ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠠ ᠠᠢᠮᠠᠭ Монгол үсэг молор эрдэнэ-дүрс ойролцоо үгс ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠠ ᠠᠢᠮᠠᠭ Монгол үсэг молор эрдэнэ-дүрс ойролцоо үгс

ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠠ ᠠᠢᠮᠠᠭ Монгол үсэг молор эрдэнэ-дүрс ойролцоо үгс

2023-03-23

427

ᠮᠣᠩᠭᠣᠯ ᠦᠰᠦᠭ ᠮᠣᠯᠣᠷ ᠡᠷᠳᠡᠨᠢ-ᠳᠦᠷᠰᠦ ᠣᠢᠷᠠᠯᠴᠠᠭ᠎ᠠ ᠦᠭᠡᠰ-ᠠ ᠠᠢᠮᠠᠭ

ᠡᠮᠦᠨᠡᠬᠢ ᠦᠭᠡ

  ᠮᠣᠩᠭᠣᠯ ᠦᠨᠳᠦᠰᠦᠲᠡᠨ ᠪᠣᠯ ᠥᠨᠢ ᠤᠳᠠᠭᠠᠨ ᠰᠣᠶᠣᠯ ᠤ᠋ᠨ ᠥᠪ ᠲᠡᠢ ᠰᠣᠳᠣᠨ ᠪᠠᠶᠠᠯᠢᠭ ᠳᠠᠪᠰᠢᠩᠭᠤᠢ ᠬᠡᠯᠡ ᠲᠡᠢ ᠦᠨᠳᠦᠰᠦᠲᠡᠨ ᠶᠦ᠍ᠮ ᠃ ᠡᠨᠡᠬᠦ ᠡᠪᠦᠭᠡ ᠳᠡᠭᠡᠳᠦᠰ ᠡᠴᠡ ᠥᠪᠯᠡᠭᠰᠡᠨ ᠳᠠᠷᠬᠠᠨ ᠴᠡᠪᠡᠷ ᠦᠭᠡ ᠦᠰᠦᠭ ᠮᠢᠨᠢ ᠳᠠᠶᠠᠭᠠᠷ ᠮᠣᠩᠭᠣᠯᠴᠤᠳ ᠤ᠋ᠨ ᠬᠠᠷᠢᠯᠴᠠᠭ᠎ᠠ ᠶ᠋ᠢᠨ ᠪᠠᠭᠠᠵᠢ ᠬᠡᠷᠡᠭᠯᠡᠭᠦᠷ ᠦ᠋ᠨ ᠬᠤᠪᠢ ᠪᠠᠷ ᠦᠨᠳᠦᠰᠦᠲᠡᠨ ᠦ᠌ ᠬᠦᠴᠦᠷᠬᠡᠭᠵᠢᠨ ᠮᠠᠨᠳᠤᠵᠤ ᠦᠢᠯᠡᠰ ᠦ᠋ᠨ ᠰᠠᠢᠬᠠᠨ ᠊ᠢ ᠴᠣᠭᠴᠠᠯᠠᠬᠤ ᠳ᠋ᠤ᠌ ᠪᠠᠷᠠᠭᠳᠠᠰᠢ ᠦᠭᠡᠢ ᠵᠢᠳᠬᠦᠯ ᠦ᠋ᠨ ᠬᠠᠭᠤᠳᠠᠰᠤ ᠡᠷᠭᠦᠭᠰᠡᠨ ᠶᠦ᠍ᠮ ᠃ ᠡᠨᠡ ᠰᠠᠢᠬᠠᠨ ᠡᠬᠡ ᠬᠡᠯᠡ ᠪᠡᠨ ᠡᠩ ᠵᠦᠢ ᠲᠡᠢ ᠤᠯᠠᠮᠵᠢᠯᠠᠨ ᠬᠥᠭᠵᠢᠭᠦᠯᠵᠦ ᠥᠯᠮᠡᠢ ᠵᠠᠯᠭᠠᠨ ᠢᠷᠡᠬᠦ ᠬᠣᠢᠴᠢᠰ ᠲᠠᠭᠠᠨ ᠥᠪᠯᠡᠨ ᠦᠯᠡᠳᠡᠭᠡᠬᠦ ᠶᠠᠪᠤᠳᠠᠯ ᠪᠣᠯ ᠦᠢ ᠣᠯᠠᠨ ᠮᠣᠩᠭᠣᠯᠴᠤᠳ ᠤ᠋ᠨ ᠡᠷᠬᠡ ᠳᠠᠷᠬᠠᠨ ᠡᠭᠦᠷᠭᠡ ᠪᠣᠯᠬᠤ ᠶᠤᠮ ᠃
ᠦᠨᠳᠦᠰᠦᠲᠡᠨ ᠦ᠌ ᠪᠡᠨ ᠦᠭᠡ ᠬᠡᠯᠡ ᠦᠰᠦᠭ ᠪᠢᠴᠢᠭ ᠊ᠢ ᠰᠤᠷᠴᠤ ᠬᠡᠷᠡᠭᠯᠡᠨ ᠬᠥᠭᠵᠢᠭᠦᠯᠬᠦ ᠳ᠋ᠦ᠍ ᠦᠰᠦᠭ ᠪᠢᠴᠢᠭ ᠢ᠋ᠶ᠋ᠡᠨ ᠵᠥᠪ ᠪᠢᠴᠢᠬᠦ ᠶᠠᠪᠤᠳᠠᠯ ᠪᠣᠯ ᠨᠢᠭᠡᠨ ᠲᠤᠩ ᠴᠢᠬᠤᠯᠠ ᠶᠠᠪᠤᠳᠠᠯ ᠮᠥᠨ ᠃ ᠡᠢᠮᠦ ᠡᠴᠡ ᠪᠢᠳᠡ ᠲᠤᠰ ᠪᠢᠴᠢᠭ ᠲᠦ᠍ ᠤᠩᠰᠢᠯᠭ᠎ᠠ ᠪᠢᠴᠢᠯᠭᠡ ᠣᠢᠷᠠᠯᠴᠠᠭ᠎ᠠ ᠪᠣᠯᠪᠠᠴᠤ ᠤᠳᠬ᠎ᠠ ᠠᠭᠤᠯᠭ᠎ᠠ ᠠᠰᠲᠠᠭᠠᠨ ᠮᠢᠩᠭ᠎ᠠ ᠭᠠᠷᠤᠢ ᠦᠭᠡ ᠶ᠋ᠢ ᠢᠷᠠᠭᠤ ᠰᠠᠢᠬᠠᠨ ᠦᠭᠡ ᠬᠡᠯᠡᠯᠭᠡ ᠪᠡᠷ ᠬᠣᠯᠪᠣᠭᠠᠯᠠᠵᠤ ᠢᠯᠭᠠᠨ ᠲᠠᠢᠯᠪᠤᠷᠢᠯᠠᠭᠰᠠᠨ ᠪᠥᠭᠡᠳ ᠬᠥᠳᠡᠯᠮᠦᠷᠢᠴᠢᠨ ᠠᠷᠠᠳ ᠲᠦᠮᠡᠨ ᠦ᠌ ᠳᠤᠮᠳᠠ ᠥᠷᠭᠡᠨ ᠢ᠋ᠶ᠋ᠡᠷ ᠤᠯᠠᠮᠵᠢᠯᠠᠭᠳᠠᠵᠤ ᠢᠷᠠᠭᠰᠠᠨ ᠵᠦᠢᠷ ᠰᠡᠴᠡᠨ ᠦᠭᠡ ᠶ᠋ᠢ ᠴᠦ᠍ ᠨᠡᠯᠢᠶᠡᠳ ᠰᠣᠩᠭᠣᠵᠤ ᠵᠣᠬᠢᠰᠲᠠᠢ ᠬᠡᠷᠡᠭᠯᠡᠵᠡᠢ ᠃
ᠵᠢᠱ᠌ᠢᠶᠡᠯᠡᠪᠡᠯ ᠄ ᠰᠢᠳᠢ ᠬᠢᠭᠡᠳ ᠰᠢᠲᠦ
ᠰᠢᠳᠢ ᠦᠵᠡᠭᠦᠯᠬᠦ ᠭᠡᠳ ᠰᠢᠪᠰᠢᠭ ᠪᠣᠯᠬᠤ ᠪᠠᠷ ᠢ᠋ᠶ᠋ᠠᠨ
ᠰᠢᠲᠦ ᠵᠠᠭᠤᠵᠤ ᠰᠢᠷᠭᠠᠭᠤ ᠰᠤᠷᠤᠯᠴᠠ
ᠪᠠᠰᠠ ᠵᠢᠱ᠌ᠢᠶᠡᠯᠡᠪᠡᠯ ᠄ ᠠᠷᠪᠠᠲᠤ ᠬᠢᠭᠡᠳ ᠠᠷᠪᠠᠳ
ᠠᠷᠪᠠᠲᠤ ᠶ᠋ᠢᠨ ᠣᠷᠣᠨᠤ᠋ ᠲᠣᠭ᠎ᠠ ᠶ᠋ᠢ
ᠠᠪᠤ ᠮᠢᠨᠢ ᠵᠢᠭᠠᠵᠤ ᠥᠭᠭᠦᠭᠰᠡᠨ
ᠠᠷᠪᠠᠳ ᠤ᠋ᠨ ᠰᠠᠷᠠᠨ ᠤ᠋ ᠬᠡᠯᠲᠡᠭᠡᠢ ᠶ᠋ᠢ ᠠᠴᠢᠲᠤ ᠪᠠᠭᠰᠢ ᠮᠢᠨᠢ ᠵᠢᠭᠠᠭᠰᠠᠨ ᠭᠡᠬᠦ ᠮᠡᠲᠦ ᠪᠡᠷ ᠤᠷᠤᠰᠤᠮ᠎ᠠ ᠢᠷᠠᠭᠤ ᠤᠶᠠᠩᠭᠠᠯᠠᠭᠰᠠᠨ ᠪᠠᠢᠨ᠎ᠠ 
ᠡᠨᠡ ᠨᠢ ᠬᠡᠦᠬᠡᠳ ᠪᠠᠭᠠᠴᠤᠳ ᠤ᠋ᠨ ᠰᠤᠷᠤᠭᠰᠠᠨ ᠢ᠋ᠶ᠋ᠠᠨ ᠪᠠᠲᠤᠵᠢᠭᠤᠯᠤᠨ ᠂ ᠦᠰᠦᠭ ᠪᠢᠴᠢᠭ ᠢ᠋ᠶ᠋ᠡᠨ ᠵᠥᠪ ᠢ᠋ᠶ᠋ᠡᠷ ᠤᠩᠰᠢᠵᠤ ᠂ ᠪᠢᠴᠢᠵᠦ ᠂ ᠬᠡᠷᠡᠭᠯᠡᠵᠦ ᠴᠢᠳᠠᠬᠤ ᠴᠢᠳᠠᠪᠤᠷᠢ ᠪᠠᠨ ᠠᠬᠢᠭᠤᠯᠤᠨ ᠳᠡᠭᠡᠭᠰᠢᠯᠡᠭᠦᠯᠬᠦ ᠳ᠋ᠦ᠍ ᠬᠡᠯᠡ ᠪᠢᠴᠢᠭ ᠦ᠋ᠨ ᠲᠠᠯ᠎ᠠ ᠪᠠᠷ ᠦᠨᠳᠦᠰᠦᠨ ᠮᠡᠳᠡᠯᠭᠡ ᠣᠯᠭᠣᠭᠤᠯᠬᠤ ᠪᠥᠭᠡᠳ ᠣᠯᠠᠨ ᠦᠶ᠎ᠡ ᠤᠯᠠᠮᠵᠢᠯᠠᠭᠳᠠᠵᠤ ᠢᠷᠠᠭᠰᠠᠨ ᠵᠦᠢᠷ ᠰᠡᠴᠡᠨ ᠦᠭᠡ ᠨᠤᠭᠦᠳ ᠊ᠢ ᠰᠤᠷᠴᠤ ᠡᠵᠡᠮᠰᠢᠬᠦ ᠳ᠋ᠦ᠍ ᠴᠦ᠍ ᠶᠡᠬᠡ ᠬᠠᠪᠰᠤᠷᠤᠮᠵᠢ ᠪᠣᠯᠤᠨ᠎ᠠ ᠃
ᠲᠤᠰ ᠪᠢᠴᠢᠭ ᠦ᠋ᠨ ᠤᠳᠬ᠎ᠠ ᠰᠠᠨᠠᠭ᠎ᠠ ᠨᠢ ᠡᠷᠡᠭᠦᠯ ᠴᠢᠭᠢᠷᠠᠭ ᠂ ᠰᠡᠳᠬᠢᠮᠵᠢ ᠨᠢ ᠤᠷᠠᠨ ᠂ ᠬᠡᠮᠵᠢᠶ᠎ᠡ ᠣᠬᠣᠷ ᠪᠣᠯᠪᠠᠴᠤ ᠪᠠᠭᠲᠠᠭᠠᠮᠵᠢ ᠰᠠᠢᠲᠠᠢ ᠂ ᠦᠭᠡ ᠬᠡᠯᠡᠯᠭᠡ ᠨᠢ ᠢᠷᠠᠭᠤ ᠰᠠᠢᠬᠠᠨ ᠪᠠᠢᠳᠠᠭ  ᠡᠳᠡᠭᠡᠷ ᠦᠭᠡ ᠨᠤᠭᠦᠳ ᠊ᠢ ᠦᠨᠳᠦᠰᠦᠨ ᠳ᠋ᠦ᠍ ᠪᠡᠨ ᠴᠠᠭᠠᠨ ᠲᠣᠯᠣᠭᠠᠢ ᠶ᠋ᠢᠨ ᠳᠡᠰ ᠳᠠᠷᠠᠭᠠᠯᠠᠯ ᠢ᠋ᠶ᠋ᠠᠷ ᠵᠢᠭᠰᠠᠭᠠᠭᠰᠠᠨ ᠪᠣᠯᠬᠣᠷ ᠪᠠᠭᠠᠴᠤᠳ ᠬᠡᠦᠬᠡᠳ ᠦ᠋ᠨ ᠤᠩᠰᠢᠵᠤ ᠴᠡᠭᠡᠵᠢᠯᠡᠬᠦ ᠪᠠ ᠦᠰᠦᠭ ᠡᠷᠢᠵᠦ ᠰᠤᠷᠤᠯᠴᠠᠬᠤ ᠳ᠋ᠤ᠌ ᠳᠥᠭᠥᠮ ᠬᠢᠯᠪᠠᠷ ᠪᠥᠭᠡᠳ ᠮᠡᠳᠡᠯᠭᠡ ᠬᠥᠮᠦᠵᠢᠯ ᠦ᠋ᠨ ᠪᠣᠳᠠᠲᠤ ᠠᠴᠢ ᠬᠣᠯᠪᠣᠭᠳᠠᠯ ᠲᠠᠢ ᠶᠤᠮ ᠃

