ᠮᠢᠨᠦ ᠬᠡᠨᠵᠡ ᠬᠤᠷᠠᠭ᠎ᠠ- ᠳᠠᠰᠢᠳᠣᠷᠵᠢ ᠶᠢᠨ ᠨᠠᠴᠤᠭᠳᠣᠷᠵᠢМиний хэнз хурга-дашдоржийн нацагдорж
ᠮᠢᠨᠦ ᠬᠡᠨᠵᠡ ᠬᠤᠷᠠᠭ᠎ᠠ
ᠳ· ᠨᠠᠴᠤᠭᠳᠣᠷᠵᠢ
ᠮᠢᠨᠦ ᠬᠡᠨᠵᠡ ᠬᠤᠷᠠᠭ᠎ᠠ
ᠮᠠᠩᠨᠠᠢ ᠬᠠᠯᠵᠠᠨ ᠵᠤᠷᠪᠤᠰ ᠲᠠᠢ᠂
ᠮᠢᠩᠭᠠᠨ ᠬᠣᠨᠢᠨ ᠤ᠋ ᠳᠤᠮᠳᠠ ᠠ᠋ᠴᠠ
ᠪᠢ ᠬᠠᠷᠠᠮᠠᠭᠴᠠ ᠲᠠᠨᠢᠳᠠᠭ᠃
ᠮᠢᠷᠠᠰ ᠮᠢᠷᠠᠰ ᠮᠠᠢᠯᠠᠵᠤ
ᠨᠠᠮᠠᠶ᠋ᠢ ᠴᠢᠭᠯᠡᠭᠰᠡᠭᠡᠷ ᠢᠷᠡᠳᠡᠭ᠃
ᠲᠤᠩ ᠴᠠᠭᠠᠨ ᠦᠰᠦ ᠲᠡᠢ
ᠳᠤᠷᠠᠨ ᠬᠠᠷ᠎ᠠ ᠨᠢᠳᠦ ᠲᠡᠢ
ᠲᠦᠮᠡᠨ ᠬᠣᠨᠢᠨ ᠤ᠋ ᠳᠤᠮᠳᠠ ᠠ᠋ᠴᠠ
ᠲᠡᠭᠦᠨ ᠡᠴᠡ ᠬᠥᠭᠡᠷᠦᠬᠦᠨ ᠠᠮᠢᠲᠠᠨ ᠦᠭᠡᠢ᠃
ᠲᠥᠷᠥᠭᠰᠡᠨ ᠬᠣᠲᠠᠨ ᠳᠣᠲᠣᠷ᠎ᠠ ᠪᠠᠨ
ᠪᠢᠳᠡ ᠬᠣᠶᠠᠷ ᠲᠣᠭᠯᠠᠳᠠᠭ᠃
ᠡᠪᠦᠳᠦᠭ ᠢ᠋ᠶ᠋ᠡᠨ ᠰᠥᠭᠥᠳᠴᠦ ᠪᠠᠢᠭᠠᠳ
ᠥᠪᠡᠷ ᠦ᠋ᠨ ᠢ᠋ᠶ᠋ᠡᠨ ᠡᠵᠢ ᠶ᠋ᠢ ᠬᠥᠬᠥᠳᠡᠭ᠃
ᠡᠪᠦᠷ ᠳᠡᠭᠡᠷ᠎ᠡ ᠮᠢᠨᠢ ᠭᠠᠷᠤᠭᠠᠳ
ᠭᠥᠷᠳᠡᠮᠡᠷ ᠭᠥᠷᠳᠡᠮᠡᠷ ᠡᠷᠬᠡᠯᠡᠳᠡᠭ᠃
ᠨᠡᠰᠢ ᠴᠠᠰᠢ ᠳᠡᠭᠳᠡᠨ
ᠮᠠᠯᠴᠢᠨ ᠨᠠᠮᠠᠶ᠋ᠢ ᠪᠠᠶᠠᠰᠬᠠᠳᠠᠭ᠃
ᠮᠢᠨᠦ ᠬᠡᠨᠵᠡ ᠬᠤᠷᠠᠭ᠎ᠠ
ᠮᠠᠩᠨᠠᠢ ᠬᠠᠯᠵᠠᠨ ᠵᠤᠷᠪᠤᠰ ᠲᠠᠢ᠃
ᠮᠢᠩᠭᠠᠨ ᠬᠣᠨᠢᠨ ᠤ᠋ ᠳᠤᠮᠳᠠ ᠠ᠋ᠴᠠ
ᠪᠢ ᠬᠠᠷᠠᠮᠠᠭᠴᠠ ᠲᠠᠨᠢᠳᠠᠭ᠃
ᠮᠢᠷᠠᠰ ᠮᠢᠷᠠᠰ ᠮᠠᠢᠯᠠᠵᠤ
ᠨᠠᠮᠠᠶ᠋ᠢ ᠴᠢᠭᠯᠡᠭᠰᠡᠭᠡᠷ ᠢᠷᠡᠳᠡᠭ᠃
1933 ᠣᠨ
ᠦᠰᠦᠭ ᠠᠮᠢᠯᠠᠭᠤᠯᠤᠭᠴᠢ᠄ ᠴᠠᠬᠠᠷ ᠪᠠᠲᠤ᠂ᠭᠠᠷᠮ᠎ᠠ
ᠬᠢᠨᠠᠭᠴᠢ᠄ ᠰᠡᠬᠡᠭᠡᠷᠡᠯ᠂ ᠣᠳᠬᠠᠨᠰᠣ᠎ᠠ
