ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠪᠠ ᠫᠠ ᠠᠢᠮᠠᠭ Монгол үсэг молор эрдэнэ-дүрс ойролцоо үгс
ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠪᠠ ᠫᠠ ᠠᠢᠮᠠᠭ
ᠪᠠ ᠫᠠ ᠠᠢᠮᠠᠭ
ᠪᠠᠢᠭᠠᠯ ᠬᠢᠭᠡᠳ
ᠪᠠᠢᠭᠠᠯᠢ
ᠪᠠᠢᠭᠠᠯ ᠨᠠᠭᠤᠷ ᠤ᠋ᠨ
ᠤᠰᠤ
ᠪᠢᠯᠬᠠᠨ ᠪᠢᠯᠬᠠᠨ ᠳᠣᠨᠣᠯᠵᠠᠨ᠎ᠠ
᠂
ᠪᠠᠢᠭᠠᠯᠢ
ᠳᠡᠯᠡᠬᠡᠢ ᠶ᠋ᠢᠨ ᠵᠤᠭᠠᠴᠠᠭᠴᠢᠳ
ᠪᠠᠬᠠᠳᠤᠨ ᠪᠠᠬᠠᠳᠤᠨ
ᠰᠣᠨᠢᠷᠬᠠᠨ᠎ᠠ ᠃
ᠪᠠᠩᠵᠠ ᠬᠢᠭᠡᠳ ᠪᠠᠩᠵᠠᠯ
ᠵᠦᠰᠦᠭᠰᠡᠨ ᠬᠠᠪᠲᠠᠭᠠᠢ
ᠮᠣᠳᠣ ᠪᠠᠷ
ᠪᠠᠩᠵᠠ ᠬᠢᠪᠡᠯ ᠰᠠᠢᠬᠠᠨ
᠂
ᠵᠤᠨ ᠤ᠋ ᠬᠠᠯᠠᠭᠤᠨ
ᠡᠳᠦᠷ
ᠪᠠᠩᠵᠠᠯ ᠡᠮᠦᠰᠪᠡᠯ
ᠰᠡᠷᠢᠭᠦᠬᠡᠨ ᠃
ᠪᠠᠬ᠎ᠠ ᠬᠢᠭᠡᠳ ᠪᠠᠭ᠎ᠠ
ᠪᠠᠢᠭᠠᠯᠢ
ᠨᠡᠢᠭᠡᠮ ᠢ᠋ᠶ᠋ᠡᠨ ᠬᠤᠪᠢᠰᠬᠠᠬᠤ ᠪᠠᠷ
ᠪᠠᠬ᠎ᠠ ᠲᠠᠢ ᠴᠢᠷᠮᠠᠢᠬᠤ
ᠰᠠᠢᠬᠠᠨ ᠂
ᠪᠠᠶᠠᠨ ᠮᠡᠳᠡᠯᠭᠡ ᠶ᠋ᠢ
ᠡᠵᠡᠮᠰᠢᠬᠦ ᠪᠡᠷ
ᠪᠠᠭ᠎ᠠ ᠠ᠋ᠴᠠ ᠪᠠᠨ
ᠰᠢᠮᠳᠠᠬᠤ ᠰᠠᠢᠬᠠᠨ ᠃
ᠪᠠᠭᠠᠪᠤᠷ ᠬᠢᠭᠡᠳ
ᠪᠠᠭᠪᠤᠷ
ᠮᠥᠩᠭᠥᠨ ᠪᠠᠭᠠᠪᠤᠷ ᠲᠠᠢ
ᠮᠣᠷᠢᠨ ᠡᠮᠡᠭᠡᠯ
ᠭᠣᠶᠣᠬᠠᠨ ᠂
