ᠡᠵᠢ ᠳᠡᠭᠡᠨ ᠠᠶᠤᠯᠭᠠᠵᠤ ᠬᠡᠯᠡᠭᠰᠡᠨ ᠦᠭᠡᠰ – ᠷ · ᠴᠣᠢᠨᠣᠮ Ээждээ айлгаж хэлсэн үгс – Р · Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠳᠡᠭᠡᠨ ᠠᠶᠤᠯᠭᠠᠵᠤ ᠬᠡᠯᠡᠭᠰᠡᠨ ᠦᠭᠡᠰ – ᠷ · ᠴᠣᠢᠨᠣᠮ Ээждээ айлгаж хэлсэн үгс – Р · Чойном

ᠡᠵᠢ ᠳᠡᠭᠡᠨ ᠠᠶᠤᠯᠭᠠᠵᠤ ᠬᠡᠯᠡᠭᠰᠡᠨ ᠦᠭᠡᠰ – ᠷ · ᠴᠣᠢᠨᠣᠮ Ээждээ айлгаж хэлсэн үгс – Р · Чойном

2023-03-23

277

ᠡᠵᠢ ᠳᠡᠭᠡᠨ ᠠᠶᠤᠯᠭᠠᠵᠤ ᠬᠡᠯᠡᠭᠰᠡᠨ ᠦᠭᠡᠰ

  ᠷ · ᠴᠣᠶ᠋ᠢᠨᠣᠮ

ᠡᠵᠢ ᠠ᠋ ᠨᠠᠳᠠ ᠶᠠᠭᠤ ᠴᠤ᠌ ᠬᠡᠷᠡᠭ ᠦᠭᠡᠢ

ᠡᠩᠬᠦᠷᠡᠢᠯᠡᠯ ᠴᠦ᠍ ᠬᠡᠷᠡᠭ ᠦᠭᠡᠢ ᠂ ᠵᠢᠮᠡᠯᠡᠯ ᠴᠦ᠍ ᠬᠡᠷᠡᠭ ᠦᠭᠡᠢ

ᠡᠮ ᠳᠠᠩ ᠴᠦ᠍ ᠬᠡᠷᠡᠭ ᠦᠭᠡᠢ ᠂ ᠬᠢᠲᠤᠭ᠎ᠠ ᠲᠠᠤᠬᠠᠢ ᠴᠤ᠌ ᠬᠡᠷᠡᠭ ᠦᠭᠡᠢ

ᠡᠬᠡᠨᠡᠷ ᠶᠠᠮᠠᠷ ᠨᠢ ᠴᠦ᠍ ᠬᠡᠷᠡᠭ ᠦᠭᠡᠢ ᠂ ᠭᠠᠭᠴᠠ ᠬᠦ᠌ ᠴᠡᠷᠡᠨᠳᠤᠯᠮ᠎ᠠ ᠬᠡᠷᠡᠭᠲᠡᠢ ᠃

 

ᠠᠮᠢᠳᠤᠷᠠᠯ ᠴᠡᠩᠭᠡᠯ ᠨᠢ ᠣᠯᠳᠠᠬᠤ ᠦᠭᠡᠢ ᠪᠣᠯ

ᠠᠳᠠᠭᠯᠠᠭᠠᠳ ᠪᠠᠷ᠎ᠠ ᠨᠢ ᠬᠡᠷᠡᠭᠲᠡᠢ

ᠠᠮᠠᠷᠠᠭ ᠬᠠᠶ᠋ᠢᠷ᠎ᠠ ᠨᠢ ᠣᠯᠳᠠᠬᠤ ᠦᠭᠡᠢ ᠪᠣᠯ

ᠠᠯᠠᠭ ᠨᠢᠳᠦ ᠨᠢ ᠬᠡᠷᠡᠭᠲᠡᠢ

ᠠᠯᠲᠠ ᠪᠡᠶ᠎ᠡ ᠨᠢ ᠣᠯᠳᠠᠬᠤ ᠦᠭᠡᠢ ᠪᠣᠯ ᠵᠢᠷᠤᠭ ᠬᠥᠷᠥᠭ ᠨᠢ ᠬᠡᠷᠡᠭᠲᠡᠢ

ᠠᠮᠢᠳᠤ ᠦᠬᠦᠭᠰᠡᠨ ᠰᠤᠷᠠᠭ ᠨᠢ ᠬᠡᠷᠡᠭᠲᠡᠢ

 