ᠠ ᠠᠢᠮᠠᠭ

ᠠᠤᠭ᠎ᠠ ᠬᠢᠭᠡᠳ ᠠᠭᠤᠤ

ᠠᠵᠢᠯ ᠰᠤᠷᠤᠯᠭ᠎ᠠ ᠳ᠋ᠠᠭᠠᠨ ᠴᠢᠷᠮᠠᠢᠭᠠᠳ ᠠᠤᠭ᠎ᠠ ᠪᠦᠲᠦᠭᠡᠯ ᠭᠠᠷᠭᠠᠶ᠎ᠠ ᠂

ᠠᠭᠤᠤ ᠶᠡᠬᠡ ᠦᠢᠯᠡᠰ ᠲᠡᠭᠡᠨ ᠠᠷᠢᠭᠤᠨ ᠵᠢᠳᠬᠦᠯ ᠡᠷᠭᠦᠶ᠎ᠡ ᠃

ᠠᠨᠠᠷ ᠬᠢᠭᠡᠳ ᠠᠨᠢᠷ

ᠠᠯᠲᠠᠨ ᠨᠠᠮᠤᠷ ᠪᠣᠯᠪᠠᠰᠤᠷᠠᠭᠰᠠᠨ ᠠᠨᠠᠷ ᠵᠢᠮᠢᠰ ᠢ᠋ᠶ᠋ᠡᠨ ᠲᠡᠭᠦᠶ᠎ᠡ ᠂

ᠠᠨᠢᠷ ᠴᠢᠮᠡᠭᠡ ᠳᠤᠭᠤᠯᠳᠠᠭᠰᠠᠨ ᠠᠨᠢᠶ᠎ᠠ ᠨᠠᠷ ᠲᠠᠭᠠᠨ ᠬᠦᠷᠭᠡᠶ᠎ᠡ ᠃

ᠠᠩᠬᠢᠯᠤᠭᠰᠠᠨ ᠬᠢᠭᠡᠳ ᠠᠩᠭᠢᠯᠠᠭᠰᠠᠨ

ᠲᠣᠰᠣᠨ ᠤ᠋ ᠦᠨᠦᠷ ᠠᠩᠬᠢᠯᠤᠭᠰᠠᠨ ᠲᠣᠷᠭᠠᠨ ᠨᠣᠭᠣᠭᠠᠨ ᠲᠠᠯ᠎ᠠ ᠪᠠᠷ

ᠳᠤᠭᠤᠢᠯᠠᠩ ᠪᠦᠯᠦᠭ ᠠᠩᠭᠢᠯᠠᠭᠰᠠᠨ ᠳᠣᠷᠪᠢᠯᠢᠭ ᠪᠠᠭᠠᠴᠤᠳ ᠠᠢᠰᠤᠢ ᠃

ᠠᠪ ᠬᠢᠭᠡᠳ ᠠᠪᠠ

ᠠᠬᠠᠮᠠᠳ ᠤ᠋ᠨ ᠢ᠋ᠶ᠋ᠠᠨ ᠰᠤᠷᠭᠠᠯ ᠊ᠢ ᠠᠶᠤᠤᠯᠢᠬᠠᠢ ᠳ᠋ᠠᠭᠠᠨ ᠴᠡᠭᠡᠵᠢᠯᠡᠵᠦ ᠠᠪ ᠂

ᠠᠪᠠ ᠬᠣᠮᠣᠷᠭ᠎ᠠ ᠬᠢᠬᠦ ᠳ᠋ᠡᠭᠡᠨ ᠠᠶᠤᠯ ᠪᠠᠷᠲᠠᠭ᠎ᠠ ᠶ᠋ᠢ ᠬᠢᠴᠢᠶᠡ ᠃

ᠠᠪᠠᠬᠠᠢ ᠬᠢᠭᠡᠳ ᠠᠪᠠᠭᠠᠢ

ᠠᠷᠪᠠᠨ ᠨᠠᠢ᠍ᠮᠠᠨ ᠨᠠᠰᠤ ᠲᠠᠢ ᠠᠯᠠᠭ ᠲᠡᠷᠯᠢᠭ ᠲᠡᠢ ᠠᠪᠠᠬᠠᠢ ᠂

ᠠᠳᠠᠯ ᠭᠡᠷ ᠢ᠋ᠶ᠋ᠡᠨ ᠴᠢᠮᠡᠭᠯᠡᠳᠡᠭ ᠠᠵᠢᠯᠴᠢ ᠴᠡᠪᠡᠷᠬᠡᠨ ᠠᠪᠠᠭᠠᠢ ᠃

ᠠᠪᠠᠭ᠎ᠠ ᠬᠢᠭᠡᠳ ᠠᠪᠤᠭ᠎ᠠ

ᠠᠪᠠᠭ᠎ᠠ ᠡᠵᠢ ᠪᠡᠨ ᠳᠠᠭᠠᠵᠤ ᠠᠲᠠᠷ ᠬᠡᠭᠡᠷ᠎ᠡ ᠭᠠᠷᠤᠨ᠎ᠠ ᠂

ᠠᠪᠤᠭ᠎ᠠ ᠨᠣᠭᠣᠭ᠎ᠠ ᠲᠡᠭᠦᠵᠦ ᠠᠳᠠᠯ ᠭᠡᠷ ᠲᠡᠭᠡᠨ ᠠᠪᠴᠢᠷᠠᠨ᠎ᠠ ᠃

ᠠᠪᠤᠭᠠᠢ ᠬᠢᠭᠡᠳ ᠠᠪᠠᠭᠠᠢ

ᠠᠬ᠎ᠠ ᠵᠠᠬᠠᠰ ᠤ᠋ᠨ ᠬᠥᠮᠦᠨ ᠊ᠢ ᠠᠪᠤᠭᠠᠢ ᠭᠡᠵᠦ ᠳᠠᠭᠤᠳᠠᠭᠠᠷᠠᠢ !

ᠠᠬᠢᠮᠠᠭ ᠨᠠᠰᠤᠨ ᠤ᠋ ᠡᠮᠡᠭᠲᠡᠢ ᠶ᠋ᠢ ᠠᠪᠠᠭᠠᠢ ᠭᠡᠵᠦ ᠬᠦᠨᠳᠦᠳᠬᠡᠭᠡᠷᠡᠢ !

ᠠᠪᠤᠷᠢ ᠬᠢᠭᠡᠳ ᠠᠪᠠᠷᠢ

ᠠᠪᠤᠷᠢ ᠵᠠᠩ ᠢ᠋ᠶ᠋ᠠᠨ ᠵᠠᠰᠠᠵᠤ ᠠᠰᠪᠤᠷᠢ

ᠴᠠᠭᠠᠪᠤᠷ ᠶᠠᠪᠤ ᠂

ᠠᠯᠲᠠᠨ ᠰᠣᠶᠣᠯ ᠤ᠋ᠨ ᠣᠷᠭᠢᠯ ᠳ᠋ᠤ᠌ ᠠᠯᠮᠠᠰ ᠵᠣᠷᠢᠭ ᠢ᠋ᠶ᠋ᠠᠷ ᠠᠪᠠᠷᠢ ᠃

 