ᠮᠣᠩᠭᠣᠯ ᠠᠮᠤ ᠲᠠᠢ
ᠮᠣᠳᠣᠨ ᠪᠠᠭᠪᠤᠷ
ᠰᠠᠢᠬᠠᠨ ᠃
ᠪᠠᠭᠠᠰᠢ ᠬᠢᠭᠡᠳ ᠪᠠᠭᠰᠢ
ᠰᠣᠷᠲᠣᠭᠣ ᠵᠠᠯᠢ ᠲᠠᠢ
ᠠᠷᠭ᠎ᠠ ᠪᠠᠭᠠᠰᠢ
ᠮᠠᠭᠤᠬᠠᠢ
ᠰᠣᠶᠣᠯ ᠡᠷᠳᠡᠮ ᠲᠡᠢ
ᠠᠷᠠᠳ ᠤ᠋ᠨ ᠪᠠᠭᠰᠢ
ᠠᠴᠢᠲᠠᠢ ᠃
ᠪᠠᠭᠤᠷᠠᠢ ᠬᠢᠭᠡᠳ
ᠪᠠᠭᠤᠷᠢ
ᠳᠣᠷᠣᠢ ᠪᠠᠭᠤᠷᠠᠢ
ᠨᠥᠬᠥᠳ ᠢ᠋ᠶ᠋ᠡᠨ
ᠳᠠᠷᠤᠯᠠᠵᠤ ᠵᠣᠳᠣᠵᠤ
ᠪᠣᠯᠬᠤ ᠦᠭᠡᠢ
ᠬᠠᠭᠤᠴᠢᠨ
ᠪᠠᠷᠢᠯᠭ᠎ᠠ ᠶ᠋ᠢᠨ ᠪᠠᠭᠤᠷᠢ ᠶ᠋ᠢ
ᠬᠠᠭᠠᠯᠵᠤ ᠡᠪᠳᠡᠯᠡᠵᠦ
ᠪᠣᠯᠬᠤ ᠦᠭᠡᠢ ᠃
ᠪᠠᠭᠤᠳᠠᠯ ᠬᠢᠭᠡᠳ
ᠪᠣᠭᠣᠳᠠᠯ
ᠠᠰᠠᠷ ᠲᠠᠭᠲᠤ ᠲᠠᠢ
ᠬᠣᠲᠠ ᠶ᠋ᠢᠨ ᠪᠠᠭᠤᠳᠠᠯ
᠂
ᠠᠯᠠᠭ ᠪᠣᠭᠣᠳᠠᠯ ᠲᠠᠢ
ᠬᠤᠪᠴᠠᠰᠤ ᠪᠠᠷᠠᠭ᠎ᠠ ᠃
ᠪᠠᠭ ᠬᠢᠭᠡᠳ ᠪᠠᠭ᠎ᠠ
ᠨᠢᠭᠡ ᠨᠢ ᠮᠢᠨᠦ
ᠪᠠᠭ ᠤ᠋ᠨ ᠳᠠᠷᠤᠭ᠎ᠠ ᠂
ᠨᠥᠭᠥᠭᠡ ᠨᠢ ᠮᠢᠨᠦ
ᠪᠠᠭ᠎ᠠ ᠶ᠋ᠢᠨ ᠨᠠᠢᠵᠨ ᠃
ᠪᠠᠭᠪᠠᠬᠠᠢ ᠬᠢᠭᠡᠳ
ᠪᠠᠭᠠᠪᠠᠭᠠᠢ
ᠬᠠᠷᠠᠩᠭᠤᠢ ᠰᠥᠨᠢ
ᠨᠢᠰᠳᠡᠭ
ᠪᠠᠭᠪᠠᠬᠠᠢ ᠨᠢᠭᠡ
ᠭᠠᠢᠬᠠᠮᠰᠢᠬ ᠂
ᠬᠠᠳᠠ ᠠᠭᠤᠯᠠᠨ ᠳ᠋ᠤ᠌
ᠨᠤᠲᠤᠭᠰᠢᠳᠠᠭ
ᠪᠠᠭᠠᠪᠠᠭᠠᠢ ᠬᠣᠪᠣᠷ
ᠠᠮᠢᠲᠠᠨ ᠃
ᠪᠠᠷ᠎ᠠ ᠬᠢᠭᠡᠳ ᠢ᠋ᠶ᠋ᠡᠷ
ᠦᠢᠯᠡᠳᠪᠦᠷᠢ
ᠵᠠᠪᠤᠳ᠋ ᠤ᠋ᠨ ᠪᠠᠷ᠎ᠠ
ᠥᠨᠳᠥᠷ ᠲᠡᠭᠷᠢ ᠶ᠋ᠢ
ᠪᠠᠭᠠᠨᠠᠳᠠᠨᠠ ᠂
ᠦᠰᠦᠭ
