ ᠬᠦᠬᠦᠷ
᠃
ᠬᠥᠭᠥᠷᠭᠡ ᠬᠢᠭᠡᠳ
ᠬᠥᠭᠡᠷᠭᠡ
ᠬᠥᠬᠡ ᠮᠥᠷᠡᠨ ᠦ᠌
ᠬᠥᠭᠥᠷᠭᠡ
ᠬᠥᠪᠴᠢᠨ
ᠳᠡᠯᠡᠬᠡᠢ ᠳ᠋ᠦ᠍ ᠠᠯᠳᠠᠷᠲᠠᠢ ᠂
ᠬᠦᠳᠡᠷ ᠲᠡᠮᠦᠷ ᠊ᠢ
ᠬᠠᠢᠯᠤᠭᠤᠯᠲᠠᠭ
ᠬᠥᠭᠡᠷᠭᠡ ᠶ᠋ᠢᠨ ᠭᠠᠯ
ᠢᠯᠴᠢᠲᠡᠢ ᠃
ᠬᠥᠯᠥᠰᠥ ᠬᠢᠭᠡᠳ ᠭᠥᠯᠢᠰ
ᠬᠥᠯᠥᠰᠥ ᠪᠡᠨ
ᠤᠷᠤᠰᠬᠠᠭᠰᠠᠨ
ᠬᠥᠳᠡᠯᠮᠦᠷᠢ ᠰᠠᠢᠬᠠᠨ
ᠪᠠᠢᠳᠠᠭ ᠂
ᠬᠦᠵᠢ ᠰᠢᠲᠠᠭᠠᠭᠰᠠᠨ
ᠬᠦᠯᠢᠰ ᠭᠣᠶᠣᠬᠠᠨ
ᠪᠠᠢᠳᠠᠭ ᠃
ᠬᠥᠯᠭᠡ ᠬᠢᠭᠡᠳ ᠬᠦᠯᠦᠭ
ᠬᠥᠬᠡ ᠨᠣᠮᠢᠨ
ᠳᠠᠯᠠᠢ ᠳ᠋ᠤ᠌
ᠬᠥᠯᠭᠡ ᠣᠩᠭᠣᠴᠠ
ᠰᠦᠯᠵᠢᠯᠳᠦᠨ᠎ᠡ ᠂
ᠬᠥᠳᠡᠭᠡ ᠨᠣᠭᠣᠭᠠᠨ
ᠲᠠᠯ᠎ᠠ ᠳ᠋ᠤ᠌
ᠬᠦᠯᠦᠭ ᠮᠣᠷᠢᠳ
ᠳᠠᠪᠬᠢᠯᠳᠤᠨ᠎ᠠ ᠃
ᠬᠥᠰᠢᠶ᠎ᠡ ᠬᠢᠭᠡᠳ
ᠬᠥᠰᠢᠭᠡ
ᠮᠥᠩᠬᠡ ᠶ᠋ᠢᠨ ᠬᠥᠰᠢᠶ᠎ᠡ
ᠪᠤᠰᠬᠠᠵᠤ
ᠦᠷᠡᠭᠲᠡᠭᠰᠡᠨ
ᠪᠠᠭᠠᠲᠤᠷᠴᠤᠳ ᠢ᠋ᠶ᠋ᠠᠨ ᠳᠤᠷᠠᠰᠬᠠᠳᠠᠭ ᠂
ᠮᠥᠩᠭᠥᠨ ᠬᠥᠰᠢᠭᠡ
ᠡᠯᠭᠦᠵᠦ
ᠦᠯᠢᠭᠡᠷ ᠺᠢᠨᠣ᠋ ᠪᠠᠨ
ᠰᠣᠨᠢᠷᠬᠠᠳᠠᠭ ᠃
ᠬᠥᠰᠬᠡ ᠬᠢᠭᠡᠳ ᠬᠥᠰᠢᠭᠡ
ᠣᠲᠣᠷ ᠵᠤᠰᠠᠯᠠᠩ ᠳ᠋ᠤ᠌
ᠶᠠᠪᠤᠬᠤ ᠠ᠋ᠴᠠ
ᠬᠥᠰᠬᠡ ᠲᠡᠷᠭᠡ