ᠠᠬᠠᠷ ᠬᠢᠭᠡᠳ ᠠᠬᠤᠷ

ᠠᠮᠢᠳᠤᠷᠠᠯ ᠠᠬᠤᠢ ᠶ᠋ᠢᠨ ᠶᠠᠪᠤᠴᠠ ᠳ᠋ᠤ᠌ ᠠᠬᠠᠷ ᠰᠠᠬᠠᠷ ᠵᠦᠢᠯ ᠳᠠᠭᠠᠷᠠᠳᠠᠭ ᠃

ᠠᠳᠤᠭᠤᠯᠠᠵᠤ ᠶᠠᠪᠤᠭ᠎ᠠ ᠰᠦᠷᠦᠭ ᠲᠦ᠍ ᠮᠢᠨᠢ ᠠᠬᠤᠷ ᠦᠰᠦ ᠲᠡᠢ ᠬᠣᠨᠢ ᠴᠤ᠌ ᠪᠠᠢᠳᠠᠭ ᠃

ᠠᠭᠠᠷ ᠬᠢᠭᠡᠳ ᠠᠭᠤᠷ

ᠠᠭᠠᠷ ᠳᠡᠭᠡᠭᠦᠷ ᠨᠢᠰᠳᠡᠭ ᠠᠯᠠᠭ ᠡᠷᠢᠶᠡᠨ ᠪᠣᠯᠵᠣᠮᠣᠷ ᠂

ᠠᠭᠤᠷ ᠤᠲᠤᠭ᠎ᠠ ᠰᠠᠪᠰᠠᠭᠤᠯᠳᠠᠭ ᠠᠵᠤ ᠦᠢᠯᠡᠳᠪᠦᠷᠢ ᠶ᠋ᠢᠨ ᠬᠤᠯᠠᠩ ᠃

ᠠᠭᠠᠷᠴᠠ ᠬᠢᠭᠡᠳ ᠠᠭᠠᠷᠴᠠᠭ

ᠠᠢᠷᠠᠭ ᠲᠠᠷᠠᠭ ᠤ᠋ᠨ ᠵᠦᠢᠯ ᠳ᠋ᠦ᠍ ᠠᠭᠠᠷᠴᠠ ᠬᠡᠳᠦᠢ ᠢᠰᠬᠦᠯᠡᠩ ᠪᠣᠢ ᠂

ᠠᠷᠤᠭ ᠶᠠᠰᠤᠨ ᠤ᠋ ᠬᠡᠯᠬᠢᠶ᠎ᠡ ᠳ᠋ᠦ᠍ ᠠᠭᠠᠷᠴᠠᠭ ᠬᠡᠳᠦᠢ ᠢᠳᠡᠷᠡᠭᠦᠨ ᠪᠣᠢ ᠃

ᠠᠭᠤᠢ ᠬᠢᠭᠡᠳ ᠠᠭᠤᠤ

ᠠᠭᠤᠯᠠ ᠬᠠᠳᠠᠨ ᠳ᠋ᠤ᠌ ᠠᠭᠤᠢ ᠨᠦᠬᠡ ᠪᠠᠢᠳᠠᠭ ᠂

ᠠᠭᠤᠳᠠᠮ ᠲᠠᠯ᠎ᠠ ᠳ᠋ᠤ᠌ ᠠᠭᠤᠤ ᠦᠢᠯᠡᠰ ᠪᠣᠰᠳᠠᠭ ᠃

ᠠᠭᠤᠯᠠ ᠬᠢᠭᠡᠳ ᠤᠯᠠ

ᠠᠯᠲᠠᠨ ᠬᠢᠯᠢ ᠪᠡᠨ ᠬᠠᠮᠠᠭᠠᠯᠠᠬᠤ ᠪᠠᠷ ᠠᠬ᠎ᠠ ᠮᠢᠨᠢ ᠴᠡᠷᠢᠭ ᠲᠦ᠍ ᠮᠣᠷᠳᠠᠭᠰᠠᠨ ᠂

ᠠᠯᠤᠰ ᠤ᠋ᠨ ᠴᠡᠩᠬᠡᠷ ᠠᠭᠤᠯᠠᠨ ᠳ᠋ᠤ᠌ ᠤᠯᠠ ᠮᠥᠷ ᠨᠢ ᠳᠤᠷᠠᠢᠭᠰᠠᠨ ᠃

ᠠᠭᠤᠴᠢᠯᠠᠵᠤ ᠬᠢᠭᠡᠳ ᠤᠭᠤᠴᠠᠯᠠᠵᠤ

ᠣᠰᠣᠯ ᠪᠤᠷᠤᠭᠤ ᠪᠠᠨ ᠮᠠᠲᠠᠷᠠᠭᠰᠠᠳ ᠊ᠢ ᠠᠭᠤᠴᠢᠯᠠᠵᠤ ᠬᠡᠯᠲᠦᠷᠢᠭᠦᠯᠬᠦ ᠶᠣᠰᠣ ᠪᠣᠢ ᠂

ᠤᠭᠤᠴᠠ ᠶ᠋ᠢ ᠪᠦᠬᠦᠯᠢ ᠪᠡᠷ ᠴᠢᠨᠠᠭᠠᠳ ᠤᠭᠤᠴᠠᠯᠠᠵᠤ ᠳᠠᠢᠯᠠᠬᠤ ᠵᠠᠩᠰᠢᠯ ᠴᠤ᠌ ᠪᠣᠢ ᠃

ᠠᠭᠤᠵᠢᠮ ᠬᠢᠭᠡᠳ ᠠᠭᠤᠳᠠᠮ

ᠰᠠᠨᠠᠭ᠎ᠠ ᠰᠡᠳᠬᠢᠯ ᠨᠢ ᠠᠭᠤᠵᠢᠮ ᠰᠠᠢᠬᠠᠨ ᠵᠠᠩ ᠲᠠᠢ ᠬᠥᠮᠦᠨ ᠪᠠᠢᠨᠠᠮ ᠂

ᠰᠠᠷᠠᠭᠤᠯ ᠲᠠᠯ᠎ᠠ ᠨᠢ ᠠᠭᠤᠳᠠᠮ ᠰᠣᠳᠣᠨ ᠴᠢᠮᠡᠭᠲᠦ ᠨᠤᠲᠤᠭ ᠪᠠᠢᠨᠠᠮ ᠃

ᠠᠭᠤᠷ ᠬᠢᠭᠡᠳ ᠤᠭᠤᠷ

ᠤᠰᠤᠨ ᠤ᠋ ᠠᠭᠤᠷ ᠲᠠᠭᠳᠠᠪᠠᠯ ᠡᠭᠦᠯᠡ ᠪᠣᠷᠣᠭᠠᠨ ᠪᠣᠯᠳᠠᠭ ᠂

ᠤᠷᠢᠳᠤ ᠶ᠋ᠢᠨ ᠴᠠᠭ ᠤ᠋ᠨ ᠮᠣᠩᠭᠣᠯᠴᠤᠳ ᠣᠭᠣᠷ ᠲᠤ᠌ ᠪᠤᠳᠠᠭ᠎ᠠ ᠨᠦᠳᠦᠳᠡᠭ ᠃

ᠠᠭᠤᠷᠰᠤ ᠬᠢᠭᠡᠳ ᠠᠭᠤᠷᠠᠰᠤ

ᠠᠭᠤᠳᠠᠮ ᠣᠭᠲᠠᠷᠭᠤᠢ ᠳᠡᠭᠡᠭᠦᠷ ᠠᠭᠤᠷᠰᠤ ᠰᠢᠪᠠᠭᠤ ᠨᠢᠰᠦᠨ᠎ᠡ ᠂

ᠠᠭᠤᠯᠠ ᠣᠪᠣᠭ᠎ᠠ ᠰᠢᠭ᠋ ᠪᠠᠶᠠᠨ ᠡᠳ᠋ ᠠᠭᠤᠷᠠᠰᠤ ᠪᠢᠯᠬᠠᠨ᠎ᠠ ᠃

ᠠᠭᠲᠠ ᠬᠢᠭᠡᠳ ᠠᠨᠳᠠ

ᠠᠭᠲᠠ ᠮᠣᠷᠢᠨ ᠳ᠋ᠠᠭᠠᠨ ᠮᠣᠷᠳᠠᠵᠤ ᠡᠬᠡ ᠰᠤᠷᠭᠠᠭᠤᠯᠢ ᠳ᠋ᠠᠭᠠᠨ ᠣᠴᠢᠶ᠎ᠠ ᠂

ᠠᠨᠳᠠ ᠨᠥᠬᠥᠳ ᠲᠡᠢ ᠪᠡᠨ ᠪᠦᠯᠬᠦᠮᠳᠡᠵᠦ ᠡᠷᠳᠡᠮ ᠰᠣᠶᠣᠯ ᠳ᠋ᠤ᠌ ᠰᠢᠮᠳᠠᠶ᠎ᠠ ᠃

ᠠᠮᠠ ᠬᠢᠭᠡᠳ ᠠᠮᠤ

ᠠᠮᠠ ᠠᠮᠠ ᠪᠠᠷ ᠡᠮᠬᠦᠵᠦ ᠠᠮᠤ ᠪᠤᠳᠠᠭ᠎ᠠ ᠢᠳᠡᠬᠦ ᠳ᠋ᠡᠭᠡᠨ

ᠠᠮᠤ ᠪᠤᠳᠠᠭᠠᠨ ᠤ᠋ ᠢᠷᠡᠯᠲᠡ ᠶ᠋ᠢ ᠠᠰᠠᠭᠤᠵᠤ ᠮᠡᠳᠡᠬᠦ ᠴᠢᠬᠤᠯᠠ ᠲᠠᠢ ᠃

ᠠᠮᠠᠷ ᠬᠢᠭᠡᠳ ᠠᠮᠠᠷᠠ

ᠠᠮᠠᠷ ᠳᠥᠭᠥᠮ ᠠᠵᠢᠯ ᠊ᠢ ᠨᠢ ᠠᠨᠳᠠ ᠨᠥᠬᠥᠳ ᠲᠡᠭᠡᠨ ᠥᠭᠭᠦᠶ᠎ᠡ

ᠠᠵᠢᠯ ᠠ᠋ᠴᠠ ᠢᠷᠡᠬᠦ ᠬᠥᠮᠦᠰ ᠊ᠢ ᠠᠮᠠᠷᠠ ᠭᠡᠵᠦ ᠲᠣᠬᠣᠨᠢᠭᠤᠯᠤᠶ᠎ᠠ ᠃

ᠠᠮᠢᠨᠴᠢᠷ ᠬᠢᠭᠡᠳ ᠠᠮᠠᠨᠴᠢᠷ

ᠥᠪᠡᠷ ᠦ᠋ᠨ ᠠᠮᠢ ᠪᠠᠨ ᠪᠣᠳᠣᠳᠠᠭ ᠠᠮᠢᠨᠴᠢᠷ ᠬᠥᠮᠦᠨ ᠪᠣᠢ ᠂

ᠦᠭᠡ ᠬᠡᠯᠡ  ᠳ᠋ᠡᠭᠡᠨ ᠰᠠᠢᠨ ᠠᠮᠠᠨᠴᠢᠷ ᠬᠥᠮᠦᠨ ᠴᠦ᠍ ᠪᠣᠢ ᠃

ᠠᠮᠤ ᠬᠢᠭᠡᠳ ᠠᠮᠢ

ᠬᠥᠮᠥᠷᠭᠡ ᠳᠦᠭᠦᠷᠡᠩ ᠠᠮᠤ ᠪᠤᠳᠠᠭ᠎ᠠ ᠪᠠᠢᠨ᠎ᠠ

ᠬᠥᠮᠦᠨ ᠠᠮᠢᠲᠠᠨ ᠳ᠋ᠤ᠌ ᠠᠮᠢ ᠭᠣᠣᠯ ᠪᠠᠢᠨ᠎ᠠ ᠃

ᠠᠮᠤᠰᠤ ᠬᠢᠭᠡᠳ ᠠᠮᠰᠠ

ᠠᠭᠰᠢᠭᠠᠭᠰᠠᠨ ᠲᠣᠰᠣ ᠲᠠᠢ ᠠᠮᠤᠰᠤ ᠪᠠᠨ ᠠᠶᠠᠭᠠᠯᠠᠵᠤ ᠲᠠᠨ ᠳ᠋ᠠᠭᠠᠨ ᠪᠠᠷᠢᠶ᠎ᠠ ᠂

ᠠᠯᠤᠰ ᠠ᠋ᠴᠠ ᠢᠷᠠᠭᠰᠠᠨ ᠵᠣᠴᠢᠳ ᠮᠢᠨᠢ ᠠᠶᠠᠷᠬᠠᠨ ᠰᠠᠭᠤᠭᠠᠳ ᠠᠮᠰᠠ ᠃

ᠠᠷᠴᠢᠭᠤᠷ ᠬᠢᠭᠡᠳ ᠠᠯᠴᠢᠭᠤᠷ

ᠴᠡᠯᠡᠭᠡᠷ ᠨᠣᠭᠣᠭᠠᠨ ᠲᠠᠷᠢᠶ᠎ᠠ ᠪᠠᠨ ᠠᠷᠴᠢᠭᠤᠷ ᠢ᠋ᠶ᠋ᠠᠷ ᠢ᠋ᠶ᠋ᠠᠨ ᠠᠷᠴᠢᠨ᠎ᠠ ᠂

ᠴᠡᠴᠡᠭ ᠬᠤᠸᠠᠷ ᠲᠠᠢ ᠠᠯᠴᠢᠭᠤᠷ ᠢ᠋ᠶ᠋ᠠᠨ ᠠᠨᠢᠶ᠎ᠠ ᠨᠠᠷ ᠲᠠᠭᠠᠨ ᠪᠡᠯᠡᠭᠯᠡᠨ᠎ᠡ ᠃

ᠡᠨᠳᠡᠬᠢ ᠬᠢᠭᠡᠳ ᠡᠨᠳᠡᠬᠦ

ᠡᠨᠳᠡᠬᠢ ᠭᠠᠵᠠᠷ ᠤ᠋ᠨ ᠪᠠᠢᠴᠠ ᠶ᠋ᠢ ᠡᠰᠡ ᠮᠡᠳᠡᠪᠡᠯ ᠲᠠᠨᠠᠷ ᠂

ᠡᠨᠳᠡᠬᠦ ᠶᠠᠪᠤᠳᠠᠯ ᠭᠠᠷᠬᠤ ᠶ᠋ᠢ ᠡᠷᠬᠡᠪᠰᠢ ᠬᠢᠴᠢᠶᠡᠵᠦ ᠶᠠᠪᠤ ᠃

 

ᠡᠪᠡᠰᠦ ᠬᠢᠭᠡᠳ ᠡᠪᠰᠡ

ᠡᠪᠡᠰᠦ ᠨᠣᠭᠣᠭ᠎ᠠ ᠴᠡᠯᠡᠭᠡᠷ ᠡᠭᠡᠷᠡᠮ᠎ᠡ ᠲᠠᠯ᠎ᠠ ᠲᠡᠨᠢᠭᠡᠷ ᠂

ᠰᠠᠢᠨ ᠣᠯᠠᠨ ᠬᠥᠮᠦᠰ ᠲᠡᠢ ᠰᠠᠨᠠᠭ᠎ᠠ ᠰᠡᠳᠬᠢᠯ ᠡᠪᠰᠡ ᠃

 

ᠡᠪᠦᠭᠡ ᠬᠢᠭᠡᠳ ᠥᠪᠥᠭ

ᠪᠤᠭᠤᠷᠤᠯ ᠡᠪᠦᠭᠡ ᠮᠢᠨᠢ ᠰᠠᠬᠠᠯ ᠲᠠᠢ ᠂ ᠪᠤᠶᠠᠨ ᠴᠠᠭᠠᠨ ᠰᠠᠬᠠᠯ ᠲᠠᠢ ᠃

ᠪᠥᠪᠡᠭᠡᠯᠵᠢ ᠰᠢᠪᠠᠭᠤ ᠥᠪᠥᠭ ᠲᠡᠢ ᠪᠥᠳ ᠪᠥᠳ ᠳᠠᠭᠤ ᠲᠠᠢ ᠃

 

ᠡᠪᠦᠭᠡᠷᠡᠬᠦ ᠬᠢᠭᠡᠳ ᠡᠪᠬᠡᠷᠡᠬᠦ

ᠡᠷᠳᠡᠮ ᠮᠡᠳᠡᠯᠭᠡ ᠡᠰᠡ ᠰᠤᠷᠪᠠᠯ ᠡᠪᠦᠭᠡᠷᠡᠬᠦ ᠦᠶᠡᠰ ᠲᠡᠭᠡᠨ ᠬᠠᠷᠠᠮᠰᠠᠨ᠎ᠠ ᠂

ᠡᠪᠬᠡᠷᠡᠬᠦ ᠡᠭᠦᠯᠡᠰ ᠊ᠢ ᠳᠠᠭᠠᠭᠠᠳ ᠡᠷᠳᠡᠨᠢᠲᠦ ᠴᠠᠭ ᠮᠢᠨᠢ ᠵᠠᠮᠬᠠᠷᠠᠨ᠎ᠠ ᠃

 

ᠡᠪᠦᠷ ᠬᠢᠭᠡᠳ ᠥᠪᠡᠷ

ᠡᠵᠢ ᠶ᠋ᠢᠨ ᠳᠤᠯᠠᠭᠠᠨ ᠡᠪᠦᠷ ᠭᠡᠭᠴᠢ ᠡᠷᠪᠡᠢ ᠮᠢᠨᠦ ᠥᠯᠥᠭᠡᠢ ᠰᠢᠦ ᠂

ᠥᠪᠡᠷ ᠦ᠋ᠨ ᠶᠠᠳᠠᠷᠠᠯ ᠢ᠋ᠶ᠋ᠠᠨ ᠲᠡᠪᠴᠢᠭᠡᠳ ᠥᠰᠬᠡᠵᠦ ᠮᠠᠨ ᠊ᠢ ᠬᠥᠮᠦᠵᠢᠭᠦᠯᠦᠭᠰᠡᠨ ᠰᠢᠦ ᠃

 

ᠡᠪᠦᠷ ᠬᠢᠭᠡᠳ ᠡᠪᠡᠷ

ᠡᠪᠦᠷ ᠳᠠᠬᠢ ᠬᠡᠦᠬᠡᠳ ᠨᠢ ᠣᠬᠢᠯᠠᠮᠠᠭᠴᠠ ᠡᠵᠢ ᠨᠢ ᠨᠣᠢᠷ ᠠ᠋ᠴᠠ ᠪᠠᠨ ᠰᠡᠷᠡᠯ᠎ᠡ ᠂

ᠡᠪᠡᠷ ᠢ᠋ᠶ᠋ᠡᠷ ᠬᠢᠭᠰᠡᠨ ᠤᠭᠵᠢ ᠪᠠᠷ ᠢ᠋ᠶ᠋ᠠᠨ ᠡᠩᠬᠦᠷᠡᠢ ᠬᠦᠦ ᠪᠡᠨ ᠲᠡᠵᠢᠭᠡᠯ᠎ᠡ ᠃

 

ᠡᠬᠡ ᠬᠢᠭᠡᠳ ᠡᠬᠢ

ᠬᠥᠮᠦᠨ ᠠᠮᠢᠲᠠᠨ ᠪᠦᠬᠦᠨ ᠳ᠋ᠦ᠍ ᠡᠬᠡ ᠡᠴᠢᠭᠡ ᠭᠡᠵᠦ ᠪᠠᠢᠨ᠎ᠠ ᠂

ᠬᠦᠷᠴᠢᠭᠢᠨᠡᠨ ᠤᠷᠤᠰᠬᠤ ᠭᠣᠣᠯ ᠳ᠋ᠤ᠌ ᠴᠤ᠌ ᠡᠬᠢ ᠪᠤᠯᠠᠭ ᠭᠡᠵᠦ ᠪᠠᠢᠨ᠎ᠠ ᠃

 

ᠡᠭᠡᠵᠦ ᠬᠢᠭᠡᠳ ᠡᠭᠡᠭᠡᠵᠦ

ᠡᠳᠦᠷ ᠦ᠋ᠨ ᠨᠠᠷᠠᠨ ᠤ᠋ ᠬᠠᠯᠠᠭᠤᠨ ᠳ᠋ᠤ᠌ ᠡᠷᠦᠬᠡ ᠭᠡᠷ ᠲᠡᠭᠡᠨ ᠡᠭᠡᠵᠦ ᠢᠷᠡᠯ᠎ᠡ ᠃

ᠡᠮᠦᠰᠦᠭᠰᠡᠨ ᠬᠤᠪᠴᠠᠰᠤ ᠪᠠᠨ ᠤᠬᠢᠶᠠᠭᠠᠳ ᠡᠭᠡᠭᠡᠵᠦ ᠬᠠᠲᠠᠭᠠᠬᠤ ᠪᠠᠷ ᠲᠠᠯᠪᠢᠯ᠎ᠠ ᠃

 

ᠡᠭᠡᠮ ᠬᠢᠭᠡᠳ ᠡᠭᠡᠮ᠎ᠡ

ᠡᠩᠬᠦᠷᠡᠢ ᠪᠠᠭ᠎ᠠ ᠳᠡᠭᠦᠦ ᠨᠠᠷ ᠮᠢᠨᠢ ᠡᠭᠡᠮ ᠦ᠋ᠨ ᠶᠠᠰᠤ ᠪᠠᠨ ᠬᠢᠴᠢᠶᠡ ᠂

ᠡᠭᠡᠮ᠎ᠡ ᠬᠠᠯᠠᠭᠤᠨ ᠡᠳᠦᠷ ᠡᠷᠡᠭᠦᠯ ᠬᠠᠮᠠᠭᠠᠯᠠᠯ ᠊ᠢ ᠠᠩᠬᠠᠷ ᠃

 

ᠡᠭᠡᠯ ᠬᠢᠭᠡᠳ ᠡᠭᠡᠯᠢ

ᠡᠭᠡᠯ ᠵᠢᠷ ᠦ᠋ᠨ ᠮᠠᠯᠴᠢᠨ ᠠᠪᠠᠭ᠎ᠠ ᠰᠠᠢᠬᠠᠨ ᠂

ᠡᠭᠡᠯᠢ ᠵᠠᠩ ᠲᠠᠢ ᠡᠶᠡᠯᠰᠡᠭ ᠬᠥᠮᠦᠨ ᠶᠤᠮᠰᠠᠨ ᠃

 

ᠡᠭᠡᠷᠡᠵᠦ ᠬᠢᠭᠡᠳ ᠡᠷᠢᠵᠦ

ᠴᠢᠯᠥᠭᠡᠲᠡᠢ ᠰᠠᠭᠤᠭᠰᠠᠨ ᠬᠥᠭᠰᠢᠨ ᠤᠲᠠᠰᠤ ᠡᠭᠡᠷᠡᠵᠦ ᠰᠠᠭᠤᠨ᠎ᠠ ᠂

ᠴᠢᠬᠤᠯᠳᠠᠵᠤ ᠶᠠᠪᠤᠭᠰᠠᠨ ᠡᠪᠦᠭᠡᠨ ᠦᠬᠡᠷ ᠡᠷᠢᠵᠦ ᠬᠠᠲᠠᠷᠢᠭᠤᠯᠤᠨ᠎ᠠ ᠃

 

ᠡᠭᠦᠳᠡ ᠬᠢᠭᠡᠳ ᠡᠭᠦᠳ

ᠰᠣᠶᠣᠯ ᠮᠡᠳᠡᠯᠭᠡ ᠶ᠋ᠢ ᠡᠵᠡᠮᠰᠢᠬᠦ ᠪᠡᠷ ᠰᠤᠷᠭᠠᠭᠤᠯᠢ ᠶ᠋ᠢᠨ ᠡᠭᠦᠳᠡ ᠶ᠋ᠢ ᠠᠯᠬᠤᠯ᠎ᠠ ᠂

ᠰᠣᠷᠭᠣᠭ ᠪᠢᠯᠢᠭ ᠢ᠋ᠶ᠋ᠡᠨ ᠬᠤᠷᠴᠠᠯᠠᠭᠠᠳ ᠰᠣᠳᠣᠨ ᠪᠦᠲᠦᠭᠡᠯ ᠡᠭᠦᠳ ᠃

 

ᠡᠭᠦᠷᠯᠡᠬᠦ ᠬᠢᠭᠡᠳ ᠡᠭᠦᠷᠭᠡᠯᠡᠬᠦ

ᠡᠷᠡᠦ ᠴᠠᠭᠠᠨ ᠰᠢᠪᠠᠭᠤ ᠡᠭᠦᠷᠯᠡᠬᠦ ᠪᠡᠷ ᠢᠷᠡᠯ᠎ᠡ ᠂

ᠡᠨᠳᠡᠬᠢ ᠶ᠋ᠢᠨ ᠠᠵᠢᠯ ᠢ᠋ᠶ᠋ᠠᠨ ᠪᠢ ᠡᠭᠦᠷᠭᠡᠯᠡᠬᠦ ᠪᠡᠷ ᠪᠣᠯᠤᠯ᠎ᠠ ᠃

 

ᠡᠭᠴᠡ ᠬᠢᠭᠡᠳ ᠡᠭᠡᠴᠢ

ᠡᠭᠴᠡ ᠥᠨᠳᠥᠷ ᠬᠠᠳᠠ ᠶ᠋ᠢ ᠴᠠᠰᠤ ᠬᠤᠴᠢᠪᠠ ᠂

ᠡᠭᠡᠴᠢ ᠳᠡᠭᠦᠦ ᠬᠣᠶᠠᠭᠤᠯᠠ ᠡᠲᠡᠭᠡᠳ ᠬᠣᠯᠠ ᠠᠶᠠᠯᠠᠪᠠ ᠃

 

ᠡᠮᠬᠢ ᠬᠢᠭᠡᠳ ᠡᠮᠬᠦ

ᠡᠮᠬᠢ ᠵᠢᠷᠤᠮ ᠊ᠢ ᠰᠠᠢᠲᠤᠷ  ᠰᠠᠬᠢᠶ᠎ᠠ ᠂

ᠡᠮᠬᠦ ᠪᠤᠳᠠᠭ᠎ᠠ ᠶ᠋ᠢ ᠴᠦ᠍ ᠪᠤᠤ ᠠᠰᠬᠠᠶ᠎ᠠ ᠃

 

ᠡᠮᠴᠢ ᠬᠢᠭᠡᠳ ᠥᠮᠴᠢ

ᠡᠪᠡᠳᠴᠢᠨ ᠡᠮᠭᠡᠭ ᠊ᠢ ᠵᠠᠰᠠᠳᠠᠭ ᠡᠮᠴᠢ ᠶ᠋ᠢᠨ ᠡᠷᠳᠡᠮ ᠰᠠᠢᠬᠠᠨ ᠂

ᠡᠨᠡ ᠪᠡᠶ᠎ᠡ ᠶ᠋ᠢᠨ ᠥᠮᠴᠢ ᠡᠷᠳᠡᠮ ᠨᠣᠮ ᠰᠠᠢᠬᠠᠨ ᠃

 