ᠬᠡᠪᠯᠡᠯ ᠦ᠋ᠨ ᠢ᠋ᠶ᠋ᠡᠷ
ᠥᠷᠭᠡᠨ ᠮᠥᠷᠡᠨ ᠰᠢᠭ
ᠮᠢᠷᠠᠯᠵᠠᠨ᠎ᠠ ᠃
ᠪᠠᠷ᠎ᠠ ᠬᠢᠭᠡᠳ
ᠪᠠᠷᠠᠭ᠎ᠠ
ᠬᠣᠯᠠ ᠶ᠋ᠢᠨ
ᠬᠣᠯᠠ ᠠ᠋ᠴᠠ ᠬᠠᠷᠠᠭᠳᠠᠭᠰᠠᠨ
ᠬᠣᠩᠭᠣᠷ ᠨᠤᠲᠤᠭ ᠤ᠋ᠨ
ᠪᠠᠷ᠎ᠠ ᠂
ᠬᠤᠳᠠᠯᠳᠤᠭ᠎ᠠ
ᠳᠡᠯᠭᠡᠭᠦᠷ ᠵᠢᠭᠲᠡᠷᠡᠭᠡᠳ
ᠬᠣᠲᠠ ᠳᠦᠭᠦᠷᠡᠩ
ᠪᠠᠷᠠᠭ᠎ᠠ ᠃
ᠪᠠᠷᠰ ᠬᠢᠭᠡᠳ ᠪᠡᠷᠰᠡ
ᠠᠭᠤᠯᠠᠨ ᠳ᠋ᠤ᠌
ᠨᠤᠲᠤᠭᠰᠢᠳᠠᠭ
ᠠᠷᠰᠯᠠᠨ ᠪᠠᠷᠰ ᠲᠣᠭᠰᠢᠨ
᠂
ᠠᠪᠤ ᠶ᠋ᠢᠨ ᠨᠠᠭᠠᠳᠳᠠᠭ
ᠠᠯᠲᠠᠨ ᠪᠡᠷᠰᠡ ᠰᠠᠢᠬᠠᠨ
᠃
ᠪᠡᠬᠡ ᠬᠢᠭᠡᠳ ᠪᠡᠬᠢ
ᠪᠢᠷ ᠪᠡᠬᠡ ᠲᠡᠢ
ᠨᠥᠬᠥᠷᠯᠡᠨ
ᠪᠢᠴᠢᠭ ᠰᠣᠶᠣᠯ ᠲᠠᠢ
ᠲᠠᠨᠢᠯᠴᠠ ᠂
ᠪᠢᠯᠢᠭ ᠣᠶᠤᠨ ᠢ᠋ᠶ᠋ᠠᠨ
ᠨᠡᠭᠡᠭᠡᠭᠳᠡᠭᠦᠯᠦᠨ
ᠪᠡᠬᠢ ᠰᠠᠭᠤᠷᠢ ᠳᠡᠯᠪᠢ
᠃
ᠪᠠᠯ ᠬᠢᠭᠡᠳ ᠪᠡᠯᠡ
ᠠᠭᠤᠯᠠᠨ ᠤ᠋ ᠡᠮᠦᠨ᠎ᠡ
ᠪᠠᠯ ᠳ᠋ᠤ᠌
ᠰᠤᠷᠭᠠᠭᠤᠯᠢ ᠪᠠᠢᠭᠤᠯᠵᠤ
ᠪᠠᠢᠨ᠎ᠠ ᠂
ᠣᠯᠤᠭᠰᠠᠨ ᠪᠡᠯᠡ
ᠮᠥᠩᠭᠥ ᠪᠡᠨ
ᠰᠤᠷᠭᠠᠭᠤᠯᠢ ᠳ᠋ᠤ᠌
ᠨᠡᠮᠡᠷᠢᠯᠡᠬᠦ ᠪᠡᠷ ᠣᠴᠢᠨ᠎ᠠ ᠃
ᠪᠡᠯᠡᠭ ᠬᠢᠭᠡᠳ ᠪᠡᠯᠭᠡ
ᠪᠠᠷᠰ ᠵᠢᠯ ᠦ᠋ᠨ
ᠡᠬᠢᠨ ᠦ᠌ ᠡᠳᠦᠷ
ᠪᠠᠭᠰᠢ ᠳ᠋ᠠᠭᠠᠨ ᠪᠡᠯᠡᠭ
ᠬᠦᠷᠭᠡᠵᠡᠢ
ᠪᠠᠶᠠᠷᠯᠠᠵᠤ ᠰᠠᠭᠤᠭᠰᠠᠨ
ᠪᠠᠭᠰᠢ ᠮᠢᠨᠢ
ᠪᠡᠯᠭᠡ ᠲᠡᠢ ᠦᠭᠡ ᠪᠡᠷ
