ᠬᠠᠢᠷ᠎ᠠ ᠪᠠᠨ ᠰᠢᠩᠭᠡᠭᠡᠵᠦ ᠣᠶᠣᠯ᠎ᠠ ᠳ᠋ᠠ - ᠳ ᠪᠤᠷᠮ᠎ᠠХайраа шингээж оёлоо да-т бурам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠪᠠᠨ ᠰᠢᠩᠭᠡᠭᠡᠵᠦ ᠣᠶᠣᠯ᠎ᠠ ᠳ᠋ᠠ - ᠳ ᠪᠤᠷᠮ᠎ᠠХайраа шингээж оёлоо да-т бурам

ᠬᠠᠢᠷ᠎ᠠ ᠪᠠᠨ ᠰᠢᠩᠭᠡᠭᠡᠵᠦ ᠣᠶᠣᠯ᠎ᠠ ᠳ᠋ᠠ - ᠳ ᠪᠤᠷᠮ᠎ᠠХайраа шингээж оёлоо да-т бурам

ᠠᠩᠭᠢᠯᠠᠯ:ᠳᠠᠭᠤᠤ ᠬᠥᠭᠵᠢᠮ
2023-03-23

329

ᠬᠠᠢᠷ᠎ᠠ ᠪᠠᠨ ᠰᠢᠩᠭᠡᠭᠡᠵᠦ ᠣᠶᠣᠯ᠎ᠠ ᠳ᠋ᠠ

   ᠦᠭᠡ ᠄  ᠮᠢᠭᠮᠡᠷᠰᠥ᠋ᠷᠦᠩ
   ᠠᠶ᠎ᠠ ᠄  · ᠪᠠᠯᠵᠢᠨᠢᠮ᠎ᠠ
   — 
 · ᠪᠤᠷᠮ᠎ᠠ ᠳᠠᠭᠤᠯᠠᠨ᠎ᠠ
ᠳᠥᠯᠥᠯᠡᠵᠦ ᠥᠭᠡᠳᠡ ᠪᠡᠨ ᠤᠷᠭᠤᠭᠰᠠᠨ
ᠳᠥᠷᠪᠡᠨ ᠲᠠᠯ᠎ᠠ ᠲᠠᠢ ᠮᠠᠯᠠᠭᠠᠢ ‍ᠶ᠋ᠢ ᠪᠢ
ᠳᠣᠲᠣᠨᠣ ᠴᠢᠮ᠎ᠠ ‍ᠳᠤ ᠪᠠᠨ ᠵᠣᠬᠢᠨ᠎ᠠ ᠭᠡᠵᠦ
ᠳᠣᠲᠣᠷ᠎ᠠ ᠪᠠᠨ ᠰᠠᠨᠠᠵᠤ ᠯᠠ ᠣᠶᠣᠯ᠎ᠠ ᠳ᠋ᠠ

ᠤᠲᠠᠰᠤ ᠠᠮᠢᠯᠠᠭᠤᠯᠵᠤ ᠨᠡᠢᠤᠠᠭᠡᠭᠰᠡᠨ
ᠤᠬᠠᠭᠠᠨᠲᠤ ᠲᠣᠷᠭᠠᠨ ᠲᠡᠯᠢᠩ ᠢ᠋ ᠪᠢ
ᠤᠴᠠᠷᠠᠯᠳᠤ ᠴᠢᠮ᠎ᠠ ‍ᠳᠤ ᠪᠠᠨ ᠵᠣᠬᠢᠨ᠎ᠠ ᠭᠡᠵᠦ
ᠤᠷ᠎ᠠ ᠪᠠᠨ ᠭᠠᠷᠭᠠᠵᠤ ᠯᠠ ᠣᠶᠣᠯ᠎ᠠ ᠳ᠋ᠠ

ᠠ ᠠ ᠠ ᠁
ᠤᠷ᠎ᠠ ᠪᠠᠨ ᠭᠠᠷᠭᠠᠵᠤ ᠯᠠ ᠣᠶᠣᠯ᠎ᠠ ᠳ᠋ᠠ

ᠬᠠᠷᠠᠭᠰᠠᠨ ᠪᠦᠬᠦᠨ ᠭᠠᠢᠬᠠᠮᠠᠷ
ᠬᠠᠮᠪᠤ ᠳᠡᠪᠡᠯ ᠢ᠋ ᠪᠢ
ᠬᠠᠢᠷᠠᠲᠠᠢ ᠴᠢᠮ᠎ᠠ ‍ᠳᠤ ᠪᠠᠨ ᠵᠣᠬᠢᠨ᠎ᠠ ᠭᠡᠵᠦ
ᠬᠠᠢᠷ᠎ᠠ ᠪᠠᠨ ᠰᠢᠩᠭᠡᠭᠡᠵᠦ ᠣᠶᠣᠯ᠎ᠠ ᠳ᠋ᠠ

ᠵᠢᠷᠭᠤᠭᠠᠨ ᠤᠭᠠᠯᠵᠠ ᠲᠠᠯᠪᠢᠭᠰᠠᠨ
ᠵᠣᠯᠤᠭᠲᠤ ᠨᠠᠭᠠᠮᠠᠯ ᠭᠤᠲᠤᠯ ᠢ᠋ ᠪᠢ
ᠭᠠᠭᠴᠠᠬᠠᠨ ᠴᠢᠮ᠎ᠠ ‍ᠳᠤ ᠪᠠᠨ ᠥᠭᠭᠦᠨ᠎ᠡ ᠭᠡᠵᠦ
ᠭᠠᠷ ᠢ᠋ᠶ᠋ᠠᠨ ᠭᠠᠷᠭᠠᠵᠤ ᠯᠠ ᠣᠶᠣᠯ᠎ᠠ ᠳ᠋ᠠ

ᠠ ᠠ ᠠ ᠁
ᠭᠠᠷ ᠢ᠋ᠶ᠋ᠠᠨ ᠭᠠᠷᠭᠠᠵᠤ ᠯᠠ ᠣᠶᠣᠯ᠎ᠠ ᠳ᠋ᠠ
ᠠ ᠠ ᠠ ᠁
ᠬᠠᠢᠷ᠎ᠠ ᠪᠠᠨ ᠰᠢᠩᠭᠡᠭᠡᠵᠦ ᠣᠶᠣᠯ᠎ᠠ ᠳ᠋ᠠ