ᠵᠣᠬᠢᠶᠠᠯ᠎ᠠ ᠂
ᠣᠯᠠᠨ ᠳ᠋ᠤ᠌ ᠺᠢᠨᠣ᠋
ᠦᠵᠡᠭᠦᠯᠬᠦ ᠡᠴᠡ
ᠬᠥᠰᠢᠭᠡ ᠹᠢᠯᠢᠮ
ᠪᠡᠯᠡᠳᠬᠡᠯ᠎ᠡ ᠃
ᠬᠥᠳᠡᠯ ᠬᠢᠭᠡᠳ ᠬᠥᠲᠥᠯ
ᠬᠠᠪᠤᠷ ᠤ᠋ᠨ ᠤᠯᠠᠷᠢᠯ
᠊ᠢ ᠵᠠᠪᠳᠤᠨ
ᠬᠠᠮᠤᠭ
ᠣᠯᠠᠨ ᠢ᠋ᠶ᠋ᠠᠷ ᠢ᠋ᠶ᠋ᠠᠨ ᠬᠥᠳᠡᠯ ᠂
ᠬᠣᠵᠢᠭᠢᠷ ᠮᠠᠩᠬ᠎ᠠ
ᠬᠥᠲᠥᠯ ᠢ᠋ᠶ᠋ᠡᠨ
ᠬᠤᠷᠳᠤᠨ ᠲᠦᠷᠭᠡᠨ
ᠨᠣᠭᠣᠭᠠᠷᠠᠭᠤᠯᠤᠶᠠ ᠃
ᠬᠥᠵᠥᠷ ᠬᠢᠭᠡᠳ ᠭᠦᠵᠢᠷ
ᠬᠢᠴᠢᠶᠡᠯ ᠳᠠᠪᠲᠠᠯᠭ᠎ᠠ ᠶ᠋ᠢᠨ
ᠴᠠᠭ ᠲᠠᠭᠠᠨ
ᠬᠥᠵᠥᠷ ᠪᠢᠲᠡᠭᠡᠢ
ᠨᠠᠭᠠᠳ ᠂
ᠬᠢᠯᠢᠰ ᠭᠦᠵᠢᠷ ᠬᠡᠷᠡᠭ
᠊ᠢ
ᠬᠡᠨ ᠴᠦ᠍ ᠪᠢᠲᠡᠭᠡᠢ
ᠦᠢᠯᠡᠳ ᠃
ᠬᠥᠷᠥᠬᠦ ᠬᠢᠭᠡᠳ ᠬᠦᠷᠬᠦ
ᠢᠮᠠᠭᠠᠨ ᠮᠢᠬ᠎ᠠ
ᠬᠥᠷᠥᠬᠦ ᠨᠢ ᠬᠤᠷᠳᠤᠨ ᠂
ᠶᠠᠪᠤᠭᠰᠠᠨ ᠬᠥᠮᠦᠨ
ᠬᠦᠷᠬᠦ ᠨᠢ ᠴᠢᠬᠤᠯᠠ ᠃
ᠬᠦᠢᠰ ᠬᠢᠭᠡᠳ ᠬᠦᠢᠰᠦ
ᠬᠦᠢᠰ ᠬᠦᠢᠰ ᠴᠡᠴᠡᠭ
ᠰᠠᠢᠬᠠᠨ ᠂
ᠬᠦᠢᠰᠦ ᠬᠦᠢ
ᠴᠢᠨᠠᠷ ᠤ᠋ᠨ ᠢᠯᠭᠠᠯ ᠃
ᠬᠦᠯᠦᠭ ᠬᠢᠭᠡᠳ ᠭᠥᠯᠥᠭᠡ
ᠬᠦᠯᠦᠭ ᠮᠣᠷᠢᠨ ᠳ᠋ᠠᠭᠠᠨ
ᠮᠣᠷᠳᠠᠭᠠᠳ
ᠬᠥᠳᠡᠭᠡ ᠲᠠᠯ᠎ᠠ ᠪᠠᠷ
ᠳᠠᠪᠬᠢᠭᠤᠯᠤᠨ᠎ᠠ ᠂
ᠭᠥᠯᠥᠭᠡ ᠲᠠᠢᠭ᠎ᠠ ᠪᠠᠨ