ᠢᠷᠦᠭᠡᠵᠡᠢ ᠃
ᠪᠢᠯᠠᠭᠤ ᠬᠢᠭᠡᠳ
ᠪᠢᠯᠡᠭᠦᠦ
ᠠᠪᠤ ᠶ᠋ᠢᠨ ᠮᠢᠨᠢ
ᠪᠠᠷᠢᠳᠠᠭ
ᠠᠪᠠ ᠶ᠋ᠢᠨ ᠪᠢᠯᠠᠭᠤ
ᠰᠠᠢᠬᠠᠨ ᠂
ᠠᠬ᠎ᠠ ᠶ᠋ᠢᠨ ᠮᠢᠨᠢ
ᠵᠠᠷᠤᠳᠠᠭ
ᠠᠷᠵᠠᠭᠠᠷ ᠪᠢᠯᠡᠭᠦᠦ
ᠰᠠᠢᠬᠠᠨ ᠃
ᠪᠢᠯᠢᠭ ᠬᠢᠭᠡᠳ ᠪᠡᠯᠡᠭ
ᠣᠶᠤᠨ ᠪᠢᠯᠢᠭ ᠢ᠋ᠶ᠋ᠡᠨ
ᠬᠤᠷᠴᠠᠯᠠᠭᠠᠳ
ᠣᠳᠣᠨ ᠭᠠᠷᠠᠭ ᠊ᠢ
ᠰᠢᠨᠵᠢᠶᠡ ᠂
ᠣᠯᠠᠨ ᠪᠡᠯᠡᠭ ᠢ᠋ᠶ᠋ᠡᠨ
ᠠᠪᠤᠭᠠᠳ
ᠣᠢᠷ᠎ᠠ ᠰᠠᠳᠤᠨ ᠳ᠋ᠠᠭᠠᠨ
ᠲᠣᠭᠣᠷᠢᠶᠠ ᠃
ᠪᠢᠷ ᠬᠢᠭᠡᠳ ᠪᠢᠷ᠎ᠠ
ᠪᠢᠷ ᠴᠠᠭᠠᠰᠤ ᠪᠠᠨ
ᠬᠠᠢᠷᠠᠯᠠᠵᠤ ᠵᠠᠷᠤᠨ᠎ᠠ
᠂
ᠪᠢᠷ᠎ᠠ ᠴᠢᠳᠠᠯ ᠢ᠋ᠶ᠋ᠠᠨ
ᠪᠣᠯᠪᠠᠰᠤᠷᠠᠵᠤ
ᠶᠠᠪᠤᠨ᠎ᠠ ᠃
ᠪᠤᠭ ᠬᠢᠭᠡᠳ ᠪᠤᠭᠤ
ᠴᠡᠯᠡᠭᠡᠷ
ᠲᠠᠯ᠎ᠠ ᠳ᠋ᠠᠭᠠᠨ ᠪᠡᠯᠴᠢᠭᠡᠷ ᠲᠡᠢ
ᠪᠤᠭ ᠮᠠᠯ ᠮᠢᠨᠢ ᠰᠤᠪᠤᠳ
᠂
ᠴᠡᠩᠬᠡᠷ
ᠠᠭᠤᠯᠠᠨ ᠳ᠋ᠠᠭᠠᠨ ᠨᠤᠲᠤᠭ ᠲᠠᠢ
ᠪᠤᠭᠤ ᠰᠤᠭᠤ ᠮᠢᠨᠢ
ᠡᠷᠳᠡᠨᠢ ᠃
ᠪᠣᠭᠣᠮ᠎ᠠ ᠬᠢᠭᠡᠳ
ᠪᠣᠭᠣᠮᠢ
ᠠᠳᠤᠭᠤ ᠮᠠᠯ ᠳ᠋ᠤ᠌
ᠳᠡᠯᠭᠡᠷᠡᠭᠰᠡᠨ
ᠪᠣᠭᠣᠮ᠎ᠠ ᠡᠪᠡᠳᠴᠢᠨ
ᠬᠠᠯᠳᠠᠪᠤᠷᠢᠲᠠᠢ ᠂
ᠠᠷᠳᠠᠭ ᠲᠣᠭᠰᠢᠨ ᠊ᠢ ᠨᠠᠮᠤᠳᠬᠠᠭᠰᠠᠨ
ᠪᠣᠭᠣᠮᠢ ᠴᠠᠯᠮ᠎ᠠ
ᠡᠷᠴᠢᠲᠡᠢ ᠃
ᠪᠣᠮᠪᠣ ᠬᠢᠭᠡᠳ ᠪᠤᠮᠪᠠ
ᠪᠣᠷᠤᠯᠵᠢᠨ
ᠰᠦᠮ᠎ᠡ ᠶ᠋ᠢᠨ ᠪᠣᠮᠪᠣ ᠯᠠᠮᠠ
