ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠨᠠ ᠠᠢᠮᠠᠭ Монгол үсэг молор эрдэнэ-дүрс ойролцоо үгс ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠨᠠ ᠠᠢᠮᠠᠭ Монгол үсэг молор эрдэнэ-дүрс ойролцоо үгс

ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠨᠠ ᠠᠢᠮᠠᠭ Монгол үсэг молор эрдэнэ-дүрс ойролцоо үгс

2023-03-23

218

ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠨᠠ ᠠᠢᠮᠠᠭ

ᠨᠠ ᠠᠢᠮᠠᠭ

ᠨᠠᠢᠷᠠᠭ ᠬᠢᠭᠡᠳ ᠨᠠᠢᠷᠠᠯ

 

ᠢᠷᠠᠭᠤ ᠨᠠᠢᠷᠠᠭ ᠤ᠋ᠨ ᠬᠠᠭᠤᠳᠠᠰᠤᠨ ᠳ᠋ᠤ᠌

ᠢᠯᠳᠠᠮᠬᠠᠨ ᠪᠦᠲᠦᠭᠡᠯ ᠲᠡᠢ ᠶᠠᠪᠤᠯ᠎ᠠ ᠂

ᠨᠠᠢᠵᠨ ᠨᠥᠬᠥᠳ ᠲᠡᠢ ᠪᠡᠨ ᠬᠠᠮᠲᠤ

ᠨᠠᠢᠷᠠᠯ ᠳᠠᠭᠤᠤ ᠳ᠋ᠤ᠌ ᠣᠷᠣᠯᠴᠠᠯ᠎ᠠ ᠃

 

ᠨᠠᠭᠤᠷ ᠬᠢᠭᠡᠳ ᠨᠢᠭᠤᠷ

 

ᠴᠡᠯᠡᠭᠡᠷ ᠲᠠᠯ᠎ᠠ ᠮᠢᠨᠢ ᠨᠠᠭᠤᠷ ᠲᠠᠢ ᠪᠠᠢᠨᠠᠮ

ᠴᠡᠴᠡᠭ ᠊ᠢ ᠲᠣᠯᠢᠳᠠᠭᠰᠠᠨ ᠨᠠᠭᠤᠷ ᠲᠠᠢ ᠪᠠᠢᠨᠠᠮ

ᠴᠡᠩᠭᠡᠭ ᠨᠠᠭᠤᠷ ᠲᠤᠨᠢ ᠪᠢᠳᠡ ᠬᠦᠷᠦᠭᠡᠳ

ᠴᠢᠷᠠᠢ ᠨᠢᠭᠤᠷ ᠢ᠋ᠶ᠋ᠠᠨ ᠤᠬᠢᠶᠠᠵᠤ ᠨᠠᠭᠠᠳᠤᠨᠠᠮ ᠃

 

ᠨᠠᠮᠠᠭ᠎ᠠ ᠬᠢᠭᠡᠳ ᠨᠠᠮᠢᠶ᠎ᠠ

 

ᠬᠠᠪᠤᠷ ᠤ᠋ᠨ ᠤᠷᠢᠬᠠᠨ ᠳᠤᠯᠠᠭᠠᠨ ᠳ᠋ᠤ᠌

ᠬᠠᠢᠯᠠᠰᠤᠨ ᠤ᠋ ᠨᠠᠮᠠᠭ᠎ᠠ ᠮᠥᠴᠢᠷᠯᠡᠯ᠎ᠡ

ᠬᠠᠮᠢᠶ᠎ᠠ ᠨᠠᠮᠢᠶ᠎ᠠ ᠦᠭᠡᠢ ᠠᠪᠠᠷᠢᠬᠤ ᠶ᠋ᠢ

ᠬᠠᠮᠲᠤ ᠨᠥᠬᠥᠳ ᠲᠡᠭᠡᠨ ᠰᠠᠨᠠᠭᠤᠯᠤᠶ᠎ᠠ ᠃

 

ᠨᠠᠮᠲᠠᠷ ᠬᠢᠭᠡᠳ ᠨᠠᠮᠵᠤᠷ

 

ᠨᠠᠰᠤᠨ ᠤ᠋ ᠰᠠᠢᠬᠠᠨ ᠵᠠᠯᠠᠭᠤ ᠳ᠋ᠠᠭᠠᠨ

ᠨᠠᠮᠲᠠᠷ ᠲᠡᠦᠬᠡ ᠴᠡᠭᠡᠵᠢᠯᠡᠶ᠎ᠡ

ᠨᠡᠢᠲᠡ ᠣᠯᠠᠨ ᠳ᠋ᠤ᠌ ᠵᠢᠭᠰᠢᠭᠲᠡᠲᠡᠭ᠋

ᠨᠠᠮᠵᠤᠷ ᠶᠠᠩᠪᠠ ᠶ᠋ᠢ ᠤᠷᠭᠢᠶ᠎ᠠ ᠃

 