ᠳᠠᠭᠠᠭᠤᠯᠤᠭᠠᠳ
ᠭᠦᠨ ᠰᠢᠭᠤᠢ ᠪᠠᠷ
ᠠᠶᠠᠯᠠᠨ᠎ᠠ ᠃
ᠬᠦᠳᠡᠷ ᠬᠢᠭᠡᠳ ᠬᠦᠳᠡᠷᠢ
ᠬᠥᠬᠡ ᠪᠣᠯᠣᠳ ᠲᠡᠮᠦᠷ
᠊ᠢ
ᠬᠦᠳᠡᠷ ᠡᠴᠡ
ᠬᠠᠢᠯᠤᠭᠤᠯᠵᠤ ᠣᠯᠳᠠᠭ ᠂
ᠬᠥᠬᠥᠲᠡᠨ ᠠᠮᠢᠲᠠᠨ
ᠬᠦᠳᠡᠷᠢ
ᠬᠦᠢᠰᠦᠨ ᠳ᠋ᠡᠭᠡᠨ
ᠵᠢᠭᠠᠷ ᠬᠤᠷᠠᠮᠳᠤᠭᠤᠯᠳᠠᠭ ᠃
ᠬᠦᠷᠡᠩ ᠬᠢᠭᠡᠳ
ᠬᠥᠷᠥᠩᠭᠡ
ᠬᠦᠷᠡᠩ ᠤᠯᠠᠭᠠᠨ
ᠥᠩᠭᠡ ᠲᠡᠢ
ᠬᠦᠴᠦ ᠶᠡᠬᠡᠲᠡᠢ
ᠲᠷᠠᠺᠲ᠋ᠣᠷ ᠪᠣᠯ
ᠬᠥᠭᠵᠢᠯ ᠠᠪᠠᠭ᠎ᠠ ᠶ᠋ᠢᠨ
ᠬᠣᠪᠢᠨ ᠤ᠋
ᠬᠥᠷᠥᠩᠭᠡ ᠪᠠᠭᠠᠵᠢ ᠮᠥᠨ
᠃
ᠭᠠᠤᠯᠢ ᠬᠢᠭᠡᠳ ᠭᠠᠢᠯᠢ
ᠭᠠᠤᠯᠢ ᠮᠥᠩᠭᠥ
ᠲᠡᠮᠦᠷᠯᠢᠭ ᠦ᠋ᠨ ᠵᠦᠢᠯ
᠂
ᠭᠠᠢᠯᠢ ᠲᠠᠲᠠᠪᠤᠷᠢ
ᠲᠣᠭᠲᠠᠭᠠᠯ ᠶᠣᠰᠣ ᠃
ᠭᠠᠩ ᠬᠢᠭᠡᠳ ᠭᠠᠩᠭ᠎ᠠ
ᠤᠰᠤᠨ ᠭᠠᠩ
ᠰᠠᠪᠠ ᠬᠡᠷᠡᠭᠰᠡᠯ ᠂
ᠠᠭᠤᠯᠠᠨ ᠤ᠋ ᠭᠠᠩᠭ᠎ᠠ
ᠭᠣᠣ ᠨᠦᠬᠡ ᠃
ᠭᠠᠷᠠᠬ᠎ᠠ ᠬᠢᠭᠡᠳ
ᠭᠠᠷᠠᠭ
ᠭᠠᠷᠠᠬ᠎ᠠ ᠪᠠᠭᠤᠤ
ᠬᠣᠶᠠᠷ ᠢ᠋ᠶ᠋ᠠᠨ
ᠭᠠᠩᠭᠠᠩ ᠰᠠᠢᠬᠠᠨ
ᠵᠢᠷᠤᠶ᠎ᠠ ᠂
ᠭᠠᠷᠠᠭ ᠣᠳᠣᠨ ᠳ᠋ᠤ᠌
ᠭᠠᠷᠤᠭᠠᠳ
ᠭᠠᠢᠬᠠᠭᠤᠯᠵᠤ
ᠪᠠᠢᠬᠤ ᠪᠠᠷ ᠵᠢᠷᠤᠶ᠎ᠠ ᠃
ᠭᠠᠷᠴᠠᠭ ᠬᠢᠭᠡᠳ