ᠡᠯᠡᠭᠲᠡᠵᠦ ᠬᠢᠭᠡᠳ ᠡᠯᠢᠭᠡᠳᠡᠵᠦ

ᠲᠠᠲᠠᠯᠭ᠎ᠠ ᠳᠡᠭᠡᠰᠦ ᠡᠯᠡᠭᠲᠡᠵᠦ ᠪᠠᠷᠠᠨ᠎ᠠ ᠂

ᠲᠠᠯ᠎ᠠ ᠳ᠋ᠤ᠌ ᠪᠢᠳᠡ ᠡᠯᠢᠭᠡᠳᠡᠵᠦ ᠬᠡᠪᠲᠡᠨ᠎ᠡ ᠃

 

ᠡᠯᠢᠬᠦ ᠬᠢᠭᠡᠳ ᠡᠯᠡᠬᠦ

ᠡᠯᠢᠶ᠎ᠡ ᠰᠢᠪᠠᠭᠤ ᠡᠯᠢᠬᠦ ᠰᠠᠢᠬᠠᠨ ᠂

ᠡᠮᠦᠰᠦᠭᠰᠡᠨ ᠬᠤᠪᠴᠠᠰᠤ ᠡᠯᠡᠬᠦ ᠮᠠᠭᠤᠬᠠᠢ ᠃

 

ᠡᠯᠢᠶ᠎ᠡ ᠬᠢᠭᠡᠳ ᠡᠯᠢᠭᠡ

ᠡᠯᠢᠶ᠎ᠡ ᠡᠯᠢᠶ᠎ᠡ ᠡᠷᠭᠢ ᠳᠡᠭᠡᠷ᠎ᠡ ᠂

ᠡᠯᠢᠭᠡ ᠵᠢᠷᠦᠬᠡ ᠴᠡᠭᠡᠵᠢᠨ ᠳᠣᠲᠣᠷ᠎ᠠ ᠃

 

ᠡᠯᠢᠵᠦ ᠬᠢᠭᠡᠳ ᠡᠯᠡᠭᠯᠡᠵᠦ

ᠡᠯᠢᠶ᠎ᠡ ᠰᠢᠪᠠᠭᠤ ᠡᠯᠢᠵᠦ ᠨᠢᠰᠬᠦ ᠰᠠᠢᠬᠠᠨ ᠂

ᠡᠩᠬᠦᠷᠡᠢ ᠨᠥᠬᠥᠳ ᠢ᠋ᠶ᠋ᠡᠨ ᠡᠯᠡᠭᠯᠡᠵᠦ ᠳᠣᠭᠣᠭᠢᠯᠠᠬᠤ ᠮᠠᠭᠤᠬᠠᠢ ᠃

 

ᠡᠯᠳᠡᠭᠦᠷ ᠬᠢᠭᠡᠳ ᠡᠯᠳᠡᠭᠦᠷᠢ

ᠨᠤᠬᠤᠭᠰᠠᠨ ᠭᠤᠯᠢᠷ ᠨᠢᠮᠭᠡᠯᠡᠬᠦ ᠳ᠋ᠦ᠍ ᠮᠣᠳᠣᠨ ᠡᠯᠳᠡᠭᠦᠷ ᠪᠣᠢ ᠂

ᠨᠣᠢᠲᠠᠨ ᠠᠷᠠᠰᠤ ᠡᠯᠳᠡᠬᠦ ᠳ᠋ᠦ᠍ ᠲᠡᠮᠦᠷ ᠡᠯᠳᠡᠭᠦᠷᠢ ᠴᠦ᠍ ᠪᠣᠢ ᠃

 

ᠡᠰᠡᠨ ᠬᠢᠭᠡᠳ ᠡᠰᠡ

ᠡᠯᠳᠡᠪ ᠡᠰᠡᠨ ᠮᠠᠭᠤ ᠬᠡᠷᠡᠭ ᠊ᠢ ᠡᠷᠡᠰ ᠪᠢᠲᠡᠭᠡᠢ ᠬᠢᠭᠡᠷᠡᠢ ᠂

ᠡᠰᠡ ᠦᠢᠯᠡᠲᠦᠭᠰᠡᠨ ᠪᠣᠯᠪᠠᠴᠤ ᠡᠭᠡᠨᠡᠭᠲᠡ ᠬᠢᠴᠢᠶᠡᠵᠦ ᠶᠠᠪᠤᠭᠠᠷᠠᠢ ᠃

 

ᠡᠰᠡᠷᠭᠦ ᠬᠢᠭᠡᠳ ᠡᠰᠡᠷᠭᠦᠦ

ᠡᠰᠡᠷᠭᠦ ᠡᠰᠡᠷᠭᠦ ᠪᠡᠨ ᠬᠠᠨᠳᠤᠵᠤ ᠡᠶ᠎ᠡ ᠡᠪᠲᠡᠢ ᠢᠨᠢᠶᠡᠯᠴᠡᠵᠦ ᠶᠠᠪᠤ ᠂

ᠡᠰᠡᠷᠭᠦᠦ ᠲᠡᠷᠰᠯᠡᠭᠦᠦ ᠠᠭᠠᠰᠢᠯᠠᠪᠠᠯ ᠡᠷᠡᠰ ᠲᠡᠮᠡᠴᠡᠯ ᠬᠢᠵᠦ ᠶᠠᠪᠤ ᠃

 

ᠡᠰᠬᠡᠬᠦ ᠬᠢᠭᠡᠳ ᠢᠰᠬᠡᠬᠦ

ᠬᠠᠷ᠎ᠠ ᠲᠣᠷᠭ᠎ᠠ ᠪᠠᠨ ᠬᠠᠢᠴᠢ ᠪᠠᠷ ᠡᠰᠬᠡᠬᠦ ᠭᠣᠶᠣᠬᠠᠨ

ᠰᠠᠭᠠᠭᠰᠠᠨ ᠰᠦ ᠪᠡᠨ ᠰᠠᠢᠲᠤᠷ  ᠢᠰᠬᠡᠬᠦ ᠰᠠᠢᠬᠠᠨ ᠃

 

ᠡᠳᠡ ᠬᠢᠭᠡᠳ ᠡᠳ᠋

ᠡᠳᠡ ᠬᠣᠶᠠᠭᠤᠯᠠ ᠪᠠᠨ ᠬᠤᠷᠰᠢᠵᠤ ᠡᠳ᠋ ᠪᠠᠷᠠᠭ᠎ᠠ ᠠᠪᠴᠢᠷᠠᠳᠠᠭ ᠂

ᠡᠪᠦᠯ ᠦ᠋ᠨ ᠬᠡᠷᠡᠭᠰᠡᠯ ᠊ᠢ ᠬᠠᠩᠭᠠᠭᠠᠳ ᠡᠷᠦᠬᠡ ᠪᠦᠬᠦᠨ ᠊ᠢ ᠪᠠᠶᠠᠰᠬᠠᠳᠠᠭ ᠃

 

ᠡᠷᠡᠨ ᠬᠢᠭᠡᠳ ᠡᠷᠢᠨ

ᠰᠣᠳᠣᠨ ᠰᠠᠢᠬᠠᠨ ᠡᠷᠡᠨ ᠳ᠋ᠡᠭᠡᠨ ᠰᠣᠶᠣᠯ ᠡᠵᠡᠮᠰᠢᠭᠡᠳ ᠪᠢᠰᠢᠷᠡᠯᠲᠡᠢ

ᠰᠦᠮ᠎ᠡ ᠬᠡᠢᠳ ᠡᠷᠢᠨ ᠰᠦᠰᠦᠭᠯᠡᠨ ᠮᠥᠷᠭᠦᠭᠰᠠᠳ ᠢᠨᠢᠶᠡᠯᠲᠡᠢ ᠃

 

ᠡᠷᠡᠬᠡᠭᠡ ᠬᠢᠭᠡᠳ ᠡᠷᠡᠭᠡ

ᠡᠷᠡᠬᠡᠭᠡ ᠭᠡᠵᠦ ᠪᠢᠴᠢᠭᠰᠡᠨ ᠪᠣᠯ ᠡᠪᠡᠳᠴᠢᠨ ᠨᠢ ᠳᠠᠬᠢᠭᠠᠳ ᠡᠮᠰᠡᠭ ᠪᠣᠯᠵᠠᠢ ᠂

ᠡᠷᠡᠭᠡ ᠭᠡᠵᠦ ᠬᠡᠯᠡᠭᠰᠡᠨ ᠪᠣᠯ ᠢᠷᠠᠭᠰᠠᠳ ᠨᠢ ᠳᠠᠩᠴᠢ ᠵᠣᠴᠢᠷᠬᠠᠭ ᠪᠣᠯᠵᠠᠢ ᠃

 

ᠡᠷᠡᠭᠦᠦ ᠬᠢᠭᠡᠳ ᠡᠷᠡᠦ

ᠡᠷᠡᠭᠦᠦ ᠶ᠋ᠢᠨ ᠬᠠᠤᠯᠢ ᠬᠤᠷᠴᠠ ᠲᠣᠳᠣ ᠡᠷᠡᠨ ᠦ᠌ ᠠᠮᠢᠳᠤᠷᠠᠯ ᠪᠠᠲᠤᠯᠠᠭᠠᠲᠠᠢ ᠂

ᠡᠷᠡᠦ ᠬᠤᠭᠤᠷ ᠤ᠋ᠨ ᠡᠭᠡᠰᠢᠭ ᠬᠠᠩᠭᠢᠨᠠᠮ᠎ᠠ ᠡᠷᠦᠬᠡ ᠪᠦᠬᠦᠨ ᠵᠢᠷᠭᠠᠯᠲᠠᠢ ᠃

 

ᠡᠷᠢᠭᠡ ᠬᠢᠭᠡᠳ ᠡᠷᠬᠡ

ᠡᠷᠢᠭᠡ ᠮᠠᠨᠢ ᠲᠣᠭᠠᠯᠠᠭᠠᠳ ᠡᠷᠬᠡ ᠴᠢᠯᠥᠭᠡ ᠣᠯᠤᠭᠰᠠᠨ ᠪᠢᠰᠢ ᠂

ᠡᠪ ᠬᠠᠮᠲᠤ ᠨᠠᠮ ᠤ᠋ᠨ ᠠᠴᠢ ᠪᠠᠷ ᠡᠩᠬᠡ ᠵᠢᠷᠭᠠᠯ ᠊ᠢ ᠡᠲᠯᠡᠵᠡᠢ ᠃

 

ᠡᠷᠦᠬᠦ ᠬᠢᠭᠡᠳ ᠡᠷᠡᠬᠦ

ᠠᠪᠤ ᠮᠢᠨᠢ ᠠᠷᠤ ᠶ᠋ᠢᠨ ᠬᠠᠰᠢᠶᠠᠨ ᠳ᠋ᠠᠭᠠᠨ ᠠᠯᠮᠠᠨ ᠬᠤᠳᠳᠤᠭ ᠡᠷᠦᠬᠦ ᠳ᠋ᠦ᠍

ᠠᠬ᠎ᠠ ᠮᠢᠨᠢ ᠡᠭᠦᠳᠡᠨ ᠡᠮᠦᠨ᠎ᠡ ᠪᠡᠨ ᠠᠳᠤᠭᠤᠨ ᠤᠷᠭ᠎ᠠ ᠪᠠᠨ ᠡᠷᠡᠬᠦ ᠪᠡᠷ ᠭᠠᠷᠪᠠ ᠃

 

ᠡᠷᠬᠡ ᠬᠢᠭᠡᠳ ᠡᠷᠡᠭᠡ

ᠡᠷᠬᠡ ᠴᠢᠯᠥᠭᠡᠲᠦ ᠠᠮᠢᠳᠤᠷᠠᠯ ᠳ᠋ᠤ᠌ ᠡᠷᠳᠡᠮ ᠰᠤᠷᠬᠤ ᠵᠢᠷᠭᠠᠯ ᠲᠠᠢ ᠂

ᠡᠷᠡᠭᠡ ᠵᠢᠷᠣᠭ᠎ᠠ ᠦᠭᠡᠢ ᠶᠠᠪᠤᠯᠴᠠᠬᠤ ᠳ᠋ᠤ᠌ ᠡᠶᠡᠯᠰᠡᠭ ᠨᠥᠬᠥᠳ ᠬᠠᠢᠷ᠎ᠠ ᠲᠠᠢ ᠃

 

ᠡᠷᠬᠡᠯᠡᠬᠦ ᠬᠢᠭᠡᠳ ᠡᠷᠬᠢᠯᠡᠬᠦ

ᠡᠴᠢᠭᠡ ᠡᠬᠡ ᠳ᠋ᠡᠭᠡᠨ ᠡᠷᠬᠡᠯᠡᠬᠦ ᠮᠠᠭᠤᠬᠠᠢ ᠂

ᠡᠳᠦᠷ ᠦ᠋ᠨ ᠠᠵᠢᠯ ᠢ᠋ᠶ᠋ᠠᠨ ᠡᠷᠬᠢᠯᠡᠬᠦ ᠰᠠᠢᠬᠠᠨ ᠃

 

ᠡᠷᠭᠢ ᠬᠢᠭᠡᠳ ᠡᠷᠬᠡ

ᠡᠷᠭᠢ ᠶ᠋ᠢᠨ ᠬᠥᠪᠡᠭᠡᠨ ᠳ᠋ᠦ᠍ ᠨᠠᠭᠠᠳᠪᠠᠯ ᠡᠭᠡᠨᠡᠭᠲᠡ ᠠᠶᠤᠯ ᠲᠠᠢ ᠪᠠᠢᠳᠠᠭ ᠂

ᠡᠷᠬᠡ ᠠᠰᠢᠭ ᠲᠤ᠌ ᠰᠢᠨᠤᠪᠠᠯ ᠡᠭᠦᠷᠢᠳᠡ ᠵᠢᠭᠰᠢᠯ ᠲᠡᠢ ᠪᠣᠯᠳᠠᠭ ᠃

 

ᠡᠷᠭᠦᠬᠦ ᠬᠢᠭᠡᠳ ᠦᠷᠭᠦᠬᠦ

ᠠᠴᠢ ᠵᠢᠳᠬᠦᠯ ᠢ᠋ᠶ᠋ᠡᠨ ᠡᠷᠭᠦᠬᠦ ᠠᠷᠠᠳ ᠤ᠋ᠨ ᠬᠦᠦ ᠭᠠᠪᠢᠶᠠᠲᠠᠢ ᠂

ᠠᠳᠤᠭᠤ ᠮᠠᠯ ᠦᠷᠭᠦᠬᠦ ᠳ᠋ᠦ᠍ ᠬᠣᠲᠠᠴᠢ ᠨᠣᠬᠠᠢ ᠭᠠᠪᠢᠶᠠᠲᠠᠢ ᠃

ᠢᠩ ᠬᠢᠭᠡᠳ ᠢᠩᠭᠡ

ᠢᠩ ᠲᠡᠭᠡᠷᠮ᠎ᠡ ᠬᠥᠯᠵᠦ ᠬᠠᠭᠤᠷᠠᠢ ᠠᠮᠤ ᠴᠠᠢᠯᠭᠠᠲᠠᠭ ᠂

ᠢᠩᠭᠡ ᠪᠣᠲᠣᠭᠣ ᠪᠠᠨ ᠳᠠᠭᠠᠭᠤᠯᠵᠤ ᠬᠠᠯᠠᠭᠠᠢ ᠢᠳᠡᠬᠦ ᠪᠡᠷ ᠶᠠᠪᠤᠳᠠᠭ ᠃

 

ᠢᠬᠡᠷ᠎ᠡ ᠬᠢᠭᠡᠳ ᠢᠬᠢᠷ

ᠢᠬᠡᠷ᠎ᠡ ᠲᠥᠷᠥᠭᠰᠡᠨ ᠠᠬ᠎ᠠ ᠳᠡᠭᠦᠦ ᠮᠡᠲᠦ

ᠡᠩᠬᠦᠷᠡᠢ ᠨᠥᠬᠥᠳ ᠲᠡᠢ ᠪᠡᠨ ᠪᠦᠯᠬᠦᠮᠳᠡᠭᠡᠳ ᠂

ᠢᠬᠢᠷ ᠰᠢᠬᠢᠷ ᠶᠠᠪᠤᠳᠠᠯ ᠳ᠋ᠤ᠌

ᠡᠪ ᠨᠠᠢᠷ ᠢ᠋ᠶ᠋ᠠᠨ ᠪᠤᠤ ᠡᠪᠳᠡᠯᠡᠶ᠎ᠡ ᠃

 