ᠥᠨᠳᠥᠷ ᠬᠦᠵᠦᠭᠦᠦ ᠲᠡᠢ
ᠪᠤᠮᠪᠠ ᠲᠠᠢ ᠂
ᠪᠤᠰᠤᠳ ᠤ᠋ᠨ
ᠶᠠᠭᠤᠮ᠎ᠠ ᠶ᠋ᠢ ᠮᠡᠬᠡᠯᠡᠨ ᠠᠪᠳᠠᠭ
ᠥᠯᠥᠨ ᠬᠣᠪᠳᠣᠭ
ᠵᠠᠩ ᠲᠠᠢ ᠃
ᠪᠣᠱᠣᠭ᠎ᠠ ᠬᠢᠭᠡᠳ
ᠪᠣᠰᠤᠭ᠎ᠠ
ᠡᠭᠦᠳᠡᠨ ᠪᠣᠱᠣᠭ᠎ᠠ
ᠠᠯᠬᠤᠭᠠᠳ
ᠡᠷᠦᠬᠡ ᠭᠡᠷ ᠲᠦ᠍ ᠨᠢ
ᠣᠷᠣᠬᠤ ᠳ᠋ᠤ᠌ ᠂
ᠡᠭᠴᠡ ᠪᠣᠰᠤᠭ᠎ᠠ
ᠷᠠᠳᠢᠣ᠋
ᠡᠭᠡᠰᠢᠭ ᠳᠠᠭᠤᠤ ᠪᠠᠷ
ᠤᠭᠲᠤᠯ᠎ᠠ ᠃
ᠪᠣᠱᠣᠭ᠎ᠠ ᠬᠢᠭᠡᠳ
ᠪᠣᠱᠣᠭ
ᠰᠤᠷᠭᠠᠭᠤᠯᠢ ᠶ᠋ᠢᠨ
ᠪᠣᠱᠣᠭ᠎ᠠ ᠶ᠋ᠢ ᠠᠯᠬᠤᠭᠰᠠᠨ ᠠ᠋ᠴᠠ
ᠰᠣᠶᠣᠯ ᠤ᠋ᠨ ᠰᠠᠢᠬᠠᠨ
᠊ᠢ ᠮᠡᠳᠡᠵᠡᠢ ᠂
ᠲᠡᠭᠷᠢ ᠶ᠋ᠢᠨ ᠪᠣᠱᠣᠭ
᠊ᠢ ᠬᠦᠯᠢᠶᠡᠬᠦ
ᠲᠡᠨᠡᠭ ᠦᠵᠡᠯᠲᠡ ᠶ᠋ᠢ
ᠵᠢᠭᠰᠢᠵᠡᠢ ᠃
ᠪᠣᠲᠣᠭᠣ ᠬᠢᠭᠡᠳ ᠪᠣᠳᠣᠭ
ᠲᠡᠰᠢᠵᠦ ᠶᠠᠪᠤᠭ᠎ᠠ
ᠲᠡᠮᠡᠭᠡ ᠶ᠋ᠢ
ᠪᠣᠢᠯᠠᠵᠤ ᠶᠠᠪᠤᠭ᠎ᠠ ᠪᠣᠲᠣᠭᠣ ᠲᠠᠢ
ᠨᠢ ᠵᠢᠷᠤᠯ᠎ᠠ ᠂
ᠳᠡᠭᠦᠦ ᠮᠢᠨᠢ
ᠪᠢᠷ ᠢ᠋ᠶ᠋ᠡᠨ ᠠᠪᠤᠭᠠᠳ
ᠳᠡᠭᠡᠭᠦᠷ ᠨᠢ ᠰᠢᠷᠭᠠᠯ
ᠪᠣᠳᠣᠭ ᠣᠷᠣᠭᠤᠯᠤᠯ᠎ᠠ ᠂
ᠪᠤᠲᠠ ᠬᠢᠭᠡᠳ ᠪᠣᠳᠢ
ᠥᠰᠬᠡᠭᠰᠡᠨ ᠰᠦᠷᠦᠭ
ᠮᠢᠨᠢ
ᠵᠠᠭᠤᠨ ᠪᠤᠲᠠ ᠪᠠᠢᠨ᠎ᠠ
᠂
ᠦᠵᠡᠭᠰᠡᠨ ᠨᠣᠮ ᠮᠢᠨᠢ
ᠲᠦᠮᠡᠨ ᠪᠣᠳᠢ ᠪᠠᠢᠨ᠎ᠠ
᠃
ᠪᠣᠷ ᠬᠢᠭᠡᠳ ᠪᠣᠷᠣ
ᠪᠤᠯᠠᠭ ᠤ᠋ᠨ ᠤᠰᠤ