ᠭᠠᠷᠴᠠᠭ᠎ᠠ
ᠣᠯᠠᠨ ᠠᠷᠪᠢᠨ ᠨᠣᠮ ᠤ᠋ᠨ
ᠭᠠᠷᠴᠠᠭ ᠊ᠢ ᠯᠡ
ᠤᠩᠰᠢᠭᠠᠳ ᠪᠣᠯᠬᠤ ᠦᠭᠡᠢ ᠂
ᠤᠴᠢᠷ ᠠᠭᠤᠯᠭ᠎ᠠ ᠶ᠋ᠢ
ᠨᠢ ᠨᠢᠭᠲᠠᠯᠠᠬᠤ ᠨᠢ
ᠭᠠᠷᠴᠠᠭ᠎ᠠ ᠦᠭᠡᠢ
ᠴᠢᠬᠤᠯᠠ ᠰᠢᠦ ᠃
ᠭᠡᠳᠡᠰᠦ ᠬᠢᠭᠡᠳ ᠭᠡᠳᠡᠰ
ᠭᠡᠳᠡᠰᠦ ᠨᠠᠷᠢᠬᠠᠨ
ᠲᠠᠤᠯᠠᠢ ᠪᠠᠢᠨ᠎ᠠ ᠂
ᠭᠡᠳᠡᠰ ᠭᠣᠳᠣᠰ
ᠲᠣᠭᠯᠠᠵᠤ ᠪᠠᠢᠨ᠎ᠠ ᠃
ᠭᠡᠵᠢᠭᠡ ᠬᠢᠭᠡᠳ ᠬᠢᠵᠢᠭ
ᠭᠡᠵᠢᠭᠡ ᠦᠰᠦ ᠪᠡᠨ
ᠰᠠᠮᠨᠠᠵᠤ
ᠡᠭᠡᠯ ᠪᠣᠷᠣᠭᠵᠢᠭᠤᠨ
ᠶᠠᠪᠤᠭᠠᠷᠠᠢ ᠂
ᠬᠢᠵᠢᠭ ᠡᠪᠡᠳᠴᠢᠨ ᠊ᠢ
ᠰᠡᠷᠭᠡᠢᠯᠡᠵᠦ
ᠡᠷᠡᠭᠦᠯ ᠴᠢᠬᠢᠷᠡᠭ
ᠪᠣᠢᠵᠢᠭᠠᠷᠠᠢ ᠃
ᠭᠡᠷ ᠬᠢᠭᠡᠳ ᠬᠡᠷᠦ
ᠥᠰᠴᠦ ᠪᠣᠢᠵᠢᠬᠰᠠᠨ
ᠥᠯᠥᠭᠡᠢ ᠳᠤᠯᠠᠭᠠᠨ ᠭᠡᠷ
᠂
ᠥᠨᠳᠥᠷ ᠠᠭᠤᠯᠠᠨ ᠤ᠋
ᠥᠪᠴᠢ ᠨᠣᠭᠣᠭᠠᠨ ᠬᠡᠷᠦ
᠃
ᠭᠡᠷ ᠬᠢᠭᠡᠳ ᠭᠡᠷ᠎ᠡ
ᠭᠡᠷ ᠪᠠᠢᠰᠢᠩ ᠭᠡᠳᠡᠭ
ᠴᠢᠨᠢ
ᠲᠤᠯᠭᠠᠭᠤᠷᠢ ᠦᠭᠡᠢ ᠪᠡᠷ
ᠪᠣᠯᠤᠨ᠎ᠠ ᠤᠤ ᠳᠠ ᠂
ᠭᠡᠷ᠎ᠡ ᠪᠢᠴᠢᠭ ᠭᠡᠳᠡᠭ
ᠴᠢᠨᠢ
ᠲᠠᠮᠠᠭ᠎ᠠ ᠦᠭᠡᠢ ᠪᠡᠷ
ᠪᠣᠯᠤᠨ᠎ᠠ ᠤᠤ ᠳᠠ ᠃
ᠭᠣᠷ ᠬᠢᠭᠡᠳ ᠭᠤᠷ᠎ᠠ
ᠭᠣᠷ ᠦᠰᠦᠭ
