ᠪᠢ ᠲᠢᠷᠡᠩ ᠪᠣᠯᠵᠤ ᠵᠡᠭᠦᠲᠦᠯᠡᠯ᠎ᠡ – ᠷ · ᠴᠣᠢᠨᠣᠮ Би дирэн болж зүүдэллээ – Р · Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠲᠢᠷᠡᠩ ᠪᠣᠯᠵᠤ ᠵᠡᠭᠦᠲᠦᠯᠡᠯ᠎ᠡ – ᠷ · ᠴᠣᠢᠨᠣᠮ Би дирэн болж зүүдэллээ – Р · Чойном

ᠪᠢ ᠲᠢᠷᠡᠩ ᠪᠣᠯᠵᠤ ᠵᠡᠭᠦᠲᠦᠯᠡᠯ᠎ᠡ – ᠷ · ᠴᠣᠢᠨᠣᠮ Би дирэн болж зүүдэллээ – Р · Чойном

2023-03-22

256

ᠪᠢ ᠲᠢᠷᠡᠩ ᠪᠣᠯᠵᠤ ᠵᠡᠭᠦᠲᠦᠯᠡᠯ᠎ᠡ


ᠪᠢ ᠲᠢᠷᠡᠩ ᠪᠣᠯᠵᠤ ᠵᠡᠭᠦᠲᠦᠯᠡᠯ᠎ᠡ
ᠪᠡᠶ᠎ᠡ ᠡᠴᠡ ᠪᠡᠨ ᠲᠣᠮᠣ ᠠᠯᠲᠠ ᠶ᠋ᠢ ᠡᠷᠭᠦᠵᠦ ᠪᠠᠶ᠋ᠢᠨ᠎ᠠ ᠭᠡᠵᠦ ᠵᠡᠭᠦᠲᠦᠯᠡᠯ᠎ᠡ
ᠪᠢᠰᠢᠳ ᠬᠥᠮᠦᠰ ᠲᠤ ᠲᠡᠭᠦᠨ ᠊ᠢ ᠪᠡᠨ ᠬᠤᠪᠢᠶᠠᠨ ᠥᠭᠴᠦ ᠪᠠᠶ᠋ᠢᠨ᠎ᠠ ᠭᠡᠵᠦ ᠵᠡᠭᠦᠲᠦᠯᠡᠯ᠎ᠡ
ᠪᠢ ᠴᠢ ᠭᠡᠵᠦ ᠬᠡᠷᠡᠯᠲᠦᠬᠦ ᠶ᠋ᠢ ᠨᠢ ᠴᠢᠩᠨᠠᠩᠬᠠᠨ ᠵᠡᠭᠦᠲᠦᠯᠡᠯ᠎ᠡ

ᠠᠯᠲᠠ ᠠᠪᠤᠭᠰᠠᠨ ᠨᠢ ᠨᠠᠮᠠᠶ᠋ᠢ ᠦᠨᠦᠰᠴᠦ ᠪᠠᠶ᠋ᠢᠨ᠎ᠠ ᠭᠡᠵᠦ ᠵᠡᠭᠦᠲᠦᠯᠡᠯ᠎ᠡ
ᠠᠯᠲᠠ ᠠᠪᠤᠬ᠋᠎ᠠ ᠦᠭᠡᠢ ᠨᠢ ᠨᠠᠮᠠᠶ᠋ᠢ ᠦᠬᠦ ᠭᠡᠵᠦ ᠪᠠᠶ᠋ᠢᠨ᠎ᠠ ᠭᠡᠵᠦ ᠵᠡᠭᠦᠲᠦᠯᠡᠯ᠎ᠡ
ᠠᠯᠲᠠ ᠬᠥᠮᠦᠨ ᠡᠴᠡ ᠦᠨᠡᠲᠡᠢ ᠪᠠᠶ᠋ᠢᠲᠠᠭ  ᠭᠡᠳᠡᠭ
ᠠᠨᠠᠢ ᠯᠠ ᠪᠠᠰᠠ ᠬᠡᠪ ᠶ᠋ᠢᠡᠷ ᠶ᠋ᠢᠡᠨ ᠯᠠ ᠶᠤᠮ ᠪᠠᠶ᠋ᠢᠨ᠎ᠠ ᠳ᠋ᠠ ᠃