ᠥᠭᠡᠷ᠎ᠡ ᠶᠠᠭᠤ ᠴᠤ᠌ ᠬᠡᠷᠡᠭ ᠦᠭᠡᠢ ᠡᠵᠢ ᠠ᠋ ᠥᠷᠦᠪᠳᠦᠭᠡᠴᠢ ᠳᠡ ᠂ ᠨᠠᠮ᠎ᠠ ‍ᠶ᠋ᠢ

ᠡᠵᠢ ᠠ᠋ ᠬᠠᠷᠠᠩᠭᠤᠢ ᠰᠥᠨᠢ ᠪᠡᠷ

ᠬᠦᠦ ᠶ᠋ᠢ ᠴᠢᠨᠢ ᠭᠡᠳ ᠢᠷᠡᠳᠡᠭ ᠪᠠᠶ᠋ᠢᠬᠰᠠᠨ

ᠥᠨᠥᠴᠢᠨ ᠢᠨᠴᠠᠭ᠎ᠠ ᠰᠢᠭ᠋ ᠲᠡᠷᠡ ᠠᠮᠢᠲᠠᠨ ᠢ᠋

ᠥᠷᠥᠪᠳᠦᠭᠡᠴᠢ ᠂ ᠬᠠᠢᠷᠠᠯᠠᠭᠠᠴᠢ ᠢᠵᠢᠢ ᠮᠢᠨᠢ ᠃

 

ᠬᠥᠮᠦᠨ ᠦ᠌ ᠪᠦᠰᠡᠭᠦᠢ ᠦᠷ᠎ᠡ ᠶ᠋ᠢ ᠲᠠ ᠡᠰᠡ ᠥᠷᠥᠪᠳᠦᠪᠡᠯ

ᠬᠦᠢ ᠳᠡᠯᠡᠬᠡᠢ ᠳ᠋ᠦ᠍ ᠶᠠᠮᠠᠷ ᠡᠵᠢ ᠥᠷᠦᠪᠳᠦᠬᠦ ᠶᠦ᠍ᠮ ᠪᠣᠢ

ᠬᠦᠰᠡᠬᠦ ᠦᠭᠡᠢ ᠪᠠᠶ᠋ᠢᠭ᠎ᠠ ᠪᠣᠯ ᠪᠠᠶ᠋ᠢᠬ ᠯᠠ ᠳᠠ ᠂

ᠬᠦᠦ ᠳ᠋ᠦ᠍ ᠴᠢᠨᠢ ᠲᠠᠨ ᠤ᠋ ᠮᠢᠩᠭᠠᠨ ᠡᠩᠬᠦᠷᠡᠢᠯᠡᠯ ᠬᠡᠷᠡᠭ ᠦᠭᠡᠢ ᠃

 

ᠠᠮᠠᠷᠠᠭ ᠤ᠋ᠨ ᠮᠢᠨᠢ ᠡᠰᠡᠷᠭᠦ ᠬᠡᠯᠡᠭᠰᠡᠨ ᠭᠠᠭᠴᠠ ᠦᠭᠡ ᠴᠢᠨᠢ

ᠠᠯᠠᠭ ᠵᠢᠷᠦᠬᠡ ᠶ᠋ᠢ ᠮᠢᠨᠢ ᠵᠠᠭᠤ ᠣᠭᠲᠣᠯᠵᠤ ᠪᠠᠶ᠋ᠢᠭ᠎ᠠ ᠶ᠋ᠢ

ᠠᠶ᠎ᠠ ᠢᠵᠢᠢ ᠮᠢᠨᠢ ᠲᠠ ᠮᠡᠳᠡᠵᠦ ᠪᠠᠶ᠋ᠢᠨ᠎ᠠ ‍ᠤᠤ

ᠠᠪᠤ ᠳ᠋ᠤ᠌ ᠮᠢᠨᠢ ᠲᠠ ᠤᠷᠢᠳᠤ ᠬᠠᠶ᠋ᠢᠷᠠᠲᠠᠢ ᠪᠠᠶ᠋ᠢᠭ᠎ᠠ ᠦᠭᠡᠢ ᠭᠡᠵᠦ ‍ᠦᠦ

 