ᠡᠪᠬᠡᠮᠡᠯ ᠦᠰᠦᠭ ᠦ᠋ᠨ
ᠲᠢᠭ ᠂
ᠭᠤᠷ᠎ᠠ ᠵᠦᠷ
ᠡᠷ᠎ᠡ ᠡᠮ᠎ᠡ ᠭᠥᠷᠥᠭᠡᠰᠦ
᠃
ᠭᠤᠤᠷ ᠬᠢᠭᠡᠳ ᠭᠤᠷ᠎ᠠ
ᠠᠷᠠᠰᠤ ᠮᠢᠬᠠᠨ ᠤ᠋
ᠵᠠᠪᠰᠠᠷ
ᠭᠤᠤᠷ ᠬᠣᠷᠣᠬᠠᠢ
ᠪᠠᠢᠳᠠᠭ ᠂
ᠠᠭᠤᠯᠠ ᠳᠠᠪᠠᠭ᠎ᠠ ᠶ᠋ᠢᠨ
ᠬᠠᠪᠴᠢᠯ ᠳ᠋ᠤ᠌
ᠭᠤᠷ᠎ᠠ ᠵᠦᠷ ᠪᠡᠯᠴᠢᠳᠡᠭ
᠃
ᠭᠤᠶ᠎ᠠ ᠬᠢᠭᠡᠳ ᠭᠣᠶᠣ
ᠲᠡᠮᠦᠷ ᠬᠠᠢᠴᠢᠨ ᠤ᠋
ᠬᠠᠪᠴᠢᠭᠤᠷ ᠭᠤᠶ᠎ᠠ ᠂
ᠲᠦᠮᠡᠨ ᠴᠡᠴᠡᠭ ᠦ᠋ᠨ
ᠭᠣᠶᠣ ᠳᠡᠯᠪᠢ ᠃
ᠭᠤᠸ᠎ᠠ ᠬᠢᠭᠡᠳ ᠭᠤᠸ᠋᠎ᠠ
ᠭᠤᠸ᠎ᠠ ᠵᠢᠮᠢᠰ ᠦ᠋ᠨ ᠰᠠᠢᠨ
ᠨᠢ
ᠠᠮᠲᠠ ᠳ᠋ᠤᠨᠢ ᠪᠠᠢᠳᠠᠭ
᠂
ᠭᠤᠸ᠋᠎ᠠ
ᠬᠡᠭᠡᠨᠴᠢᠷ ᠦ᠋ᠨ ᠰᠠᠢᠬᠠᠨ ᠨᠢ
ᠥᠩᠭᠡᠨ ᠳ᠋ᠦ᠍ᠨᠢ
ᠪᠠᠢᠳᠠᠭ ᠃
ᠬᠦᠷᠦᠭᠡ ᠬᠢᠭᠡᠳ
ᠭᠦᠷᠡᠭᠡ
ᠠᠭᠯᠠᠭ ᠠᠭᠤᠯᠠᠨ ᠳ᠋ᠤ᠌
ᠪᠠᠢᠳᠠᠭ
ᠠᠩ ᠬᠦᠷᠦᠭᠡ ᠰᠠᠢᠬᠠᠨ ᠂
ᠠᠰ ᠤ᠋ᠨ ᠪᠡᠶ᠎ᠡ ᠳ᠋ᠦ᠍
ᠪᠠᠢᠳᠠᠭ
ᠠᠮᠢᠨ ᠭᠦᠷᠡᠭᠡ ᠴᠢᠬᠤᠯᠠ
᠃
ᠭᠦᠪᠢᠭᠦᠷ ᠬᠢᠭᠡᠳ
ᠬᠥᠪᠥᠭᠦᠷ
ᠰᠡᠷᠢᠭᠦᠴᠡᠬᠦ ᠭᠦᠪᠢᠭᠦᠷ
ᠰᠠᠯᠬᠢ ᠲᠠᠲᠠᠨ᠎ᠠ ᠂
ᠳᠣᠪᠣᠭᠣᠷ ᠬᠥᠪᠥᠭᠦᠷ
ᠳᠣᠪᠣᠢᠨ ᠬᠠᠷᠠᠭᠳᠠᠨ᠎ᠠ
᠃