ᠢᠯᠡ ᠬᠢᠭᠡᠳ ᠶᠠᠯ᠎ᠠ

ᠢᠯᠡ ᠳᠠᠯᠳᠠ ᠤᠳᠬ᠎ᠠ ᠶ᠋ᠢ ᠨᠢ

ᠰᠢᠨᠵᠢᠯᠡᠵᠦ ᠵᠠᠳᠠᠯᠬᠤ ᠤᠴᠢᠷ ᠲᠠᠢ ᠂

ᠶᠠᠯ᠎ᠠ ᠨᠢᠭᠦᠯ ᠬᠣᠶᠠᠷ ᠊ᠢ

ᠰᠢᠳᠬᠡᠵᠦ ᠲᠣᠷᠭᠠᠬᠤ ᠴᠢᠬᠤᠯᠠ ᠲᠠᠢ ᠃

 

ᠢᠯᠠᠭ᠎ᠠ ᠬᠢᠭᠡᠳ ᠢᠮᠠᠭ᠎ᠠ

ᠬᠣᠣᠷ ᠲᠠᠷᠢᠵᠤ ᠶᠠᠪᠤᠳᠠᠭ

ᠬᠣᠣᠰ ᠵᠢᠭᠦᠷ ᠲᠡᠢ ᠢᠯᠠᠭ᠎ᠠ ᠂

ᠬᠣᠲᠠ ᠤᠰᠤ ᠪᠠᠨ ᠴᠢᠮᠡᠳᠡᠭ

ᠬᠣᠶᠠᠷ ᠡᠪᠡᠷ ᠲᠡᠢ ᠢᠮᠠᠭ᠎ᠠ

 

ᠢᠯᠠᠮ᠎ᠠ ᠬᠢᠭᠡᠳ ᠠᠯᠢᠮ᠎ᠠ

ᠲᠣᠷᠭ᠎ᠠ ᠰᠢᠭ᠋ ᠢᠯᠠᠮ᠎ᠠ ᠶ᠋ᠢᠨ ᠮᠣᠳᠣᠨ ᠳ᠋ᠤ᠌

ᠲᠤᠩ ᠠᠮᠲᠠ ᠲᠠᠢ ᠵᠢᠮᠢᠰ ᠰᠠᠭᠤᠳᠠᠭ ᠂

ᠲᠣᠰᠣᠨ ᠰᠢᠷᠭᠠᠯ ᠨᠠᠮᠤᠷ ᠲᠤ᠌

ᠲᠣᠭᠣᠷ ᠠᠯᠢᠮ᠎ᠠ ᠪᠣᠯᠪᠠᠰᠤᠷᠠᠳᠠᠭ ᠃

 

ᠢᠯᠠᠮ᠎ᠠ ᠬᠢᠭᠡᠳ ᠶᠠᠯᠢᠮ

ᠢᠯᠠᠮ᠎ᠠ ᠶ᠋ᠢᠨ ᠮᠣᠳᠣᠨ ᠤ᠋ ᠰᠡᠭᠦᠳᠡᠷ ᠲᠦ᠍

ᠢᠷᠵᠠᠢᠵᠤ ᠰᠠᠭᠤᠯ᠎ᠠ ᠪᠢᠳᠡ ᠂

ᠶᠠᠯᠢᠮ ᠦᠭᠡᠢ ᠤᠴᠢᠷ ᠊ᠢ

ᠶᠠᠷᠢᠯᠴᠠᠵᠤ ᠰᠠᠭᠤᠯ᠎ᠠ ᠪᠢᠳᠡ ᠃

 

ᠢᠯᠢᠭᠦᠷ ᠬᠢᠭᠡᠳ ᠢᠯᠡᠦᠷ

ᠢᠯᠢᠭᠦᠷ ᠪᠠᠷᠢᠵᠤ

ᠬᠠᠰᠢᠶ᠎ᠠ ᠪᠠᠨ ᠰᠢᠪᠠᠵᠤ ᠰᠤᠷᠤᠶ᠎ᠠ ᠂

ᠢᠯᠡᠦᠷ ᠠᠳᠬᠤᠵᠤ

ᠬᠤᠪᠴᠠᠰᠤ ᠪᠠᠨ ᠵᠠᠰᠠᠵᠤ ᠶᠠᠪᠤᠶ᠎ᠠ ᠃

 

ᠢᠯᠢᠳᠦ ᠬᠢᠭᠡᠳ ᠢᠯᠳᠦ

ᠪᠡᠶ᠎ᠡ ᠳ᠋ᠦ᠍ ᠭᠠᠷᠤᠭᠰᠠᠨ ᠢᠯᠢᠳᠦ ᠪᠡᠨ

ᠡᠮ ᠢ᠋ᠶ᠋ᠡᠷ ᠵᠠᠰᠠᠵᠤ ᠠᠷᠢᠯᠭᠠᠨ᠎ᠠ ᠂

ᠪᠠᠷᠢᠵᠤ ᠶᠠᠪᠤᠳᠠᠭ ᠢᠯᠳᠦ ᠪᠡᠨ

ᠡᠪᠲᠡᠢ ᠰᠠᠢᠬᠠᠨ ᠬᠤᠷᠢᠶᠠᠨ᠎ᠠ ᠃

 

ᠢᠯᠴᠢ ᠬᠢᠭᠡᠳ ᠡᠯᠴᠢᠨ

ᠠᠭᠠᠭᠢᠮ᠎ᠠ ᠵᠤᠨ ᠤ᠋ ᠨᠠᠷᠠ

ᠰᠢᠳᠡᠮ᠎ᠡ ᠬᠠᠯᠠᠭᠤᠨ ᠢᠯᠴᠢ ᠲᠡᠢ

ᠠᠯᠪᠠᠨ ᠶᠠᠪᠤᠳᠠᠯ ᠰᠢᠢᠳᠪᠦᠷᠢᠯᠡᠳᠡᠭ

ᠲᠤᠰᠬᠠᠢ ᠡᠯᠴᠢᠨ ᠰᠠᠢᠳ ᠲᠠᠢ ᠃

 

ᠢᠲᠠᠭᠤ ᠬᠢᠭᠡᠳ ᠶᠠᠳᠠᠭᠤ

ᠮᠠᠩᠬ᠎ᠠ ᠪᠤᠷᠭᠠᠰᠤ ᠳᠤᠮᠳᠠᠭᠤᠷ

ᠢᠲᠠᠭᠤ ᠨᠢᠰᠬᠦ ᠰᠠᠢᠬᠠᠨ ᠂

ᠮᠠᠯᠴᠢᠨ ᠠᠪᠠᠭ᠎ᠠ ᠶ᠋ᠢᠨ ᠠᠮᠢᠳᠤᠷᠠᠯ

ᠶᠠᠳᠠᠭᠤ ᠠ᠋ᠴᠠ ᠠᠩᠭᠢᠵᠢᠷᠠᠭᠰᠠᠨ ᠰᠠᠢᠬᠠᠨ ᠃

 

ᠢᠳᠡᠷ ᠬᠢᠭᠡᠳ ᠢᠳᠡᠷ᠎ᠡ

ᠢᠳᠡᠷ ᠵᠠᠯᠠᠭᠤ ᠨᠠᠰᠤᠨ ᠳ᠋ᠠᠭᠠᠨ

ᠡᠷᠳᠡᠮ ᠮᠡᠳᠡᠯᠭᠡ ᠰᠤᠷᠴᠤ ᠶᠠᠪᠤ ᠂

ᠡᠵᠢ ᠠᠪᠤ ᠪᠠᠨ ᠬᠠᠪᠰᠤᠷᠴᠤ

ᠢᠳᠡᠷ᠎ᠡ ᠨᠣᠭᠣᠭ᠎ᠠ ᠲᠡᠭᠦᠵᠦ ᠥᠭ ᠃

 

ᠢᠵᠢᠯ ᠬᠢᠭᠡᠳ ᠢᠵᠢᠯᠢ

ᠢᠵᠢᠯ ᠳᠠᠭᠤᠳᠠᠯᠭ᠎ᠠ ᠲᠠᠢ ᠦᠭᠡᠰ ᠊ᠢ

ᠡᠷᠢᠵᠦ ᠪᠠᠢᠭᠠᠳ ᠰᠤᠷᠤᠶ᠎ᠠ ᠂

ᠢᠵᠢᠯᠢ ᠳᠠᠰᠤᠯ ᠪᠣᠯᠭᠠᠭᠠᠳ

ᠡᠪᠴᠢᠭᠦᠦ ᠴᠡᠭᠡᠵᠢᠨ ᠳ᠋ᠡᠭᠡᠨ ᠬᠠᠲᠠᠶ᠎ᠠ ᠃

 

ᠢᠷ ᠬᠢᠭᠡᠳ ᠢᠷ᠎ᠡ

ᠬᠢᠲᠤᠭᠠᠨ ᠢᠷ ᠢ᠋ᠶ᠋ᠡᠨ ᠬᠤᠷᠴᠠᠯᠠᠭᠠᠳ

ᠬᠤᠷᠳᠤᠨ ᠢᠷ᠎ᠡ ᠂ ᠳᠠᠢᠴᠢᠳ  ᠮᠢᠨᠢ ᠂

ᠬᠠᠯᠳᠠᠷ᠎ᠠ ᠢᠷᠡᠬᠦ ᠳᠠᠢᠰᠤᠨ ᠊ᠢ

ᠬᠠᠷᠢᠯᠲᠠ ᠦᠭᠡᠢ ᠤᠰᠠᠳᠬᠠᠶ᠎ᠠ ᠃

 

ᠢᠷᠠᠭ᠎ᠠ ᠬᠢᠭᠡᠳ ᠢᠷᠡᠭ

ᠳᠥᠯᠭᠡᠨ ᠤᠰᠤᠨ ᠤ᠋ ᠳᠡᠭᠡᠭᠦᠷ

ᠢᠷᠠᠭ᠎ᠠ ᠳᠣᠯᠭᠢᠶᠠᠨ ᠭᠠᠷᠤᠨ᠎ᠠ ᠂

ᠲᠥᠯ ᠮᠠᠯ ᠤᠨᠲᠠᠬᠤ ᠳ᠋ᠠᠭᠠᠨ

ᠢᠷᠡᠭ ᠬᠡᠪᠢᠬᠦ ᠰᠣᠨᠣᠰᠳᠠᠨ᠎ᠠ ᠃

 

ᠢᠷᠠᠭᠰᠠᠨ ᠬᠢᠭᠡᠳ ᠢᠷᠠᠭᠰᠠᠨ

ᠡᠷᠢᠶᠡᠨ ᠠᠯᠴᠢᠭᠤᠷ ᠊ᠢ ᠴᠢᠨᠢ ᠢᠷᠠᠭᠰᠠᠨ ᠴᠢᠨᠢ

ᠡᠪᠯᠢᠭ ᠲᠠᠨ ᠊ᠢ ᠪᠡᠨ ᠲᠠᠨᠢᠯ᠎ᠠ ᠂

ᠡᠲᠡᠭᠡᠳ ᠬᠣᠯᠠ ᠠ᠋ᠴᠠ ᠢᠷᠠᠭᠰᠠᠨ ᠳ᠋ᠤ᠌ ᠴᠢᠨᠢ

ᠡᠷᠬᠢᠮ ᠬᠦᠨᠳᠦᠳᠬᠡᠯ ᠳᠡᠪᠰᠢᠭᠦᠯᠦᠶ᠎ᠡ ᠃

 

ᠢᠷᠦᠭᠡᠯ ᠬᠢᠭᠡᠳ ᠢᠷᠣᠭᠠᠷ

ᠢᠷᠦᠭᠡᠯ ᠲᠡᠢ ᠳ᠋ᠡᠭᠡᠨ ᠤᠴᠠᠷᠠᠵᠤ

ᠢᠪᠡᠭᠡᠯ ᠲᠡᠢ ᠳ᠋ᠡᠭᠡᠨ ᠲᠠᠨᠢᠯᠴᠠᠨ᠎ᠠ ᠂

ᠢᠷᠣᠭᠠᠷ ᠲᠠᠢ ᠳ᠋ᠠᠭᠠᠨ ᠲᠣᠭᠲᠠᠵᠤ

ᠶᠠᠪᠤᠳᠠᠯ ᠲᠠᠢ ᠳ᠋ᠠᠭᠠᠨ ᠪᠦᠲᠦᠨ᠎ᠡ ᠃

 

ᠢᠷᠬᠦ ᠬᠢᠭᠡᠳ ᠢᠷᠡᠬᠦ

ᠬᠡᠲᠦᠷᠡᠲᠡᠯ᠎ᠡ ᠢᠳᠡᠭᠡᠳ

ᠢᠷᠬᠦ ᠭᠡᠳᠡᠭ ᠰᠢᠪᠰᠢᠭ ᠂

ᠬᠡᠭᠡᠷ᠎ᠡ ᠶᠠᠪᠤᠭᠠᠳ

ᠢᠷᠡᠬᠦ ᠭᠡᠳᠡᠭ ᠰᠠᠢᠬᠠᠨ ᠃

 

ᠢᠷᠭᠠᠢ ᠬᠢᠭᠡᠳ ᠢᠷᠭᠤᠢ

ᠠᠭᠤᠯᠠ ᠨᠢᠷᠤᠭᠤᠨ ᠤ᠋

ᠢᠷᠭᠠᠢ ᠮᠣᠳᠣ ᠭᠠᠩᠭᠠᠩ ᠂

ᠠᠭᠤᠳᠠᠮ ᠲᠠᠯ᠎ᠠ ᠶ᠋ᠢᠨ

ᠢᠷᠭᠤᠢ ᠴᠡᠴᠡᠭ ᠭᠣᠶᠣᠬᠠᠨ ᠃

 

ᠢᠷᠮᠡᠬᠦ ᠬᠢᠭᠡᠳ ᠢᠷᠮᠡᠭ

ᠬᠠᠷ᠎ᠠ ᠠᠯᠠᠭ ᠨᠢᠳᠦ ᠪᠡᠨ

ᠬᠠᠯᠲᠤ ᠢᠷᠮᠡᠬᠦ ᠶ᠋ᠢᠨ ᠵᠠᠭᠤᠷ᠎ᠠ ᠂

ᠬᠠᠨᠵᠤᠨ ᠢᠷᠮᠡᠭ ᠲᠦ᠍ ᠰᠠᠭᠤᠭᠰᠠᠨ

ᠬᠠᠩᠭᠠᠢ ᠬᠦᠦ ᠠᠯᠠᠭ᠎ᠠ ᠃

 

ᠣᠨ ᠬᠢᠭᠡᠳ ᠣᠨᠢ

ᠣᠨ ᠣᠨ ᠳ᠋ᠤ᠌

ᠦᠢᠯᠡᠰ ᠴᠢᠨᠢ ᠰᠠᠴᠤᠷᠠᠭᠠᠳ ᠂

ᠣᠨᠢ ᠲᠣᠭᠣᠨᠣ ᠴᠢᠨᠢ

ᠤᠳᠤᠮ ᠥᠯᠵᠡᠢ ᠲᠡᠢ ᠮᠠᠨᠳᠤᠭ ᠃

 

ᠣᠨᠣᠯᠲᠠ ᠬᠢᠭᠡᠳ ᠤᠨᠠᠯᠲᠠ

ᠣᠨᠣᠯᠲᠠ ᠪᠠᠷᠢᠮᠲᠠ

ᠭᠦᠢᠴᠡᠳ ᠰᠠᠢᠬᠠᠨ ᠂

ᠤᠨᠠᠯᠲᠠ ᠬᠤᠷᠢᠶᠠᠯᠲᠠ

ᠡᠯᠪᠡᠭ ᠰᠠᠢᠬᠠᠨ ᠃

 

ᠣᠪᠣᠭ ᠬᠢᠭᠡᠳ ᠣᠮᠣᠭ

ᠣᠪᠣᠭ ᠨᠡᠷ᠎ᠡ ᠪᠡᠨ

ᠡᠷᠭᠦᠵᠦ ᠶᠠᠪᠤ ᠂

ᠣᠮᠣᠭ ᠵᠣᠷᠢᠭ ᠢ᠋ᠶ᠋ᠠᠨ

ᠡᠷᠴᠢᠯᠡᠵᠦ ᠶᠠᠪᠤ ᠃

 