ᠬᠣᠩᠭᠣᠷ ᠢᠨᠠᠭ ᠤ᠋ᠨ ᠮᠢᠨᠢ ᠨᠠᠳᠠ ᠳ᠋ᠤ᠌ ᠲᠡᠮᠡᠦᠯᠦᠭᠰᠡᠨ ᠬᠠᠶ᠋ᠢᠷ᠎ᠠ ‍ᠶ᠋ᠢ

ᠬᠣᠷᠢᠨ ᠬᠡᠳᠦᠨ ᠨᠠᠰᠤᠨ ᠳ᠋ᠠᠭᠠᠨ ᠲᠠ ᠲᠠᠭᠠᠷᠢᠭ᠎ᠠ ᠦᠭᠡᠢ ᠭᠡᠵᠦ ‍ᠦᠦ

ᠬᠣᠶᠠᠷ ᠨᠢᠳᠦᠨ ᠦ᠌ ᠪᠡᠨ ᠨᠢᠯᠪᠤᠰᠤ ᠶ᠋ᠢ ᠠᠷᠴᠢᠨ ᠠᠷᠴᠢᠨ ᠶᠠᠪᠤᠵᠤ

ᠬᠣᠲᠠ ᠳ᠋ᠤ᠌ ᠬᠣᠷᠢᠭᠳᠠᠭᠰᠠᠨ ᠠᠪᠤ ᠤᠷᠤᠭᠤ ᠮᠢᠨᠢ ᠲᠠ ᠣᠴᠢᠭ᠎ᠠ ᠨᠢ ᠦᠭᠡᠢ ᠭᠡᠵᠦ ‍ᠦᠦ

 

ᠥᠪᠡᠷ ᠢ᠋ ᠴᠢᠨᠢ ᠲᠡᠭᠡᠵᠦ ᠶᠠᠪᠤᠬᠤ ᠳ᠋ᠤ᠌ ᠬᠡᠨ ᠦ᠌ ᠨᠢᠭᠡᠨ ᠢᠵᠢᠢ

ᠥᠴᠢᠯᠡᠵᠦ ᠢᠩᠭᠢᠵᠦ ᠬᠡᠯᠡᠭᠰᠡᠨ ᠪᠣᠯ ᠲᠠᠨ ‍ᠳᠤ ᠶᠠᠮᠠᠷ ᠪᠠᠶ᠋ᠢᠬᠤ ᠪᠣᠢ

ᠬᠡᠯᠡᠭᠦᠯᠬᠦ ᠥ ᠲᠡᠢ ᠪᠠᠶ᠋ᠢᠭ᠎ᠠ ᠠᠮᠠᠷᠠᠭ ᠤ᠋ᠨ ᠮᠢᠨᠢ ᠪᠤᠷᠤᠭᠤ ᠶᠤᠮ ‍ᠦᠦ

ᠬᠡᠷᠡᠭᠰᠡᠯ ᠦᠭᠡᠢ ᠲᠡᠮᠡᠦᠯᠵᠦ ᠪᠠᠶ᠋ᠢᠭ᠎ᠠ ᠨᠢ ᠮᠢᠨᠦ ᠪᠤᠷᠤᠭᠤ ᠶᠤᠮ ‍ᠦᠦ

 

ᠴᠡᠴᠡᠭ ᠥᠷᠭᠡᠰᠦ ᠠᠯᠠᠭᠯᠠᠭᠰᠠᠨ ᠡᠨᠡ ᠯᠡ ᠬᠣᠷᠸ᠋᠎ᠠ ᠳᠡᠭᠡᠷ᠎ᠡ ᠢᠵᠢᠢ ᠮᠢᠨᠢ ᠠ᠋

ᠴᠡᠷᠡᠨᠳᠤᠯᠮ᠎ᠠ ᠦᠭᠡᠢ ᠪᠣᠯ ᠬᠦᠦ ᠶ᠋ᠢᠨ ᠴᠢᠨᠢ ᠵᠢᠷᠦᠬᠡ ᠴᠣᠭ ᠬᠠᠳᠬᠤᠭᠤᠯᠤᠭᠠᠳ ᠪᠠᠶ᠋ᠢᠨ᠎ᠠ ᠠ᠋

ᠰᠡᠴᠡᠨ ᠲᠡᠨᠡᠭ ᠬᠣᠯᠢᠯᠳᠤᠭᠰᠠᠨ ᠽᠠᠮᠪᠤᠯᠢᠩ ᠳ᠋ᠤ᠌ ᠢᠵᠢᠢ ᠮᠢᠨᠢ ᠠ᠋

ᠴᠡᠷᠡᠨᠳᠤᠯᠮ᠎ᠠ ᠦᠭᠡᠢ ᠪᠣᠯ ᠬᠦᠦ ᠶ᠋ᠢᠨ ᠴᠢᠨᠢ ᠲᠠᠷᠢᠬᠢ ᠶᠠᠭᠤ ᠴᠤ᠌ ᠪᠣᠳᠣᠵᠤ ᠴᠢᠳᠠᠬᠤ ᠦᠭᠡᠢ ᠨᠢ ᠠ᠋

 