ᠨᠠᠷᠠ ᠬᠢᠭᠡᠳ ᠨᠡᠷ᠎ᠡ

 

ᠤᠷᠭᠤᠬᠤ ᠨᠠᠷᠠ ᠶ᠋ᠢ ᠤᠭᠲᠤᠨ

ᠤᠷᠤᠭᠰᠢᠯᠠᠨ ᠲᠠᠪᠰᠢᠵᠤ ᠶᠠᠪᠤᠨ᠎ᠠ

ᠤᠯᠤᠰ ᠣᠷᠣᠨ ᠤ᠋ ᠪᠠᠨ ᠲᠥᠯᠥᠭᠡ

ᠣᠪᠣᠭ ᠨᠡᠷ᠎ᠡ ᠪᠡᠨ ᠮᠠᠨᠳᠤᠭᠤᠯᠤᠨ᠎ᠠ ᠃

 

ᠨᠠᠷᠠᠨ ᠬᠢᠭᠡᠳ ᠨᠠᠷᠢᠨ

 

ᠨᠠᠷᠠᠨ ᠰᠠᠷᠠᠨ ᠮᠦᠰᠢᠶᠡᠵᠦ

ᠨᠠᠪᠴᠢ ᠴᠡᠴᠡᠭ ᠭᠠᠩᠬᠤᠨ᠎ᠠ

ᠨᠠᠢᠵᠨ ᠨᠥᠬᠥᠳ ᠴᠤᠭᠯᠠᠷᠠᠵᠤ

ᠨᠠᠷᠢᠨ ᠮᠥᠴᠢᠷ ᠰᠢᠭ ᠪᠥᠵᠢᠭᠯᠡᠨ᠎ᠡ ᠃

 

ᠨᠡᠢᠭᠡᠨ ᠬᠢᠭᠡᠳ ᠨᠡᠢᠭᠡᠮ

 

ᠨᠠᠷᠠ ᠡᠷᠭᠦᠭᠰᠡᠨ ᠦᠢᠯᠡᠰ ᠊ᠢ

ᠨᠡᠢᠭᠡᠨ ᠳᠠᠶᠠᠭᠠᠷ ᠮᠠᠭᠲᠠᠨ᠎ᠠ ᠂

ᠨᠡᠢᠭᠡᠮ ᠵᠢᠷᠤᠮᠲᠤ ᠣᠳᠣᠬᠢᠴᠢᠯᠠᠯᠲᠠ

ᠨᠢᠰᠬᠦ ᠮᠡᠲᠦ ᠤᠷᠤᠭᠰᠢᠯᠠᠨ᠎ᠠ ᠃

 

ᠨᠡᠭᠡᠭᠡᠵᠦ ᠬᠢᠭᠡᠳ ᠨᠡᠬᠡᠵᠦ

 

ᠥᠯᠵᠡᠢᠲᠦ ᠭᠡᠭᠡᠪᠴᠢ ᠶ᠋ᠢ ᠨᠡᠭᠡᠭᠡᠵᠦ

ᠥᠷᠯᠥᠭᠡ ᠶ᠋ᠢᠨ ᠠᠭᠠᠷ ᠊ᠢ ᠣᠷᠣᠭᠤᠯᠤᠶ᠎ᠠ ᠂

ᠦᠰᠲᠡᠨ ᠳᠠᠢᠰᠤᠨ ᠊ᠢ ᠨᠡᠬᠡᠵᠦ

ᠥᠰᠢᠶ᠎ᠡ ᠬᠣᠷᠣᠰᠤᠯ ᠢ᠋ᠶ᠋ᠠᠨ ᠠᠪᠤᠶ᠎ᠠ ᠃

 

ᠨᠢᠭᠡᠴᠡ ᠬᠢᠭᠡᠳ ᠨᠢᠭᠡᠴᠢ

 

ᠠᠷᠠᠪ ᠲᠣᠭᠠᠨ ᠳ᠋ᠤ᠌

ᠨᠢᠭᠡᠴᠡ ᠶ᠋ᠢᠨ ᠣᠷᠣᠨ ᠪᠣᠢ ᠂

ᠠᠯᠪᠠᠨ ᠪᠠᠢᠭᠤᠯᠤᠯᠭ᠎ᠠ ᠳ᠋ᠤ᠌

ᠨᠢᠭᠡᠴᠢ ᠣᠯᠠᠨ ᠪᠣᠢ ᠃

 

