ᠬᠦᠢᠲᠡᠨ ᠰᠥᠨᠢ ᠶᠢᠨ ᠵᠢᠷᠤᠭ- ᠷ ᠴᠣᠢᠨᠣᠮХүйтэн шөнийн жирүг-р чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠢᠲᠡᠨ ᠰᠥᠨᠢ ᠶᠢᠨ ᠵᠢᠷᠤᠭ- ᠷ ᠴᠣᠢᠨᠣᠮХүйтэн шөнийн жирүг-р чойном

ᠬᠦᠢᠲᠡᠨ ᠰᠥᠨᠢ ᠶᠢᠨ ᠵᠢᠷᠤᠭ- ᠷ ᠴᠣᠢᠨᠣᠮХүйтэн шөнийн жирүг-р чойном

2023-03-23

317

ᠬᠦᠢᠲᠡᠨ ᠰᠥᠨᠢ ᠶᠢᠨ ᠵᠢᠷᠤᠭ

   ᠷ · ᠴᠣᠢᠨᠣᠮ
ᠨᠠᠮᠤᠷ ᠤ᠋ᠨ ᠬᠦᠢᠲᠡᠨ ᠪᠣᠷᠣᠭ᠎ᠠ
ᠨᠠᠷᠢᠨ ᠰᠢᠷᠬᠡᠭ ᠢ᠋ᠶ᠋ᠡᠷ ᠵᠦᠰᠡᠷᠡᠵᠦ
ᠥᠳᠬᠡᠨ ᠪᠠᠷᠠᠭᠠᠨ ᠰᠥᠨᠢ
ᠡᠷᠦᠬᠡᠨ ᠳᠡᠭᠡᠷ᠎ᠡ ᠡᠴᠡ ᠳᠠᠷᠤᠨ᠎ᠠ ᠃

ᠬᠠᠷᠠᠩᠭᠤᠢ ᠬᠦᠢᠲᠡᠨ ᠰᠠᠯᠬᠢ
ᠬᠠᠶᠠᠭᠠᠨ ᠳᠣᠣᠭᠤᠷ ᠰᠡᠩᠭᠢᠨᠡᠨ᠎ᠡ
ᠬᠠᠯᠠᠰᠢᠷᠠᠵᠤ ᠵᠠᠯᠬᠠᠭᠤᠷᠠᠭᠰᠠᠨ ᠨᠣᠬᠠᠢ
ᠬᠠᠶᠠ ᠬᠤᠴᠠᠬᠤ ᠰᠣᠨᠣᠰᠳᠠᠨ᠎ᠠ 

ᠬᠣᠷᠭᠣ ᠦᠭᠡᠢ ᠯᠡ ᠶ᠋ᠢᠨ ᠭᠠᠯ
ᠬᠣᠢᠰᠢ ᠪᠠᠨ ᠣᠷᠣᠭᠰᠢ ᠪᠠᠨ ᠲᠥᠯᠥᠨ᠎ᠡ ᠂
ᠬᠣᠶᠠᠷ ᠪᠠᠭᠠᠨ᠎ᠠ ᠶ᠋ᠢᠨ ᠰᠡᠭᠦᠳᠡᠷ
ᠬᠣᠯᠠᠳᠤᠨ ᠣᠢᠷᠠᠲᠤᠨ ᠬᠥᠳᠡᠯᠦᠨ᠎ᠡ 

ᠭᠡᠷ ᠦ᠋ᠨ ᠳᠣᠲᠣᠷ᠎ᠠ ᠵᠢᠪᠡᠷᠡᠭᠦᠨ
ᠭᠡᠭᠡ ᠮᠠᠭᠤᠲᠠᠢ ᠵᠠᠪᠠᠷᠠᠭᠠᠳ
ᠭᠡᠮ ᠲᠡᠢ ᠢᠯᠠᠭᠠᠳ ᠪᠡᠭᠡᠷᠡᠨ
ᠭᠡᠳᠡᠷᠭᠦ ᠬᠠᠷᠠᠨ ᠤᠨᠠᠨ᠎ᠠ ᠃

ᠲᠣᠮᠣᠭ᠎ᠠ ᠨᠢ ᠦᠭᠡᠢ ᠵᠢᠭᠠᠯ
ᠳᠣᠬᠢ ᠠᠯᠲᠠᠨ ᠤᠬᠢᠯᠠᠩᠨᠠᠨ᠎ᠠ
ᠣᠷᠣᠨ ᠳᠡᠭᠡᠷ᠎ᠡ ᠪᠡᠨ ᠡᠵᠢ ᠨᠢ
ᠣᠢᠮᠣᠰᠤ ᠪᠠᠨ ᠲᠠᠢᠯᠤᠨ ᠪᠥᠷᠲᠥᠭᠡᠨᠡᠨ᠎ᠡ ᠃