ᠮᠠᠭᠤᠬᠠᠢ ᠬᠦᠦ ᠭᠡᠵᠦ ᠠᠯᠠᠭ ᠦᠷ᠎ᠡ ᠶ᠋ᠢ ᠴᠢᠨᠢ ᠬᠥᠮᠦᠨ ᠬᠡᠯᠡᠭᠡ ᠦᠭᠡᠢ ᠪᠠᠶ᠋ᠢᠬᠤ ᠳ᠋ᠤ᠌

ᠮᠠᠭᠤ ᠬᠡᠦᠬᠡᠨ ᠭᠡᠵᠦ ᠠᠮᠠᠷᠠᠭ ᠢ᠋ ᠮᠢᠨᠢ ᠲᠠ ᠬᠡᠯᠡᠵᠦ ᠶᠠᠭᠠᠬᠢᠬᠤ ᠨᠢ ᠪᠣᠢ

ᠠᠯᠳᠠᠭ᠎ᠠ ᠳᠤᠲᠠᠭᠳᠠᠯ ᠤ᠋ᠨ ᠮᠢᠨᠢ ᠰᠢᠷᠬ᠎ᠠ ᠪᠦᠬᠦᠨ ᠢ᠋ ᠲᠠ ᠡᠯᠢᠭᠡ ᠪᠡᠷ  ᠢ᠋ᠶ᠋ᠡᠨ ᠬᠠᠭᠠᠭᠠᠳ

ᠠᠮᠢᠲᠠᠨ ᠳ᠋ᠤ᠌ ᠬᠠᠪᠴᠢᠭᠳᠠᠭᠰᠠᠨ ᠬᠥᠮᠦᠨ ᠦ᠌ ᠦᠷ᠎ᠡ ᠶ᠋ᠢ ᠢᠩᠭᠢᠲᠡᠯ᠎ᠡ ᠪᠡᠨ ᠶᠠᠭᠤᠨ ᠳ᠋ᠤ᠌ ᠥᠴᠢᠯᠡᠭᠡ ᠪᠣᠢ ?

 

ᠬᠠᠨ ᠬᠣᠷᠸ᠋᠎ᠠ ᠳ᠋ᠤ᠌ ᠴᠣᠷ ᠤ᠋ᠨ ᠭᠠᠭᠴᠠᠬᠠᠨ ᠢᠵᠢᠢ ᠲᠠᠨ᠎ᠠ ᠪᠢ ᠬᠠᠢᠷᠠᠯᠠᠬᠤ ᠂ ᠭᠣᠮᠣᠳᠠᠬᠤ ᠂ ᠠᠭᠤᠷᠯᠠᠬᠤ ᠵᠡᠷᠭᠡᠴᠡᠭᠡᠳ ᠪᠠᠶ᠋ᠢᠨ᠎ᠠ ᠠ᠋ ᠂

ᠥᠰᠦᠭᠰᠡᠨ ᠪᠡᠶ᠎ᠡ ᠪᠡᠨ ᠡᠪᠳᠡᠵᠦ ᠤᠬᠢᠯᠠᠨ ᠬᠠᠶ᠋ᠢᠯᠠᠨ

ᠡᠬᠡ ᠬᠥᠮᠦᠨ ᠪᠣᠯᠬᠤ ᠳ᠋ᠠᠭᠠᠨ ᠲᠠ

ᠥᠪᠡᠷ ᠦ᠋ᠨ ᠬᠢ ᠪᠡᠨ ᠬᠠᠢᠷᠠᠯᠠᠨ᠎ᠠ ᠂

ᠥᠷᠥᠭᠡᠯ ᠦ᠋ᠨ ᠬᠢ ᠭᠢᠯᠤᠶ᠋ᠢᠶ᠎ᠠ ᠭᠡᠵᠦ

ᠡᠵᠢ ᠪᠣᠯᠤᠭ᠎ᠠ ᠦᠭᠡᠢ ᠪᠢᠵᠡ ᠳᠡ ᠃

                  1974

  ᠦᠰᠦᠭ ᠠᠮᠢᠯᠠᠭᠤᠯᠤᠭᠴᠢ ᠄ ᠠᠵᠠᠵᠠᠶᠠᠭ᠎ᠠ

  ᠬᠢᠨᠠᠭᠴᠢ ᠄ ᠮᠥᠩᠭᠦᠨᠴᠡᠴᠡᠭ