ᠪᠣᠷ ᠪᠣᠷ ᠣᠷᠭᠢᠯᠤᠨ᠎ᠠ
᠂
ᠪᠣᠷᠣ ᠲᠠᠤᠯᠠᠢ
ᠪᠤᠲᠠ ᠰᠦᠯᠵᠢᠨ ᠭᠦᠶᠦᠨ᠎ᠡ
᠃
ᠪᠣᠷᠣᠭ ᠬᠢᠭᠡᠳ
ᠪᠣᠷᠣᠭ᠎ᠠ
ᠪᠣᠷᠣᠭ ᠡᠪᠡᠰᠦ
ᠰᠢᠮ᠎ᠡ ᠲᠡᠵᠢᠭᠡᠯ ᠮᠠᠭᠤ
᠂
ᠪᠣᠷᠣᠭ᠎ᠠ ᠬᠤᠷ᠎ᠠ
ᠴᠢᠭᠢᠭ ᠠᠮᠢᠯᠠᠯ ᠶᠡᠬᠡ
᠃
ᠪᠤᠭᠤ ᠬᠢᠭᠡᠳ ᠪᠠᠭᠤᠤ
ᠠᠭᠯᠠᠭ ᠥᠨᠳᠥᠷ
ᠠᠭᠤᠯᠠᠨ ᠳ᠋ᠤ᠌
ᠪᠤᠭᠤ ᠰᠤᠭᠤ ᠡᠯᠳᠡᠩ
ᠪᠣᠢ ᠂
ᠠᠷᠠᠳ ᠤ᠋ᠨ ᠠᠮᠢᠳᠤᠷᠠᠯ
ᠰᠠᠢᠵᠢᠷᠠᠭᠰᠠᠨ ᠠ᠋ᠴᠠ
ᠪᠠᠭᠤᠤ ᠴᠠᠭ ᠡᠯᠪᠡᠭ
ᠪᠣᠢ ᠃
ᠪᠤᠭ ᠬᠢᠭᠡᠳ ᠪᠤᠬ᠎ᠠ
ᠠᠭᠤᠤ ᠨᠠᠮ ᠤ᠋ᠨ
ᠠᠴᠢ ᠪᠠᠷ
ᠠᠳᠠ ᠪᠤᠭ ᠳᠠᠷᠤᠭᠳᠠᠵᠠᠢ
᠂
ᠠᠲᠠᠷ ᠲᠠᠯ᠎ᠠ ᠶ᠋ᠢᠨ
ᠪᠡᠯᠴᠢᠭᠡᠷ ᠲᠦ᠍
ᠠᠯᠠᠭ ᠪᠤᠬ᠎ᠠ
ᠣᠯᠠᠰᠢᠷᠠᠵᠠᠢ ᠃
ᠪᠤᠯᠠᠭ ᠬᠢᠭᠡᠳ
ᠪᠤᠯᠠᠭ᠎ᠠ
ᠲᠤᠩᠭᠠᠯᠠᠭ ᠪᠤᠯᠠᠭ ᠤ᠋ᠨ
ᠬᠥᠪᠡᠭᠦᠨ ᠳ᠋ᠦ᠍
ᠲᠣᠷᠭᠠᠨ ᠨᠣᠭᠣᠭᠠᠨ
ᠵᠦᠯᠭᠡ ᠲᠡᠢ ᠂
ᠬᠥᠨᠳᠡᠢ ᠪᠦᠳᠦᠭᠦᠨ
ᠮᠣᠳᠣᠨ ᠳ᠋ᠤ᠌
ᠬᠥᠬᠥᠲᠡᠨ ᠪᠤᠯᠠᠭ᠎ᠠ
ᠠᠪᠠᠷᠢᠨ ᠪᠣᠢ ᠃
ᠪᠤᠯᠲᠤ ᠬᠢᠭᠡᠳ ᠪᠣᠯᠣᠳ
ᠪᠤᠯᠲᠤ ᠣᠯᠠᠨ ᠢ᠋ᠶ᠋ᠠᠷ ᠢ᠋ᠶ᠋ᠠᠨ
ᠬᠥᠳᠡᠯᠦᠯᠴᠡᠵᠦ
ᠪᠦᠲᠦᠭᠡᠨ
ᠪᠠᠢᠭᠤᠯᠤᠯᠲᠠ ᠶ᠋ᠢ ᠳᠡᠮᠵᠢᠶ᠎ᠡ ᠂
ᠪᠣᠯᠣᠳ ᠲᠡᠮᠦᠷ ᠦ᠋ᠨ
ᠠᠭᠤᠷᠬᠠᠢ ᠶ᠋ᠢ
ᠪᠤᠰᠢᠭᠤ ᠲᠦᠷᠭᠡᠨ
ᠨᠡᠭᠡᠭᠡᠶ᠎ᠡ ᠃