ᠪᠢ ᠲᠢᠷᠡᠩ ᠪᠣᠯᠵᠤ ᠵᠡᠭᠦᠲᠦᠯᠡᠯ᠎ᠡ
ᠪᠢᠷ ᠶ᠋ᠢᠡᠷ ᠵᠢᠷᠤᠰᠢ ᠦᠭᠡᠢ ᠭᠤᠸ᠋᠎ᠠ ᠳᠦᠷᠢ ᠶ᠋ᠢ ᠣᠯᠵᠤ ᠵᠡᠭᠦᠲᠦᠯᠡᠯ᠎ᠡ
ᠪᠢᠯᠢᠭ᠌ ᠦ᠋ᠨ ᠴᠠᠭᠠᠨ ᠰᠠᠷᠠᠨᠠᠢ ᠰᠢᠭ᠋ ᠪᠦᠰᠡᠭᠦᠢ  ᠳᠤ ᠣᠴᠢᠵᠤ ᠪᠠᠶ᠋ᠢᠨ᠎ᠠ ᠭᠡᠵᠦ ᠵᠡᠭᠦᠲᠦᠯᠡᠯ᠎ᠡ
ᠪᠢᠲᠡᠭᠡᠢ ᠶᠠᠪᠤᠭᠠᠴᠢ ᠠ᠋ ! ᠭᠡᠵᠦ ᠭᠤᠶᠤᠬᠤ ᠶ᠋ᠢ ᠨᠢ ᠰᠣᠨᠣᠰᠴᠤ ᠪᠠᠶ᠋ᠢᠨ᠎ᠠ ᠭᠡᠵᠦ ᠵᠡᠭᠦᠲᠦᠯᠡᠯ᠎ᠡ

ᠨᠠᠲᠠ ᠲᠠᠢ ᠣᠶ᠋ᠢᠷᠠᠲᠤᠭᠰᠠᠨ ᠨᠢ ᠤᠴᠠᠷᠠᠨ ᠬᠠᠶ᠋ᠢᠵᠤ ᠪᠠᠶ᠋ᠢᠨ᠎ᠠ ᠭᠡᠵᠦ ᠵᠡᠭᠦᠲᠦᠯᠡᠯ᠎ᠡ
ᠨᠠᠲᠠ ᠲᠠᠢ ᠣᠶ᠋ᠢᠷᠠᠤᠠᠬᠤ ᠭᠡᠵᠦ ᠪᠤᠰᠤᠳ ᠨᠢ ᠤᠷᠤᠯᠲᠤᠵᠤ ᠪᠠᠶ᠋ᠢᠨ᠎ᠠ ᠭᠡᠵᠦ ᠵᠡᠭᠦᠲᠦᠯᠡᠯ᠎ᠡ
ᠨᠠᠷᠢᠨ ᠤᠬᠠᠭᠠᠨ ᠠ᠋ᠴᠠ ᠥᠩᠭᠡ ᠴᠢᠷᠠᠢ ᠂ ᠢᠯᠡᠭᠦᠦ ᠪᠠᠶ᠋ᠢᠬᠰᠠᠨ  ᠭᠡᠳᠡᠭ
ᠨᠠᠮᠲᠠᠬ᠋᠎ᠠ ᠦᠭᠡᠢ ᠲᠣᠣᠷᠠᠲᠠᠬ᠋᠎ᠠ ᠶᠤᠮ ᠰᠢᠪ ᠳ᠋ᠡ ᠃