ᠣᠪᠣᠭ ᠬᠢᠭᠡᠳ ᠣᠪᠣᠭ᠎ᠠ

ᠣᠪᠣᠭ ᠤᠭᠰᠠᠭ᠎ᠠ

ᠣᠯᠠᠨ ᠳ᠋ᠤ᠌ ᠪᠦᠷ ᠪᠠᠢᠳᠠᠭ ᠂

ᠠᠭᠤᠯᠠ ᠣᠪᠣᠭ᠎ᠠ

ᠤᠷᠢᠳᠠ ᠠ᠋ᠴᠠ ᠶᠡᠷᠦᠨᠢ ᠪᠠᠢᠳᠠᠭ ᠃

 

ᠣᠯᠣᠮ ᠬᠢᠭᠡᠳ ᠤᠯᠠᠮ

ᠭᠣᠣᠯ ᠤ᠋ᠨ ᠣᠯᠣᠮ ᠊ᠢ ᠴᠢᠭᠯᠡᠭᠡᠳ

ᠭᠤᠷᠪᠠᠨ ᠵᠡᠭᠡᠷ᠎ᠡ ᠭᠦᠶᠦᠵᠦ ᠪᠠᠢᠨ᠎ᠠ ᠂

ᠭᠣᠪᠢ ᠶ᠋ᠢᠨ ᠨᠣᠭᠣᠭᠠᠨ ᠵᠡᠷᠭᠡᠯᠭᠡᠨ ᠳ᠋ᠦ᠍

ᠤᠯᠠᠮ ᠪᠤᠵᠠᠭᠠᠢ ᠬᠠᠷᠠᠭᠳᠠᠵᠤ ᠪᠠᠢᠨ᠎ᠠ ᠃

 

ᠤᠲᠤᠭ᠎ᠠ ᠬᠢᠭᠡᠳ ᠣᠲᠣᠭ

ᠴᠢᠩ ᠤᠯᠤᠰ ᠤ᠋ᠨ ᠲᠦᠰᠢᠮᠡᠳ

ᠤᠲᠤᠭ᠎ᠠ ᠵᠢᠩᠰᠡ ᠵᠡᠭᠦᠳᠡᠭ ᠃

ᠴᠡᠴᠡᠭᠲᠦ ᠣᠷᠳᠣᠰ ᠨᠤᠲᠤᠭ ᠲᠤ᠌

ᠣᠲᠣᠭ ᠬᠣᠰᠢᠭᠤ ᠭᠡᠵᠦ ᠪᠠᠢᠳᠠᠭ ᠃

 

ᠣᠴᠢ ᠬᠢᠭᠡᠳ ᠣᠭᠣᠴᠢ

ᠬᠥᠭᠵᠢᠯ ᠳᠠᠯᠠᠯᠤᠭᠰᠠᠨ ᠣᠷᠣᠨ ᠳ᠋ᠤ᠌

ᠳᠡᠭᠦᠦᠨᠡᠷ ᠮᠢᠨᠢ ᠣᠴᠢ !

ᠬᠥᠭᠰᠢᠨ ᠡᠵᠢ ᠶ᠋ᠢᠨ ᠢ᠋ᠶ᠋ᠡᠨ ᠴᠠᠢ ᠶ᠋ᠢ

ᠨᠠᠢᠵᠨ ᠮᠢᠨᠢ ᠣᠭᠣᠴᠢ ᠃

 

ᠣᠶᠤᠨ ᠬᠢᠭᠡᠳ ᠣᠭ᠌ᠶᠤᠨ

ᠣᠶᠤᠨ ᠮᠡᠳᠡᠯᠭᠡ ᠶ᠋ᠢᠨ ᠳᠠᠯᠠᠢ ᠠ᠋ᠴᠠ

ᠣᠭ᠌ᠶᠤᠨ ᠨᠣᠭᠣᠭᠠᠨ ᠱ᠌ᠢᠷᠦ ᠶ᠋ᠢ ᠱᠦᠭᠦᠵᠦ ᠂

ᠣᠳᠣᠬᠢᠴᠢᠯᠠᠯᠲᠠ ᠶ᠋ᠢᠨ ᠰᠠᠢᠬᠠᠨ ᠦᠢᠯᠡᠰ ᠲᠦ᠍

ᠤᠷ᠎ᠠ ᠪᠢᠯᠢᠭ ᠢ᠋ᠶ᠋ᠡᠨ ᠡᠷᠭᠦᠨ ᠪᠠᠷᠢᠨ᠎ᠠ ᠃

 

ᠣᠶᠣᠭᠠᠳ ᠬᠢᠭᠡᠳ ᠤᠶᠠᠭᠠᠳ

ᠣᠶᠣᠳᠠᠯᠴᠢᠨ ᠬᠡᠦᠬᠡᠨ

ᠬᠤᠪᠴᠠᠰᠤ ᠣᠶᠣᠭᠠᠳ ᠪᠠᠶᠠᠷᠯᠠᠩᠭᠤᠢ ᠂

ᠠᠳᠤᠭᠤᠴᠢᠨ ᠵᠠᠯᠠᠭᠤ

ᠬᠦᠯᠦᠭ ᠢ᠋ᠶ᠋ᠡᠨ ᠤᠶᠠᠭᠠᠳ ᠪᠠᠳᠠᠷᠠᠩᠭᠤᠢ ᠃

 

ᠣᠷᠣᠢ ᠬᠢᠭᠡᠳ ᠤᠷᠢ

ᠠᠭᠤᠯᠠᠨ ᠤ᠋ ᠪᠤᠭᠤᠷᠤᠯ ᠣᠷᠣᠢ ᠠ᠋ᠴᠠ

ᠤᠷᠭᠤᠬᠤ ᠨᠠᠷᠠᠨ ᠮᠠᠨᠳᠤᠯ᠎ᠠ ᠂

ᠤᠷᠢ ᠵᠠᠯᠠᠭᠤ ᠨᠠᠰᠤᠨ ᠠ᠋ᠴᠠ

ᠤᠯᠠᠭᠠᠨ ᠲᠤᠶᠠᠭ᠎ᠠ ᠰᠠᠴᠤᠷᠠᠯ᠎ᠠ ᠃

 

ᠣᠷᠣᠨ ᠬᠢᠭᠡᠳ ᠤᠷᠠᠨ

ᠣᠷᠣᠨ ᠨᠤᠲᠤᠭ ᠤ᠋ᠨ

ᠬᠥᠭᠵᠢᠯ ᠣᠮᠣᠭᠰᠢᠯ ᠰᠠᠢᠬᠠᠨ ᠂

ᠤᠷᠠᠨ ᠵᠣᠬᠢᠶᠠᠯ ᠤ᠋ᠨ

ᠣᠷᠣᠯᠳᠣᠯᠭ᠎ᠠ ᠪᠦᠲᠦᠭᠡᠯ ᠰᠠᠢᠬᠠᠨ ᠃

 

ᠤᠷᠤᠭ ᠬᠢᠭᠡᠳ ᠤᠷᠭ᠎ᠠ

ᠤᠷᠤᠭ ᠰᠠᠷᠠᠯ ᠮᠣᠷᠢ ᠮᠢᠨᠢ

ᠤᠶᠠᠭᠠᠨ ᠳᠡᠭᠡᠷ᠎ᠡ ᠪᠡᠨ ᠦᠦᠷᠰᠡᠵᠦ ᠪᠠᠢᠨ᠎ᠠ ᠂

ᠤᠷᠲᠤ ᠦᠵᠦᠭᠦᠷ ᠲᠡᠢ ᠤᠷᠭ᠎ᠠ ᠮᠢᠨᠢ

ᠠᠭᠤᠳᠠᠮ ᠲᠠᠯ᠎ᠠ ᠳ᠋ᠠᠭᠠᠨ ᠨᠠᠬᠢᠯᠵᠠᠵᠤ ᠪᠠᠢᠨ᠎ᠠ ᠃

 

ᠣᠷᠣᠮ ᠬᠢᠭᠡᠳ ᠤᠷᠮ᠎ᠠ

ᠤᠨᠠᠭᠰᠠᠨ ᠠᠯᠲᠠᠨ ᠥᠯᠥᠭᠡᠢ ᠳ᠋ᠡᠭᠡᠨ

ᠣᠷᠣᠮ ᠮᠥᠷ ᠢ᠋ᠶ᠋ᠡᠨ ᠣᠷᠬᠢᠭᠠᠳ ᠂

ᠤᠳᠬ᠎ᠠ ᠰᠣᠶᠣᠯ ᠤ᠋ᠨ ᠬᠥᠳᠡᠭᠡ ᠳᠠᠰᠢ

ᠤᠷᠮ᠎ᠠ ᠵᠣᠷᠢᠭ ᠲᠠᠢ ᠶᠠᠪᠤᠯ᠎ᠠ ᠃

 

ᠣᠷᠣᠯᠠᠬᠤ ᠬᠢᠭᠡᠳ ᠤᠷᠠᠯᠠᠬᠤ

ᠬᠦᠴᠢᠷ ᠠᠵᠢᠯ ᠳ᠋ᠤ᠌

ᠪᠤᠰᠤᠳ ᠊ᠢ ᠣᠷᠣᠯᠠᠬᠤ ᠰᠠᠢᠰᠢᠶᠠᠯᠲᠠᠢ ᠂

ᠬᠥᠷᠥᠭ ᠵᠢᠷᠤᠭ ᠊ᠢ

ᠭᠠᠩᠭᠠᠩ ᠤᠷᠠᠯᠠᠬᠤ ᠱᠠᠭᠰᠢᠯᠲᠠᠢ ᠃

 

ᠣᠷᠣᠰᠢᠭ ᠬᠢᠭᠡᠳ ᠤᠷᠰᠢᠭ

ᠡᠬᠡ ᠣᠷᠣᠨ ᠳ᠋ᠠᠭᠠᠨ ᠵᠢᠤᠠᠬᠦᠭᠰᠡᠳ

ᠦᠢᠯᠡᠰ ᠲᠡᠢ ᠪᠡᠨ ᠮᠥᠩᠬᠡ ᠣᠷᠣᠰᠢᠭ ᠂

ᠡᠲᠡᠭᠡᠳ ᠤᠷᠰᠢᠭ ᠲᠠᠲᠠᠭᠰᠠᠳ

ᠡᠨᠡ ᠨᠤᠲᠤᠭ ᠠ᠋ᠴᠠ ᠠᠷᠢᠯᠤᠭ ᠃

 

ᠣᠷᠴᠢᠭᠤᠯᠬᠤ ᠬᠢᠭᠡᠳ ᠣᠷᠣᠰᠢᠭᠤᠯᠬᠤ

ᠡᠯ᠎ᠡ ᠵᠦᠢᠯ ᠦ᠋ᠨ ᠬᠡᠯᠡ ᠶ᠋ᠢ

ᠡᠯᠢᠭᠡ ᠶ᠋ᠢ ᠨᠢ ᠴᠠᠢᠲᠠᠯ᠎ᠠ ᠣᠷᠴᠢᠭᠤᠯᠬᠤ ᠰᠠᠢᠬᠠᠨ ᠂

ᠡᠷᠡᠯᠬᠡᠭ ᠪᠠᠭᠠᠲᠤᠷᠯᠢᠭ ᠢ᠋ᠶ᠋ᠠᠷ ᠪᠡᠶ᠎ᠡ ᠦᠷᠡᠭᠲᠡᠭᠰᠡᠳ ᠊ᠢ

ᠡᠬᠡ ᠰᠢᠷᠣᠢ ᠳ᠋ᠠᠭᠠᠨ ᠣᠷᠣᠰᠢᠭᠤᠯᠬᠤ ᠰᠣᠲᠤᠬᠠᠨ ᠃

 

ᠣᠷᠴᠣᠨ ᠬᠢᠭᠡᠳ ᠣᠷᠴᠢᠨ

ᠠᠭᠤᠯᠠ ᠤᠰᠤ ᠨᠢ ᠮᠢᠷᠠᠯᠵᠠᠭᠰᠠᠨ

ᠣᠷᠴᠣᠨ ᠦᠨᠳᠦᠰᠦᠲᠡᠨ ᠦ᠌ ᠨᠤᠲᠤᠭ ᠂

ᠣᠷᠴᠢᠨ ᠲᠣᠭᠣᠷᠢᠨ ᠨᠢ ᠪᠠᠶᠠᠯᠢᠭ

ᠣᠨᠴᠠ ᠰᠠᠢᠬᠠᠨ ᠭᠠᠵᠠᠷ ᠠ᠋ ᠃

ᠤᠤᠭᠠᠨ ᠬᠢᠭᠡᠳ ᠤᠳᠬᠤᠨ

ᠤᠤᠭᠠᠨ ᠡᠭᠡᠴᠢ ᠨᠢ

ᠤᠯᠠᠭᠠᠨ ᠠᠯᠴᠢᠭᠤᠷ ᠲᠠᠢ

ᠤᠳᠬᠤᠨ ᠳᠡᠭᠦᠦ ᠨᠢ

ᠣᠬᠣᠷ ᠮᠠᠯᠠᠭᠠᠢ ᠲᠠᠢ ᠃

 

ᠤᠤᠵᠢ ᠬᠢᠭᠡᠳ ᠤᠤᠭᠤᠵᠤ

ᠤᠤᠵᠢ ᠬᠠᠨᠵᠢᠶᠠᠷ ᠢ᠋ᠶ᠋ᠠᠨ

ᠡᠪᠯᠢᠭ ᠲᠣᠬᠢᠲᠠᠢ ᠡᠮᠦᠰᠦᠨ᠎ᠡ ᠂

ᠤᠤᠭᠤᠵᠤ ᠢᠳᠡᠬᠦ ᠳ᠋ᠡᠭᠡᠨ

ᠡᠷᠡᠭᠦᠯ ᠬᠠᠮᠠᠭᠠᠯᠠᠯ ᠊ᠢ ᠠᠩᠬᠠᠷᠤᠨ᠎ᠠ ᠃

 

ᠤᠨᠠᠭ᠎ᠠ ᠬᠢᠭᠡᠳ ᠤᠨᠤᠭ᠎ᠠ

ᠤᠨᠠᠭ᠎ᠠ ᠮᠢᠨᠢ ᠥᠰᠦᠭᠡᠳ

ᠡᠮᠡᠭᠡᠯ ᠲᠣᠬᠣᠮ ᠲᠣᠬᠣᠭᠠᠷᠠᠢ ᠂

ᠤᠨᠤᠭ᠎ᠠ ᠬᠦᠯᠦᠭ ᠪᠣᠯᠤᠭᠠᠳ

ᠡᠵᠡᠨ ᠦ᠌ ᠪᠡᠨ ᠦᠢᠯᠡᠰ ᠲᠦ᠍ ᠵᠢᠳᠬᠦᠭᠡᠷᠡᠢ ᠃

 

ᠤᠨᠤᠬᠤ ᠬᠢᠭᠡᠳ ᠤᠨᠠᠬᠤ

ᠠᠭᠲᠠ ᠮᠣᠷᠢ ᠪᠠᠨ ᠤᠨᠤᠬᠤ

ᠠᠳᠤᠭᠤᠴᠢᠨ ᠮᠢᠨᠦ ᠪᠠᠶᠠᠰᠤᠯ ᠂

ᠠᠭᠠᠷ ᠤ᠋ᠨ ᠨᠠᠷᠠ ᠤᠨᠠᠬᠤ

ᠠᠭᠢᠭᠠᠳ ᠮᠠᠨᠳᠤᠬᠤ ᠶ᠋ᠢᠨ ᠲᠡᠮᠳᠡᠭ ᠃

 

ᠤᠨᠤᠭ᠎ᠠ ᠬᠢᠭᠡᠳ ᠣᠭᠣᠨᠣ

ᠤᠨᠤᠭ᠎ᠠ ᠮᠣᠷᠢ

ᠬᠠᠵᠠᠭᠠᠷ ᠴᠤᠯᠪᠤᠭᠤᠷ ᠲᠠᠢ ᠂

ᠣᠭᠴᠣᠷ ᠳᠡᠪᠡᠯ

ᠬᠣᠷᠮᠣᠢ ᠣᠨᠣᠭᠣ ᠲᠠᠢ ᠃

 

