ᠵᠤᠰᠠᠯᠠᠩ ᠦ᠋ᠨ ᠤᠶᠠᠩᠭᠠᠲᠤ ᠳᠠᠭᠤᠤ – ᠷ · ᠴᠣᠢᠨᠣᠮ Зуслангийн уянгат дуу – Р · Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠤᠰᠠᠯᠠᠩ ᠦ᠋ᠨ ᠤᠶᠠᠩᠭᠠᠲᠤ ᠳᠠᠭᠤᠤ – ᠷ · ᠴᠣᠢᠨᠣᠮ Зуслангийн уянгат дуу – Р · Чойном

ᠵᠤᠰᠠᠯᠠᠩ ᠦ᠋ᠨ ᠤᠶᠠᠩᠭᠠᠲᠤ ᠳᠠᠭᠤᠤ – ᠷ · ᠴᠣᠢᠨᠣᠮ Зуслангийн уянгат дуу – Р · Чойном

2023-03-23

279

ᠵᠤᠰᠠᠯᠠᠩ ᠦ᠋ᠨ ᠤᠶᠠᠩᠭᠠᠲᠤ ᠳᠠᠭᠤᠤ




   ᠵᠦᠢᠯ ᠵᠦᠢᠯ ᠦ᠋ᠨ  ᠴᠡᠴᠡᠭ ᠬᠤᠸᠠᠷ ᠡ ᠬᠦ᠋
  ᠵᠦᠯᠭᠡ ᠪᠠᠨ ᠳᠠᠭᠠᠭᠠᠳ ᠤᠷᠭᠤᠬ᠋᠎ᠠ ‍ᠤᠤ ᠳ᠋ᠠ ᠬᠦ᠋
  ᠵᠦᠢᠲᠡᠢ  ᠲᠥᠷᠥᠭᠰᠡᠨ ᠴᠢ ᠮᠢᠨᠢ ᠠ᠋ ᠬᠦ᠋
  ᠵᠢᠷᠦᠬᠡ ᠪᠡᠨ ᠳᠠᠭᠠᠭᠠᠳ ᠤᠴᠠᠷᠠᠬ᠋᠎ᠠ ‍ᠤᠤ ᠬᠦ᠋

  ᠬᠠᠶ᠋ᠢᠲᠠᠩ ᠰᠠᠨᠲᠡᠷ  ᠴᠡᠴᠡᠭ ᠬᠤᠸᠠᠷ ᠠ᠋ ᠭᠦ᠋
  ᠬᠠᠩᠭᠠᠢ ᠪᠠᠨ ᠳᠠᠭᠠᠭᠠᠳ ᠤᠷᠭᠤᠬ᠋᠎ᠠ ‍ᠤᠤ ᠬᠦ᠋
  ᠬᠠᠯᠠᠭᠤᠨ ᠵᠢᠷᠤᠮ ᠦ᠋ᠨ ᠴᠢ ᠮᠢᠨᠢ ᠡ ᠬᠦ᠋
  ᠬᠠᠶ᠋ᠢᠷ᠎ᠠ ᠪᠠᠨ ᠳᠠᠭᠠᠭᠠᠳ ᠤᠴᠠᠷᠠᠬ᠋᠎ᠠ ‍ᠤᠤ ᠳ᠋ᠠ ᠬᠦ᠋ ᠃

  ᠬᠦᠵᠢᠰ ᠦ᠋ᠨ ᠦᠨᠦᠷᠲᠦ  ᠴᠡᠴᠡᠭ ᠬᠤᠸᠠᠷ ᠡ ᠬᠦ᠋
  ᠬᠦᠷᠢᠶ᠎ᠡ ᠲᠠᠲᠠᠭᠠᠳ ᠤᠷᠭᠤᠬ᠋᠎ᠠ ‍ᠤᠤ ᠳ᠋ᠠ ᠬᠦ᠋
  ᠬᠥᠮᠦᠨ ᠪ ᠵᠢᠭᠠᠬᠠᠨ ᠴᠢ ᠮᠢᠨᠢ ᠡ  ᠬᠦ᠋ 
  ᠬᠦᠰᠡᠯ ᠶ᠋ᠢᠡᠨ ᠳᠠᠭᠠᠭᠠᠳ ᠤᠴᠠᠷᠠᠬ᠋᠎ᠠ ‍ᠤᠤ ᠳ᠋ᠠ ᠬᠦ᠋ ᠃
                  1966.7.10
        ( ᠤᠷᠤᠢ ᠪᠣᠷᠣᠭᠠᠨ ᠶ᠋ᠢᠠᠷ  ᠪᠠᠲᠤᠰᠥ᠋ᠷᠤᠩ ᠦ᠋ᠨ  ᠳᠤ ᠵᠣᠬᠢᠶᠠᠪᠠ )

        《 ᠷ ᠴᠣᠶ᠋ᠢᠨᠣᠮ ᠦ᠋ᠨ ᠰᠢᠯᠦᠭ ᠵᠣᠬᠢᠶᠠᠯ ᠦ᠋ᠨ ᠬᠤᠷᠢᠶᠠᠬᠤᠢ — 》
             — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
             ᠪᠶ᠋᠊ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
             ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠤᠳ ᠳᠣᠷᠵᠢ

              ᠦᠰᠦᠭ ᠠᠮᠢᠯᠠᠭᠤᠯᠤᠭᠴᠢ ᠄ ᠴᠣᠭᠵᠢᠷᠭᠠᠯ
                 ᠬᠢᠨᠠᠭᠴᠢ ᠄  ᠭᠠᠷᠮ᠎ᠠ ᠂ ᠣᠳᠣᠨᠭᠡᠷᠡᠯ