ᠬᠠᠶᠠᠭᠠᠨ ᠤ᠋ ᠨᠠᠮᠬᠠᠨ ᠣᠷᠣᠨ ᠳᠡᠭᠡᠷ᠎ᠡ
ᠬᠠᠳᠠᠮ ᠡᠵᠢ ᠨᠢ ᠨᠠᠮ ᠂
ᠪᠣᠯᠭᠣ ᠤᠨᠠᠭᠰᠠᠨ ᠬᠣᠵᠤᠤᠯ᠎ᠠ ᠰᠢᠬ
ᠪᠤᠭᠤᠷᠤᠯ ᠲᠣᠯᠣᠭᠠᠢ ᠨᠢ ᠰᠡᠬ᠋ᠰᠡᠢᠨ᠎ᠡ 

ᠡᠨᠳᠡᠭᠡ ᠲᠠᠯ᠎ᠠ ᠶ᠋ᠢᠨ ᠣᠷᠣᠨ ᠳ᠋ᠤ᠌
ᠡᠷᠢᠶᠡᠨ ᠬᠥᠰᠢᠭᠡ ᠲᠠᠲᠠᠭᠠᠰᠤᠲᠠᠢ
ᠥᠲᠥᠨ ᠳᠡᠷ᠎ᠡ ᠶ᠋ᠢᠨ ᠬᠢᠨᠢ ᠨᠠᠭᠠᠭᠤᠷ
ᠥᠳᠬᠡᠨ ᠭᠡᠵᠢᠭᠡ ᠤᠨᠵᠢᠭᠠᠰᠤᠲᠠᠢ 

ᠭᠤᠴᠢᠨ ᠳᠣᠯᠣᠭᠠᠨ ᠨᠣᠮᠧᠷ ᠦ᠋ᠨ
ᠭᠤᠲᠤᠯ ᠭᠡᠮᠡᠨ ᠨᠢ ᠭᠤᠲᠤᠯ
ᠣᠷᠣᠨ ᠤ᠋ ᠬᠢᠨᠢ ᠨᠠᠭᠠᠨ᠎ᠠ ᠬᠣᠶᠠᠭᠤᠯᠠᠬᠠᠨ
ᠣᠢᠮᠣᠰᠤ ᠲᠠᠲᠠᠭᠤᠷᠭ᠎ᠠ ᠲᠡᠲᠦᠢᠬᠡᠨ 

ᠵᠤᠲᠠᠷᠠᠭᠤ ᠬᠦᠢᠲᠡᠨ ᠨᠠᠮᠤᠷ
ᠡᠷᠭᠢᠨ ᠲᠣᠭᠣᠷᠢᠨ ᠰᠡᠩᠭᠢᠨᠡᠪᠡᠴᠦ
ᠵᠤᠨ ᠤ᠋ ᠭᠤᠷᠪᠠᠬᠠᠨ ᠰᠠᠷ᠎ᠠ
ᠡᠨᠡ ᠣᠷᠣᠨ ᠳᠡᠭᠡᠷ᠎ᠡ ᠦᠯᠡᠲᠡᠬ᠋ᠰᠡᠨ ᠮᠡᠲᠦ ᠁


1975.9.9

  · ᠴᠣᠢᠨᠣᠮ ᠤ᠋ᠨ ᠰᠢᠯᠦᠭ ᠵᠣᠬᠢᠶᠠᠯ ᠤ᠋ᠨ ᠬᠤᠷᠢᠶᠠᠬᠤᠢ —
ᠤᠶᠠᠩᠭ᠎ᠠ ᠶᠢᠨ ᠰᠢᠯᠦᠭ  ᠡᠴᠡ ᠬᠠᠭᠤᠯᠪᠠ ᠃

ᠪᠢ᠊ · ᠳᠠᠮᠳᠢᠨᠰᠦ᠋ᠷᠦᠩ ᠡᠮᠬᠢᠳᠬᠡᠨ ᠨᠠᠢᠷᠠᠭᠤᠯᠪᠠ
ᠬᠠᠷᠢᠭᠤᠴᠠᠭᠰᠠᠨ ᠨᠠᠢᠷᠠᠭᠤᠯᠤᠭᠴᠢ ᠄ ᠪᠣᠷᠣᠨᠣᠳ ᠳᠣᠷᠵᠢ

   ᠦᠰᠦᠭ ᠠᠮᠢᠯᠠᠭᠤᠯᠤᠭᠴᠢ ᠄ ᠴᠦᠩᠬᠤᠸᠠ
   ᠬᠢᠨᠠᠭᠴᠢ ᠄ ᠣᠲᠣᠨᠭᠡᠷᠯ