ᠤᠨᠲᠠ ᠬᠢᠭᠡᠳ ᠤᠮᠳᠠ

ᠥᠯᠥᠭᠡᠢ ᠲᠡᠢ ᠵᠢᠭᠠᠬᠠᠨ ᠳᠡᠭᠦᠦ ᠮᠢᠨᠢ

ᠦᠳᠡ ᠶ᠋ᠢᠨ ᠭᠣᠣᠯ ᠳ᠋ᠠᠭᠠᠨ ᠤᠨᠲᠠ ᠂

ᠥᠷᠯᠥᠭᠡ ᠰᠠᠭᠠᠭᠰᠠᠨ ᠰᠦ ᠮᠢᠨᠢ

ᠦᠨᠡᠬᠡᠷ ᠠᠮᠲᠠ ᠲᠠᠢ ᠤᠮᠳᠠ ᠃

 

ᠤᠬᠠᠭᠠᠯᠢᠭ ᠬᠢᠭᠡᠳ ᠤᠬᠠᠭᠤᠯᠭ᠎ᠠ

ᠤᠷᠲᠤ ᠠᠢᠯ ᠤ᠋ᠨ ᠲᠠᠮᠤᠷ᠎ᠠ

ᠤᠬᠠᠭᠠᠯᠢᠭ ᠲᠥᠷᠥᠭᠰᠡᠨ ᠬᠦᠦ ᠂

ᠣᠶᠤᠨ ᠲᠠᠷᠢᠬᠢ ᠪᠠᠨ ᠰᠢᠪᠬᠠᠨ

ᠤᠬᠠᠭᠤᠯᠭ᠎ᠠ ᠶ᠋ᠢᠨ ᠠᠵᠢᠯ ᠬᠢᠳᠡᠭ ᠃

 

ᠤᠭᠠᠯᠵᠠ ᠬᠢᠭᠡᠳ ᠤᠭᠯᠠᠵᠤ

ᠤᠭᠠᠯᠵᠠ ᠬᠡ ᠲᠡᠢ

ᠣᠷᠢᠶᠠᠮᠠᠯ ᠭᠤᠲᠤᠯ ᠂

ᠤᠭᠯᠠᠵᠤ ᠡᠮᠦᠰᠦᠭᠡᠳ

ᠤᠷᠤᠭᠰᠢ ᠠᠯᠬᠤᠶ᠎ᠠ ᠃

 

ᠤᠭᠰᠠᠭ᠎ᠠ ᠬᠢᠭᠡᠳ ᠤᠭᠰᠤᠭ᠎ᠠ

ᠤᠭᠰᠠᠭ᠎ᠠ ᠦᠨᠳᠦᠰᠦᠲᠡᠨ ᠢ᠋ᠶ᠋ᠡᠨ ᠮᠠᠨᠳᠤᠭᠤᠯᠤᠶ᠎ᠠ ᠭᠡᠪᠡᠯ

ᠣᠶᠤᠨ ᠮᠡᠳᠡᠯᠭᠡ ᠡᠪᠦᠷᠯᠡᠵᠦ ᠶᠠᠪᠤ ᠂

ᠴᠣᠬᠣᠷ ᠮᠣᠷᠢ ᠪᠠᠨ ᠤᠨᠤᠶ᠎ᠠ ᠭᠡᠪᠡᠯ

ᠴᠤᠯᠪᠤᠭᠤᠷ ᠤ᠋ᠨ ᠤᠭᠰᠤᠭ᠎ᠠ ᠪᠠᠨ ᠪᠠᠷᠢᠵᠤ ᠮᠣᠷᠳᠠ ᠃

 

ᠤᠯᠠᠭᠠᠨ ᠬᠢᠭᠡᠳ ᠤᠯᠠᠭᠠᠨ᠎ᠠ

ᠠᠭᠤᠯᠠᠨ ᠳ᠋ᠤ᠌ ᠤᠷᠭᠤᠳᠠᠭ

ᠤᠯᠠᠭᠠᠨ ᠥᠩᠭᠡ ᠲᠡᠢ

ᠤᠯᠠᠭᠠᠨ᠎ᠠ ᠵᠢᠮᠢᠰ

ᠣᠨᠴᠠ ᠠᠮᠲᠠ ᠲᠠᠢ ᠃

 

ᠤᠯᠠᠭᠠᠷᠠᠬᠤ ᠬᠢᠭᠡᠳ ᠤᠯᠠᠷᠢᠬᠤ

ᠤᠯᠠᠭᠠᠷᠠᠬᠤ ᠵᠢᠮᠢᠰ

ᠤᠯᠠᠭᠠᠨ ᠱ᠌ᠢᠷᠦ ᠠᠳᠠᠯᠢ ᠂

ᠤᠯᠠᠷᠢᠬᠤ ᠴᠠᠭ

ᠤᠰᠤᠨ ᠤ᠋ ᠤᠷᠤᠰᠬᠠᠯ ᠮᠡᠲᠦ ᠃

 

ᠤᠯᠤᠰ ᠬᠢᠭᠡᠳ ᠣᠯᠣᠰᠣ

ᠤᠯᠤᠰ ᠣᠷᠣᠨ ᠮᠢᠨᠢ

ᠤᠷᠲᠤ ᠨᠠᠰᠤᠯᠠᠭᠠᠷᠠᠢ !

ᠣᠯᠣᠰᠣ ᠲᠠᠷᠢᠶ᠎ᠠ ᠮᠢᠨᠢ

ᠥᠨᠳᠥᠷ ᠣᠷᠭᠣᠭᠠᠷᠠᠢ !

 

ᠤᠲᠤᠭ᠎ᠠ ᠬᠢᠭᠡᠳ ᠤᠳᠠᠭ᠎ᠠ

ᠬᠤᠯᠠᠩ ᠠ᠋ᠴᠠ ᠰᠤᠭᠤᠨᠠᠭᠯᠠᠭᠰᠠᠨ ᠤᠲᠤᠭ᠎ᠠ

ᠬᠣᠯᠠᠬᠢ ᠠᠭᠤᠯᠠ ᠶ᠋ᠢ ᠴᠢᠭᠯᠡᠪᠡ ᠂

ᠬᠣᠶᠠᠷᠬᠠᠨ ᠤᠳᠠᠭ᠎ᠠ ᠪᠤᠷᠭᠢᠯᠤᠭᠠᠳ

ᠬᠤᠷᠠᠭᠠᠨ ᠡᠭᠦᠯᠡᠰ ᠰᠢᠭ ᠣᠷᠢᠶᠠᠯᠳᠤᠪᠠᠢ ᠃

 

ᠤᠶᠠᠨ ᠬᠢᠭᠡᠳ ᠣᠶᠤᠨ

ᠤᠶᠠᠨ ᠰᠠᠢᠬᠠᠨ ᠪᠡᠶ᠎ᠡ ᠲᠡᠢ

ᠤᠰᠬᠠᠯ ᠬᠣᠶᠠᠷ ᠨᠢᠳᠦ ᠲᠡᠢ

ᠤᠷᠲᠤ ᠭᠡᠷ ᠦ᠋ᠨ ᠣᠶᠤᠨ ᠊ᠢ

ᠤᠯᠤᠰ ᠪᠦᠭᠦᠳᠡᠭᠡᠷ ᠮᠠᠭᠲᠠᠨ᠎ᠠ ᠃

 

ᠤᠶᠠᠩᠭ᠎ᠠ ᠬᠢᠭᠡᠳ ᠤᠶᠠᠭ᠎ᠠ

ᠤᠶᠠᠩᠭ᠎ᠠ ᠬᠥᠭᠵᠢᠮ ᠲᠡᠢ

ᠤᠷᠠᠨ ᠲᠣᠭᠯᠠᠯᠲᠠ ᠂

ᠤᠶᠠᠭ᠎ᠠ ᠳᠡᠭᠡᠰᠦ ᠲᠡᠢ

ᠤᠨᠤᠭ᠎ᠠ ᠮᠠᠯ ᠃

 

ᠤᠷᠠᠬ᠎ᠠ ᠬᠢᠭᠡᠳ ᠤᠷᠭ᠎ᠠ

ᠤᠷᠠᠬ᠎ᠠ ᠳ᠋ᠤ᠌ ᠲᠣᠣᠷᠯᠠᠭᠳᠠᠭᠰᠠᠨ ᠪᠣᠯᠵᠣᠮᠣᠷ

ᠣᠭᠲᠠᠷᠭᠤᠢ ᠳ᠋ᠤ᠌ ᠨᠢᠰᠬᠦᠶ᠎ᠡ ᠪᠡᠷᠬᠡ ᠂

ᠤᠷᠭ᠎ᠠ ᠳ᠋ᠤ᠌ ᠣᠷᠣᠭᠰᠠᠨ ᠮᠣᠷᠢ

ᠣᠷᠣᠭᠰᠢ ᠲᠡᠮᠡᠦᠯᠬᠦ ᠳ᠋ᠦ᠍ ᠬᠦᠴᠢᠷ ᠃

 

ᠤᠷᠠᠯᠢᠭ ᠬᠢᠭᠡᠳ ᠤᠷᠢᠯᠭ᠎ᠠ

ᠤᠳᠬ᠎ᠠ ᠤᠷᠠᠯᠢᠭ ᠤ᠋ᠨ ᠲᠣᠭᠯᠠᠯᠲᠠ

ᠠᠭᠤᠯᠭ᠎ᠠ ᠬᠡᠯᠪᠡᠷᠢ ᠰᠢᠨ᠎ᠡ ᠶᠦ᠍ᠮ ᠂

ᠤᠷᠢᠯᠭ᠎ᠠ ᠶ᠋ᠢᠨ ᠪᠢᠴᠢᠭ ᠲᠠᠷᠬᠠᠭᠠᠭᠠᠳ

ᠣᠯᠠᠨ ᠲᠠᠨ ᠳ᠋ᠠᠭᠠᠨ ᠰᠣᠨᠢᠷᠬᠠᠭᠤᠯᠤᠶ᠎ᠠ ᠃

 

ᠤᠷᠢᠨ ᠬᠢᠭᠡᠳ ᠤᠷᠠᠨ

ᠤᠷᠢᠨ ᠳᠤᠯᠠᠭᠠᠨ ᠬᠠᠪᠤᠷ ᠲᠤ᠌

ᠤᠷᠭᠤᠮᠠᠯ ᠪᠣᠳᠠᠰ ᠠᠮᠢᠯᠠᠨ᠎ᠠ ᠂

ᠤᠷᠠᠨ ᠬᠡᠯᠡ ᠲᠡᠢ ᠰᠢᠪᠠᠭᠤᠳ

ᠤᠶᠠᠩᠭ᠎ᠠ ᠳᠠᠭᠤᠤ ᠪᠠᠨ ᠡᠷᠭᠦᠨ᠎ᠡ ᠃

 

ᠤᠷᠢᠳᠤ ᠬᠢᠭᠡᠳ ᠤᠷᠲᠤ

ᠤᠷᠢᠳᠤ ᠤᠷᠢᠳᠤ ᠶ᠋ᠢᠨ

ᠰᠦᠮ᠎ᠡ ᠬᠡᠢᠳ ᠦ᠋ᠨ ᠦᠵᠡᠮᠵᠢ

ᠤᠷᠲᠤ ᠬᠠᠷᠰᠢ ᠶ᠋ᠢᠨ

ᠰᠦᠷᠯᠢᠭ ᠶᠡᠬᠡᠮᠰᠦᠭ ᠦᠵᠡᠮᠦᠷᠢ ᠃

 

ᠤᠷᠤᠭ ᠬᠢᠭᠡᠳ ᠤᠭᠤᠷᠠᠭ

ᠤᠷᠤᠭ ᠰᠠᠳᠤᠨ ᠬᠣᠯᠪᠣᠭᠠᠲᠠᠢ

ᠣᠷᠣᠨ ᠨᠤᠲᠤᠭ ᠮᠠᠭᠲᠠᠭᠠᠯᠲᠠᠢ ᠂

ᠤᠭᠤᠷᠠᠭ ᠰᠦ ᠠᠮᠲᠠᠲᠠᠢ

ᠣᠶᠤᠨ ᠮᠡᠳᠡᠯᠭᠡ ᠰᠤᠷᠤᠯᠲᠠᠢ ᠃

ᠥᠨᠢᠷ ᠬᠢᠭᠡᠳ ᠦᠨᠦᠷ

ᠥᠯᠥᠭᠡᠢ ᠲᠡᠨᠢᠭᠦᠨ ᠨᠤᠲᠤᠭ ᠮᠢᠨᠢ

ᠥᠨᠢᠷ ᠪᠠᠶᠠᠯᠢᠭ ᠪᠣᠯᠬᠣᠷ ᠂

ᠥᠷᠥᠮ᠎ᠡ ᠬᠤᠷᠤᠳ ᠲᠣᠰᠣ ᠮᠢᠨᠢ

ᠦᠨᠦᠷ ᠠᠮᠲᠠ ᠱᠠᠩᠳᠠᠭᠤᠨ ᠃

 

ᠥᠨᠥ ᠬᠢᠭᠡᠳ ᠥᠨᠢ

ᠥᠨᠥ ᠲᠠᠨᠠᠷ ᠴᠢᠷᠮᠠᠢᠵᠤ

ᠡᠷᠳᠡᠮ ᠰᠣᠶᠣᠯ ᠡᠵᠡᠮᠰᠢᠪᠡᠯ ᠂

ᠥᠭᠡᠯᠡᠢ ᠥᠨᠳᠥᠷ ᠪᠣᠯᠤᠭᠰᠠᠨ ᠤ᠋ ᠬᠣᠢᠨ᠎ᠠ

ᠥᠨᠢ ᠮᠥᠩᠬᠡ ᠶ᠋ᠢᠨ ᠦᠢᠯᠡᠰ ᠰᠢᠦ ᠃

 

ᠥᠩ ᠬᠢᠭᠡᠳ ᠥᠩᠭᠡ

ᠥᠩ ᠰᠢᠮᠡᠯᠢᠭ ᠪᠡᠯᠴᠢᠭᠡᠷ ᠲᠦ᠍

ᠥᠨᠢᠷ ᠰᠦᠷᠦᠭ ᠢᠳᠡᠰᠢᠯᠡᠨ᠎ᠡ ᠂

ᠥᠩᠭᠡ ᠪᠦᠷᠢ ᠶ᠋ᠢᠨ ᠴᠡᠴᠡᠭ ᠲᠦ᠍

ᠥᠷᠭᠡᠨ ᠲᠠᠯ᠎ᠠ ᠰᠣᠭᠲᠣᠭᠤᠷᠠᠨ᠎ᠠ ᠃

 

ᠥᠪ ᠬᠢᠭᠡᠳ ᠡᠪ

ᠦᠵᠡᠵᠦ ᠰᠤᠷᠤᠭᠰᠠᠨ ᠮᠡᠳᠡᠯᠭᠡ

ᠥᠨᠢᠳᠡ ᠶ᠋ᠢᠨ ᠥᠪ ᠬᠥᠷᠥᠩᠭᠡ ᠂

ᠦᠨᠳᠦᠰᠦᠲᠡᠨ ᠪᠦᠬᠦᠨ ᠦ᠌ ᠪᠦᠯᠬᠦᠮᠳᠡᠯ

ᠡᠭᠦᠷᠢᠳᠡ ᠶ᠋ᠢᠨ ᠡᠪ ᠨᠠᠢᠷ ᠃

 

ᠥᠪᠡᠷ ᠬᠢᠭᠡᠳ ᠥᠪᠥᠷ

ᠥᠷᠭᠡᠨ ᠮᠡᠳᠡᠯᠭᠡ ᠶ᠋ᠢ ᠡᠵᠡᠮᠰᠢᠬᠦ ᠳ᠋ᠦ᠍

ᠥᠪᠡᠷ ᠦ᠋ᠨ ᠴᠢᠷᠮᠠᠢᠯᠭ᠎ᠠ ᠴᠢᠬᠤᠯᠠ ᠂

ᠥᠪᠥᠷ ᠮᠣᠩᠭᠣᠯ ᠢ᠋ᠶ᠋ᠠᠨ ᠴᠡᠴᠡᠭᠯᠡᠭᠦᠯᠬᠦ ᠳ᠋ᠦ᠍

ᠦᠨᠳᠦᠰᠦᠲᠡᠨ ᠦ᠌ ᠪᠦᠯᠬᠦᠮᠳᠡᠯ ᠴᠢᠬᠤᠯᠠ ᠃

 