ᠪᠤᠲᠠ ᠬᠢᠭᠡᠳ ᠪᠣᠳᠢ
ᠪᠥᠮᠪᠥᠷᠴᠡᠭ ᠢ᠋ᠶ᠋ᠡᠨ
ᠪᠢᠳᠡ ᠬᠡᠦᠬᠡᠳ ᠲᠦ᠍ ᠥᠭᠭᠦᠶ᠎ᠡ
ᠪᠤᠲᠠ ᠪᠤᠲᠠ
ᠴᠡᠴᠡᠭ ᠲᠡᠢ ᠨᠢ ᠥᠭᠭᠦᠶ᠎ᠡ ᠂
ᠪᠦᠲᠦᠭᠡᠯ ᠢ᠋ᠶ᠋ᠡᠨ
ᠪᠢᠳᠡ ᠬᠡᠦᠬᠡᠳ ᠲᠦ᠍ ᠥᠭᠭᠦᠶ᠎ᠡ
ᠪᠣᠳᠢ ᠪᠣᠳᠢ ᠨᠣᠮ ᠲᠠᠢ
ᠨᠢ ᠥᠭᠭᠦᠶ᠎ᠡ ᠃
ᠪᠣᠳᠣᠩ ᠬᠢᠭᠡᠳ ᠪᠤᠳᠠᠩ
ᠠᠮᠠᠰᠠᠷ ᠨᠢ ᠪᠠᠭ᠎ᠠ
ᠪᠣᠳᠣᠩ ᠰᠠᠪᠠ ᠠ᠋ᠴᠠ
ᠠᠷᠢᠬᠢᠨ ᠤ᠋ ᠦᠨᠦᠷ
ᠰᠡᠩᠭᠢᠨᠡᠨ᠎ᠡ ᠂
ᠠᠭᠤᠯᠠᠨ ᠤ᠋ ᠪᠤᠳᠠᠩ
ᠮᠠᠨᠠᠨ
ᠠᠯᠭᠤᠷ ᠠᠶᠠᠷᠬᠠᠨ
ᠲᠠᠭᠳᠠᠨᠠ ᠃
ᠪᠦᠬᠦ ᠬᠢᠭᠡᠳ ᠪᠥᠬᠡ
ᠠᠲᠠᠨ ᠲᠡᠮᠡᠭᠡ ᠪᠦᠬᠦ
ᠪᠣᠰᠬᠠᠨ
ᠠᠷᠪᠠᠨ ᠭᠠᠵᠠᠷ ᠤ᠋ᠨ
ᠤᠷᠤᠯᠳᠤᠭᠠᠨ ᠳ᠋ᠤ᠌ ᠣᠷᠣᠬᠤ ᠳ᠋ᠤ᠌ ᠂
ᠠᠪᠤᠷᠭᠤ ᠪᠥᠬᠡ ᠣᠮᠣᠭ
ᠪᠤᠰᠬᠠᠨ
ᠠᠰ ᠲᠤᠯᠤᠨ ᠪᠠᠷᠢᠯᠳᠤᠵᠤ
ᠡᠬᠢᠯᠡᠪᠡ ᠃
ᠪᠥᠰ ᠬᠢᠭᠡᠳ ᠪᠦᠰᠡ
ᠤᠯᠠᠭᠠᠨ ᠪᠥᠰ ᠠᠪᠤᠭᠠᠳ
ᠤᠷᠲᠤ ᠲᠡᠷᠯᠢᠭ ᠣᠶᠣᠯ᠎ᠠ
᠂
ᠲᠣᠷᠭᠠᠨ ᠪᠦᠰᠡ ᠬᠢᠭᠡᠳ
ᠳᠤᠮᠳᠠᠭᠤᠷ ᠢ᠋ᠶ᠋ᠠᠨ
ᠪᠦᠰᠡᠯᠡᠯᠡ ᠃
ᠪᠦᠯᠦ ᠬᠢᠭᠡᠳ ᠪᠦᠯᠢ
ᠴᠡᠷᠢᠭ ᠲᠦ᠍
ᠮᠣᠷᠳᠠᠭᠰᠠᠨ ᠪᠦᠯᠦ ᠳᠡᠭᠦᠦ ᠮᠢᠨᠢ
ᠴᠡᠴᠡᠭ ᠦ᠋ᠨ ᠳᠤᠮᠳᠠᠭᠤᠷ
ᠳᠣᠪᠲᠣᠯᠤᠭᠠᠳ ᠶᠠᠪᠤᠯ᠎ᠠ ᠂
ᠴᠡᠩᠬᠡᠷ ᠨᠤᠲᠤᠭ ᠲᠠᠢ
ᠭᠡᠷ ᠪᠦᠯᠢ ᠨᠢ