ᠨᠢᠯᠪᠤᠰᠤ ᠬᠢᠭᠡᠳ ᠨᠤᠯᠮᠤᠰᠤ

 

ᠨᠢᠰᠦ ᠨᠢᠯᠪᠤᠰᠤ ᠪᠠᠨ

ᠠᠷᠴᠢᠵᠤ ᠶᠠᠪᠤ ᠂

ᠨᠤᠯᠮᠤᠰᠤ ᠴᠠᠷ ᠢ᠋ᠶ᠋ᠠᠨ ᠠᠷᠢᠯᠭᠠᠵᠤ ᠶᠠᠪᠤ ᠃

 

ᠨᠢᠵᠡᠭᠡᠳ ᠬᠢᠭᠡᠳ ᠨᠡᠯᠢᠶᠡᠳ

 

ᠠᠷᠪᠠᠨ ᠲᠠᠪᠤᠨ ᠳᠠᠭᠤᠴᠢᠨ

ᠨᠢᠵᠡᠭᠡᠳ ᠲᠣᠭᠯᠠᠯᠲᠠ ᠭᠠᠷᠭᠠᠵᠤ ᠂

ᠠᠯᠤᠰ ᠠ᠋ᠴᠠ ᠴᠤᠭᠯᠠᠷᠠᠭᠰᠠᠨ ᠬᠥᠮᠦᠰ ᠦ᠋ᠨ

ᠨᠡᠯᠢᠶᠡᠳ ᠨᠢ ᠪᠦᠷ ᠰᠠᠢᠰᠢᠶᠠᠵᠠᠢ ᠃

 

ᠨᠣᠭᠣᠭ᠎ᠠ ᠬᠢᠭᠡᠳ ᠨᠣᠭᠣᠭᠠᠨ

 

ᠨᠣᠢᠯ ᠨᠣᠭᠣᠭ᠎ᠠ

ᠨᠤᠲᠤᠭ ᠳᠡᠭᠡᠷ᠎ᠡ

ᠨᠣᠭᠣᠭᠠᠨ ᠲᠣᠷᠭ᠎ᠠ ᠨᠡᠢᠰᠯᠡᠯ ᠳᠡᠭᠡᠷ᠎ᠡ ᠃

 

ᠨᠣᠮᠢᠨ ᠬᠢᠭᠡᠳ ᠨᠣᠮᠣᠨ

 

ᠨᠣᠮᠢᠨ ᠴᠡᠩᠬᠡᠷ ᠨᠤᠲᠤᠭ ᠪᠠᠢᠨ᠎ᠠ ᠂

ᠨᠣᠮᠣᠨ ᠰᠣᠬᠣᠷ ᠲᠠᠯ᠎ᠠ ᠳ᠋ᠤ᠌ ᠪᠠᠢᠨ᠎ᠠ ᠃

 

ᠨᠣᠮᠣᠬᠠᠨ ᠬᠢᠭᠡᠳ ᠨᠠᠮᠬᠠᠨ

 

ᠨᠣᠮᠣᠬᠠᠨ ᠵᠠᠩ ᠲᠠᠢ ᠰᠣᠳᠣ

ᠭᠤᠷᠪᠠᠨ ᠰᠠᠢᠲᠠᠢ ᠰᠤᠷᠤᠭᠴᠢ ᠂

ᠨᠠᠮᠬᠠᠨ ᠪᠡᠶ᠎ᠡ ᠲᠡᠢ ᠪᠠᠲᠤ

ᠭᠣᠣᠯᠴᠢ ᠰᠢᠳᠤᠷᠭᠤ ᠬᠦᠦ ᠃

 

ᠨᠣᠳ ᠬᠢᠭᠡᠳ ᠨᠤᠲᠠ

 

ᠤᠯᠠᠭᠠᠨ ᠨᠣᠳ ᠡᠪᠡᠳᠴᠢᠨ ᠊ᠢ

ᠤᠭ ᠢ᠋ᠶ᠋ᠠᠷ ᠨᠢ ᠤᠰᠠᠳᠬᠠᠵᠤ ᠬᠠᠶᠠᠵᠠᠢ ᠃

ᠣᠯᠠᠨ ᠤ᠋ ᠠᠰᠠᠭᠤᠯᠲᠠ ᠶ᠋ᠢ

ᠣᠨᠴᠠ ᠨᠤᠲᠠ ᠬᠠᠷᠠᠭᠤᠯᠵᠠᠢ ᠃

 

ᠨᠤᠭᠤᠨ ᠬᠢᠭᠡᠳ ᠨᠣᠭᠣᠭᠠᠨ

 