ᠥᠭ ᠬᠢᠭᠡᠳ ᠦᠭᠡ

 

ᠪᠤᠰᠤᠳ ᠤ᠋ᠨ ᠶᠠᠭᠤᠮ᠎ᠠ ᠶ᠋ᠢ ᠵᠢᠭᠡᠯᠡᠪᠡᠯ

ᠪᠤᠴᠠᠭᠠᠵᠤ ᠬᠤᠷᠳᠤᠨ ᠥᠭ ᠂

ᠪᠤᠷᠤᠭᠤ ᠦᠭᠡ ᠬᠡᠯᠡᠪᠡᠯ

ᠪᠤᠰᠢᠭᠤ ᠲᠦᠷᠭᠡᠨ ᠵᠠᠯᠠᠷᠠᠭᠤᠯ ᠃

 

ᠥᠯ ᠬᠢᠭᠡᠳ ᠦᠯᠦ

 

ᠥᠯ ᠰᠢᠮ᠎ᠡ ᠲᠡᠢ ᠬᠣᠭᠣᠯᠠ ᠶ᠋ᠢ

ᠦᠯᠡᠭᠦᠦ ᠢᠳᠡᠵᠦ ᠶᠠᠪᠤ ᠂

ᠦᠯᠦ ᠪᠦᠲᠦᠬᠦ ᠶᠠᠪᠤᠳᠠᠯ ᠊ᠢ

ᠡᠷᠡᠰ ᠪᠢᠲᠡᠭᠡᠢ ᠬᠢᠭᠡᠷᠡᠢ ᠃

 

ᠦᠰ ᠬᠢᠭᠡᠳ ᠦᠰᠦ

 

ᠦᠰ ᠥᠰᠢᠶ᠎ᠡ

ᠪᠦᠯᠬᠦᠮᠳᠡᠯ ᠳ᠋ᠦ᠍ ᠮᠠᠭᠤ ᠂

ᠦᠰᠦ ᠭᠡᠵᠢᠭᠡ

ᠪᠡᠶ᠎ᠡ ᠳ᠋ᠦ᠍ ᠰᠠᠢᠬᠠᠨ ᠃

 

ᠦᠰᠦᠳᠡᠨ ᠬᠢᠭᠡᠳ ᠦᠰᠲᠡᠨ

 

ᠦᠰᠦ ᠲᠣᠯᠣᠭᠠᠢ ᠲᠠᠢ

ᠦᠰᠦᠳᠡᠨ ᠠᠮᠢᠲᠠᠨ ᠪᠠᠢᠨ᠎ᠠ ᠂

ᠥᠰᠢᠶ᠎ᠡ ᠬᠣᠷᠣᠰᠤᠯ ᠲᠠᠢ

ᠦᠰᠲᠡᠨ ᠳᠠᠢᠰᠤᠨ ᠪᠠᠢᠨ᠎ᠠ ᠃

 

ᠥᠲᠡᠭᠡ ᠬᠢᠭᠡᠳ ᠦᠲᠦᠭ

 

ᠬᠣᠯᠠ ᠶ᠋ᠢᠨ ᠠᠭᠤᠯᠠᠨ ᠳ᠋ᠤ᠌

ᠪᠠᠮᠪᠤᠷᠰᠢ ᠥᠲᠡᠭᠡ ᠲᠡᠢ ᠂

ᠬᠣᠷᠣᠭ᠎ᠠ ᠬᠠᠰᠢᠶᠠᠨ ᠳ᠋ᠤ᠌

ᠥᠳᠥᠭ ᠬᠣᠷᠭᠣᠯ ᠲᠠᠢ ᠃

 

ᠥᠳᠥᠬᠦ ᠬᠢᠭᠡᠳ ᠦᠳᠡᠬᠦ

 

ᠬᠠᠯᠠᠭᠤᠨ ᠡᠳᠦᠷ

ᠮᠢᠬ᠎ᠠ ᠦᠲᠦᠭᠦ ᠶᠦ᠍ᠮ ᠂

ᠬᠠᠨᠵᠠᠷᠠᠭᠰᠠᠨ ᠳᠡᠪᠡᠯ ᠊ᠢ

ᠤᠲᠠᠰᠤ ᠪᠠᠷ ᠦᠳᠡᠬᠦ ᠶᠦ᠍ᠮ ᠃

 

ᠥᠳᠥᠯᠡᠬᠦ ᠬᠢᠭᠡᠳ ᠥᠲᠡᠯᠦᠬᠦ

 

ᠭᠠᠯᠠᠭᠤ ᠰᠢᠪᠠᠭᠤᠨ ᠤ᠋ ᠳᠡᠭᠳᠡᠭᠡᠬᠡᠢ

ᠥᠳᠥᠯᠡᠬᠦ ᠲᠤᠲᠤᠮ ᠭᠤᠪᠠᠢᠷᠠᠨ᠎ᠠ ᠂

ᠭᠠᠯ ᠵᠠᠯᠠᠭᠤ ᠨᠠᠰᠤ

ᠥᠲᠡᠯᠦᠬᠦ ᠲᠤᠲᠤᠮ ᠬᠣᠯᠠᠳᠠᠨ᠎ᠠ ᠃

 

ᠥᠷᠢ ᠬᠢᠭᠡᠳ ᠦᠷ

 

ᠥᠭᠡᠷ᠎ᠡ ᠬᠥᠮᠦᠨ ᠳ᠋ᠦ᠍ ᠥᠷᠢ ᠲᠡᠢ ᠪᠣᠯ

ᠥᠭᠴᠦ ᠪᠤᠴᠠᠭᠠᠬᠤ ᠨᠢ ᠴᠢᠬᠤᠯᠠ ᠂

ᠦᠢᠯᠡᠰ ᠠᠵᠢᠯ ᠢ᠋ᠶ᠋ᠠᠨ ᠡᠷᠲᠡᠯᠡᠶ᠎ᠡ ᠭᠡᠪᠡᠯ

ᠦᠷ ᠢ᠋ᠶ᠋ᠡᠷ ᠪᠣᠰᠬᠤ ᠨᠢ ᠴᠢᠬᠤᠯᠠ ᠃

 

ᠥᠷᠥᠭᠡ ᠬᠢᠭᠡᠳ ᠦᠷᠢᠶ᠎ᠡ

 

ᠡᠷᠦᠬᠡ ᠭᠡᠷ ᠮᠢᠨᠢ

ᠲᠠᠰᠤᠯᠭ᠎ᠠ ᠥᠷᠥᠭᠡ ᠲᠡᠢ

ᠦᠷᠢᠶ᠎ᠡ ᠮᠣᠷᠢ ᠮᠢᠨᠢ

ᠲᠠᠪᠤᠨ ᠨᠠᠰᠤ ᠲᠠᠢ

 

ᠥᠷᠥᠮ᠎ᠡ ᠬᠢᠭᠡᠳ ᠥᠷᠥᠮ

 

ᠡᠭᠡᠳᠡᠭᠰᠡᠨ ᠰᠦ ᠶ᠋ᠢᠨ ᠳᠡᠭᠡᠭᠦᠷ

ᠥᠷᠥᠮ᠎ᠡ ᠰᠠᠭᠤᠭᠠᠳ ᠵᠤᠵᠠᠭᠠᠨ ᠂

ᠡᠩᠨᠡᠭᠰᠡᠨ ᠬᠠᠪᠲᠠᠰᠤ ᠶ᠋ᠢᠨ ᠦᠷᠦᠮ

ᠨᠦᠬᠡᠯᠡᠭᠡᠳ ᠶᠠᠪ ᠶᠠᠭᠠᠷᠠᠤ ᠃

 

ᠥᠷᠭᠥᠭᠡ ᠬᠢᠭᠡᠳ ᠥᠷᠥᠭᠡ

 

ᠬᠣᠯᠠ ᠠ᠋ᠴᠠ ᠴᠠᠢᠯᠵᠠᠭᠰᠠᠨ

ᠬᠤᠨ ᠴᠠᠭᠠᠨ ᠥᠷᠭᠥᠭᠡ ᠂

ᠬᠣᠨᠣᠵᠤ ᠳᠠᠰᠢᠭᠰᠠᠨ

ᠬᠣᠪᠢᠨ ᠤ᠋ ᠳᠤᠯᠠᠭᠠᠨ ᠥᠷᠥᠭᠡ ᠃

 

ᠥᠷᠲᠡᠭ ᠬᠢᠭᠡᠳ ᠥᠷᠲᠡᠭᠡ

 

ᠪᠣᠯᠣᠷ ᠡᠷᠳᠡᠨᠢ

ᠦᠨ᠎ᠡ ᠥᠷᠲᠡᠭ ᠶᠡᠬᠡ ᠂

ᠪᠤᠬ᠎ᠠ ᠲᠡᠷᠭᠡ

ᠥᠷᠲᠡᠭᠡ ᠪᠠᠭᠤᠴᠠ ᠠᠷᠪᠢᠨ ᠃

 

ᠥᠷᠲᠥᠬᠦ ᠬᠢᠭᠡᠳ ᠥᠷᠢᠲᠦᠬᠦ

 

ᠭᠠᠷ ᠲᠤ᠌ ᠥᠷᠲᠥᠬᠦ ᠪᠡᠷ ᠵᠠᠷᠤᠬᠤ

ᠭᠠᠮᠨᠠᠬᠤ ᠦᠭᠡᠢ ᠰᠤᠷᠲᠠᠯ ᠮᠠᠭᠤ ᠂

ᠭᠠᠵᠠᠷ ᠪᠣᠯᠭᠠᠨ ᠳ᠋ᠤ᠌ ᠥᠷᠢᠲᠦᠬᠦ

ᠭᠠᠭᠴᠠᠭᠠᠷᠳᠠᠮᠠᠯ ᠶᠠᠪᠤᠳᠠᠯ ᠰᠢᠪᠰᠢᠭ ᠃

 

ᠦᠢ ᠬᠢᠭᠡᠳ ᠦᠶ᠎ᠡ

 

ᠦᠢ ᠣᠯᠠᠨ ᠪᠠᠭᠠᠲᠤᠷᠴᠤᠳ ᠤ᠋ᠨ

ᠥᠪᠡᠷ ᠦ᠋ᠨ ᠴᠢᠰᠤ ᠪᠠᠷ ᠢ᠋ᠶ᠋ᠠᠨ ᠪᠠᠢᠭᠤᠯᠤᠭᠰᠠᠨ

ᠥᠪᠥᠷ ᠮᠣᠩᠭᠣᠯ ᠣᠷᠣᠨ ᠢ᠋ᠶ᠋ᠠᠨ

ᠦᠶ᠎ᠡ ᠶ᠋ᠢᠨ ᠦᠶ᠎ᠡ ᠳ᠋ᠡᠭᠡᠨ ᠬᠠᠮᠠᠭᠠᠯᠠᠨ᠎ᠠ ᠃

 

ᠦᠢᠯᠡ ᠠᠵᠢᠯ

ᠬᠤᠷᠳᠤᠨ ᠪᠦᠲᠦᠭᠰᠡᠨ ᠨᠢ

ᠤᠰᠤᠨ ᠤ᠋ ᠤᠢᠯ

ᠬᠤᠷᠤᠯᠵᠠᠭᠰᠠᠨ ᠮᠡᠲᠦ ᠃

 

ᠦᠯᠢᠭᠡᠷ ᠬᠢᠭᠡᠳ ᠥᠯᠢᠭᠦᠷ

 

ᠦᠯᠢᠭᠡᠷ ᠳᠠᠭᠤᠷᠢᠶᠠᠯ

ᠦᠢᠯᠡᠰ ᠲᠦ᠍ ᠠᠰᠢᠭᠲᠠᠢ ᠂

ᠥᠯᠢᠭᠦᠷ ᠬᠥᠰᠢᠭᠦᠷᠭᠡ

ᠡᠷᠭᠦᠬᠦ ᠳ᠋ᠦ᠍ ᠲᠤᠰᠠᠲᠠᠢ ᠃

 

ᠦᠯᠳᠡᠵᠦ ᠬᠢᠭᠡᠳ ᠦᠯᠡᠳᠡᠭᠡᠵᠦ

 

ᠦᠳᠡᠯᠦᠭᠡ ᠨᠠᠰᠤᠲᠠᠨ ᠢ᠋ᠶ᠋ᠠᠨ ᠲᠠᠨᠠᠷ

ᠦᠯᠳᠡᠵᠦ ᠬᠥᠭᠡᠭᠡᠪᠡᠯ ᠡᠯᠡᠭ ᠰᠢᠦ ᠂

ᠦᠨᠡᠨ ᠰᠡᠳᠬᠢᠯ ᠡᠴᠡ ᠪᠡᠨ ᠬᠦᠨᠳᠦᠳᠬᠡᠨ

ᠦᠯᠡᠳᠡᠭᠡᠵᠦ ᠠᠰᠠᠷᠠᠪᠠᠯ ᠴᠢᠮᠡᠭ ᠰᠢᠦ ᠃

 

ᠦᠳᠡ ᠬᠢᠭᠡᠳ ᠥᠳᠥ

 

ᠦᠳᠡ ᠶ᠋ᠢᠨ ᠨᠠᠷᠠᠨ ᠤ᠋ ᠥᠨᠳᠥᠷ ᠲᠦ᠍

ᠥᠷᠭᠡᠨ ᠲᠠᠯ᠎ᠠ ᠬᠠᠯᠠᠭᠤᠬᠠᠨ ᠂

ᠥᠳᠥ ᠰᠥᠳᠥ ᠨᠢ ᠭᠦᠢᠴᠡᠭᠰᠡᠨ

ᠥᠪᠥᠭᠡᠯᠵᠢ ᠰᠢᠪᠠᠭᠤ ᠨᠢᠰᠦᠨ᠎ᠡ ᠃

 

ᠦᠶ᠎ᠡ ᠬᠢᠭᠡᠳ ᠦᠨᠢᠶ᠎ᠡ

 

ᠬᠥᠮᠦᠨ ᠠᠮᠢᠲᠠᠨ ᠳ᠋ᠤ᠌

ᠦᠶ᠎ᠡ ᠭᠡᠰᠢᠭᠦᠦ ᠲᠡᠢ ᠂

ᠬᠦᠷᠢᠶ᠎ᠡ ᠬᠠᠰᠢᠶᠠᠨ ᠳ᠋ᠤ᠌

ᠦᠨᠢᠶ᠎ᠡ ᠲᠤᠭᠤᠯ ᠲᠠᠢ ᠃

 

ᠦᠷ ᠬᠢᠭᠡᠳ ᠦᠷᠦ

 

ᠦᠷ ᠦ᠋ᠨ ᠲᠤᠶᠠᠭ᠎ᠠ ᠰᠣᠯᠣᠩᠭᠠᠷᠠᠭᠰᠠᠨ

ᠥᠪᠥᠷ ᠮᠣᠩᠭᠣᠯ ᠰᠠᠢᠬᠠᠨ ᠂

ᠦᠷᠦ ᠵᠢᠷᠦᠬᠡ ᠶ᠋ᠢ ᠲᠠᠲᠠᠭᠰᠠᠨ

ᠥᠯᠥᠭᠡᠢ ᠨᠤᠲᠤᠭ ᠰᠠᠢᠬᠠᠨ ᠃

 

ᠦᠷ ᠬᠢᠭᠡᠳ ᠦᠷ᠎ᠡ

 

ᠦᠳᠡᠰᠢ ᠶ᠋ᠢᠨ ᠬᠠᠷᠠᠩᠭᠤᠢ ᠶ᠋ᠢ ᠵᠢᠭᠰᠢᠲᠡᠭ᠋ ᠪᠣᠯ

ᠦᠷ ᠦ᠋ᠨ ᠭᠡᠭᠡ ᠶ᠋ᠢ ᠮᠠᠭᠲᠠ ᠂

ᠡᠯᠪᠡᠭ ᠬᠤᠷᠢᠶᠠᠯᠲᠠ ᠶ᠋ᠢ ᠬᠦᠰᠡᠳᠡᠭ ᠪᠣᠯ

ᠦᠷ᠎ᠡ ᠲᠠᠷᠢᠶ᠎ᠠ ᠪᠠᠨ ᠠᠷᠴᠢ ᠃