ᠴᠢᠩ ᠰᠡᠳᠬᠢᠯ ᠦ᠋ᠨ
ᠢᠷᠦᠭᠡᠯ ᠢ᠋ᠶ᠋ᠡᠷ ᠥᠲᠡᠯ᠎ᠡ ᠃
ᠪᠦᠲᠦᠬᠦ ᠬᠢᠭᠡᠳ
ᠪᠦᠲᠡᠬᠦ
ᠪᠦᠲᠦᠬᠦ ᠶᠠᠪᠤᠳᠠᠯ
ᠪᠥᠮᠪᠥᠷᠭᠡᠨ ᠳ᠋ᠡᠭᠡᠨ
ᠳᠡᠭᠡᠷ᠎ᠡ
ᠪᠦᠲᠡᠬᠦ ᠪᠢᠲᠡᠭᠦᠦ
ᠪᠦᠬᠦᠨ ᠳ᠋ᠦ᠍ ᠮᠠᠭᠤ ᠃
ᠪᠦᠳᠡᠭᠢ ᠬᠢᠭᠡᠳ
ᠪᠡᠲᠡᠭᠢ
ᠰᠢᠷ᠎ᠠ ᠭᠡᠭᠡ
ᠰᠤᠪᠤᠷᠠᠬᠤ ᠪᠠᠷ
ᠠᠭᠤᠯᠠᠰ ᠪᠦᠳᠡᠭᠢ
ᠬᠠᠷᠠᠭᠳᠠᠳᠠᠭ ᠂
ᠰᠠᠨᠠᠭ᠎ᠠ ᠰᠡᠳᠬᠢᠯ
ᠵᠣᠪᠠᠬᠤ ᠪᠠᠷ
ᠪᠡᠲᠡᠭᠢ ᠡᠪᠡᠳᠴᠢᠨ
ᠣᠯᠳᠠᠭ ᠃
ᠪᠦᠷᠢᠶ᠎ᠡ ᠬᠢᠭᠡᠳ
ᠪᠠᠷᠢᠶ᠎ᠠ
ᠴᠡᠴᠡᠭ ᠦ᠋ᠨ ᠶᠠᠭᠠᠨ
ᠡᠭᠦᠯᠡᠰ ᠊ᠢ ᠢᠷᠠᠭᠠᠳ
ᠴᠡᠷᠢᠭ ᠦ᠋ᠨ ᠪᠦᠷᠢᠶ᠎ᠡ
ᠬᠠᠩᠭᠢᠨᠠᠵᠤ ᠪᠠᠢᠨ᠎ᠠ ᠂
ᠠᠷᠠᠳ ᠴᠡᠷᠢᠭ ᠦ᠋ᠨ
ᠠᠳᠬᠤᠨ ᠵᠡᠪᠰᠡᠭ
ᠠᠯᠲᠠᠨ ᠪᠠᠷᠢᠶ᠎ᠠ ᠰᠢᠭ
ᠭᠢᠯᠠᠯᠵᠠᠵᠤ ᠪᠠᠢᠨ᠎ᠠ ᠃
ᠪᠦᠷ ᠬᠢᠭᠡᠳ ᠪᠦᠷᠢ
ᠤᠷᠲᠤ ᠠᠢᠯ ᠤ᠋ᠨ
ᠰᠠᠴᠤᠷᠠ
ᠤᠬᠠᠭᠠᠨ ᠲᠠᠢ
ᠲᠥᠷᠥᠭᠰᠡᠨ ᠬᠡᠦᠬᠡᠨ ᠂
ᠤᠰᠤ ᠭᠠᠯ ᠊ᠢ ᠪᠦᠷ
ᠬᠠᠮᠵᠢᠭᠠᠳ
ᠤᠳᠠᠭ᠎ᠠ ᠪᠦᠷᠢ ᠵᠠᠷᠤᠭᠳᠠᠳᠠᠭ
᠃
ᠪᠦᠷᠬᠡ ᠬᠢᠭᠡᠳ ᠪᠦᠷᠭᠦ
ᠪᠤᠷᠭᠠᠰᠤ ᠪᠠᠷ
ᠰᠦᠯᠵᠢᠵᠦ ᠭᠦᠷᠦᠭᠰᠡᠨ
ᠪᠥᠮᠪᠥᠭᠡᠷ ᠣᠷᠣᠢ ᠲᠠᠢ
ᠪᠦᠷᠬᠡ ᠭᠡᠷ
ᠪᠣᠷᠣᠭᠠᠨ ᠨᠠᠷᠠ ᠶ᠋ᠢ
ᠬᠠᠯᠬᠠᠯᠠᠳᠠᠭ
ᠪᠣᠮᠪᠣᠭᠣᠷ ᠪᠦᠷᠬᠦ
ᠮᠠᠯᠠᠭᠠᠢ ᠃