ᠨᠤᠭᠤᠨ ᠦᠷ᠎ᠡ ᠪᠡᠨ ᠪᠦᠪᠡᠢᠯᠡᠭᠰᠡᠨ

ᠨᠤᠲᠤᠭ ᠤ᠋ᠨ ᠰᠢᠷᠣᠢ ᠠᠯᠲᠠ ᠂

ᠨᠣᠭᠣᠭᠠᠨ ᠤᠳᠠ ᠴᠡᠯᠭᠡᠷᠡᠭᠡᠳ

ᠨᠣᠮᠢᠨ ᠳᠣᠯᠭᠢᠶᠠᠨ ᠪᠣᠰᠤᠨᠠᠮ ᠃

 

ᠨᠤᠭᠤᠴᠠ ᠬᠢᠭᠡᠳ ᠨᠢᠭᠤᠴᠠ

 

ᠪᠡᠶ᠎ᠡ ᠪᠡᠨ ᠳᠠᠯᠳᠠᠯᠠᠬᠤ ᠠ᠋ᠴᠠ ᠨᠤᠭᠤᠴᠠ ᠲᠠᠢ

ᠪᠡᠯᠡᠨ ᠲᠠᠯᠪᠢᠬᠤ ᠪᠦᠷᠬᠦᠭᠦᠯ ᠲᠡᠢ ᠂

ᠪᠤᠰᠤᠳ ᠲᠠᠢ ᠶᠠᠷᠢᠯᠴᠠᠬᠤ ᠴᠣᠩᠬᠣ ᠲᠠᠢ

ᠪᠣᠳᠠᠲᠠᠢ ᠬᠡᠯᠡᠯᠴᠡᠬᠦ ᠨᠢᠭᠤᠴᠠ ᠪᠣᠢ ᠃

 

ᠨᠤᠮᠤ ᠬᠢᠭᠡᠳ ᠨᠣᠮ

 

ᠰᠤᠮᠤ ᠪᠠᠨ ᠬᠠᠷᠪᠤᠵᠤ ᠨᠤᠮᠤ ᠪᠠᠨ ᠨᠢᠭᠤᠬᠤ

ᠵᠢᠰᠤᠷ ᠵᠠᠩ ᠮᠠᠭᠤᠬᠠᠢ ᠂

ᠰᠣᠶᠣᠯ ᠲᠠᠢ ᠪᠣᠯᠵᠤ ᠱᠠᠭᠠᠢᠬᠤ

ᠵᠢᠩᠬᠢᠨᠢ ᠬᠦᠰᠡᠯᠡᠩ ᠰᠠᠢᠬᠠᠨ ᠃

 

ᠨᠥᠬᠥᠳ ᠬᠢᠭᠡᠳ ᠨᠤᠭᠦᠳ

 

ᠠᠨᠳᠠ ᠨᠥᠬᠥᠳ ᠦ᠋ᠨ ᠢ᠋ᠶ᠋ᠡᠨ ᠰᠠᠢᠨ ᠢ᠋ᠶ᠋ᠠᠷ

ᠠᠵᠠ ᠵᠢᠷᠭᠠᠯ ᠳ᠋ᠤ᠌ ᠱᠤᠩᠪᠠᠵᠤ ᠪᠠᠢᠨ᠎ᠠ ᠂

ᠠᠳᠠ ᠴᠢᠳᠬᠥᠷ ᠨᠤᠭᠦᠳ ᠊ᠢ

ᠠᠯᠠᠵᠤ ᠠᠷᠢᠯᠭᠠᠬᠤ ᠪᠠᠷ ᠪᠡᠯᠡᠳᠬᠡᠵᠦ ᠪᠠᠢᠨ᠎ᠠ ᠃

 

ᠨᠥᠮᠥᠷ ᠬᠢᠭᠡᠳ ᠨᠥᠮᠥᠷᠢ

 

ᠪᠣᠷᠣᠭᠠᠨ ᠶᠡᠬᠡ ᠣᠷᠣᠪᠠᠯ

ᠪᠤᠰᠢᠭᠤ ᠨᠥᠮᠥᠷᠭᠡ ᠪᠡᠨ ᠨᠥᠮᠥᠷ ᠳᠡ ᠂

ᠪᠤᠲᠠ ᠰᠥᠭᠡᠭ ᠦ᠋ᠨ ᠨᠥᠮᠥᠷᠢ ᠳ᠋ᠦ᠍ᠨᠢ

ᠪᠡᠶ᠎ᠡ ᠪᠡᠨ ᠪᠤᠤ ᠳᠠᠯᠳᠠᠯᠠ ᠳᠠ ᠃