ᠪᠢ ᠲᠢᠷᠡᠩ ᠪᠣᠯᠵᠤ ᠵᠡᠭᠦᠲᠦᠯᠡᠯ᠎ᠡ
ᠪᠢᠴᠢᠭᠰᠡᠨ ᠨᠣᠮ ᠶ᠋ᠢᠠᠨ ᠥᠪᠡᠷ ᠶ᠋ᠢᠡᠨ ᠬᠡᠪᠯᠡᠵᠦ ᠪᠠᠶ᠋ᠢᠨ᠎ᠠ ᠭᠡᠵᠦ ᠵᠡᠭᠦᠲᠦᠯᠡᠯ᠎ᠡ
ᠪᠢᠰᠢᠳ ᠨᠥᠬᠥᠳ ᠦ᠋ᠨ ᠶ᠋ᠢᠡᠨ ᠪᠦᠲᠦᠭᠡᠯ ᠊ᠢ ᠪᠣᠲᠢᠯᠠᠵᠤ ᠪᠠᠶ᠋ᠢᠨ᠎ᠠ ᠭᠡᠵᠦ ᠵᠡᠭᠦᠲᠦᠯᠡᠯ᠎ᠡ
ᠪᠢᠰᠢᠭᠦᠢ ᠣᠯᠠᠨ ᠮᠢᠩᠬ᠋᠎ᠠ ᠪᠠᠷ ᠨᠢ ᠬᠤᠪᠢᠯᠠᠵᠤ ᠪᠠᠶ᠋ᠢᠨ᠎ᠠ ᠭᠡᠵᠦ ᠵᠡᠭᠦᠲᠦᠯᠡᠯ᠎ᠡ

ᠰᠢᠯᠦᠭ ᠊ᠢ ᠮᠢᠨᠢ ᠳᠠᠷᠤᠵᠤ ᠪᠠᠶ᠋ᠢᠬᠰᠠᠨ ᠬᠥᠮᠦᠰ ᠦᠨᠦᠰᠴᠦ ᠪᠠᠶ᠋ᠢᠨ᠎ᠠ ᠭᠡᠵᠦ ᠵᠡᠭᠦᠲᠦᠯᠡᠯ᠎ᠡ
ᠰᠢᠭᠦᠮᠵᠢᠯᠡᠨ ᠳᠠᠭᠠᠷᠢᠵᠤ ᠪᠠᠶ᠋ᠢᠬᠰᠠᠨ ᠬᠥᠮᠦᠰ 
    ᠨᠠᠮ ᠦ᠋ᠨ 《 ᠦᠨᠡᠨ 》  ᠳᠤ ᠮᠠᠭᠲᠠᠵᠤ ᠪᠠᠶ᠋ᠢᠨ᠎ᠠ ᠭᠡᠵᠦ ᠵᠡᠭᠦᠲᠦᠯᠡᠯ᠎ᠡ
ᠵᠢᠤᠠᠬᠦᠯ ᠡᠴᠡ ᠵᠢᠰᠤᠷ ᠨᠢ ᠦᠨᠡᠲᠡᠢ ᠪᠠᠶ᠋ᠢᠬᠰᠠᠨ ᠭᠡᠳᠡᠭ
ᠵᠦᠭᠡᠷ ᠪᠣᠯᠤᠬ᠋᠎ᠠ ᠦᠭᠡᠢ ᠤᠯᠠᠮ ᠲᠣᠣᠷᠠᠲᠠᠬ᠋᠎ᠠ ᠶᠤᠮ ᠰᠢᠪ ᠳ᠋ᠡ ᠃

ᠪᠢ ᠲᠢᠷᠡᠩ ᠪᠣᠯᠵᠤ ᠵᠡᠭᠦᠲᠦᠯᠡᠯ᠎ᠡ
ᠪᠢᠰᠢ ᠬᠥᠮᠦᠰ ᠊ᠢ ᠴᠢᠲᠠᠬᠤ ᠭᠡᠵᠦ
ᠳᠠᠯᠠᠢ ᠲᠢᠪ ᠦ᠋ᠨ ᠡᠮ᠎ᠡ ᠮᠠᠩᠭᠤᠰ ᠲᠠᠢ
ᠳᠠᠭᠠᠭᠠᠮᠠᠢ ᠠᠮᠠᠷᠠᠭ ᠪᠣᠯᠤᠨ ᠬᠠᠨᠢᠯᠠᠯ᠎ᠠ ᠭᠡᠵᠦ ᠵᠡᠭᠦᠲᠦᠯᠡᠯ᠎ᠡ ᠃

    《 ᠷ  ᠴᠣᠢᠨᠣᠮ ᠦ᠋ᠨ ᠰᠢᠯᠦᠭ ᠵᠣᠬᠢᠶᠠᠯ ᠦ᠋ᠨ ᠬᠤᠷᠢᠶᠠᠬᠤᠢ — 》
       — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
       ᠪᠶ᠋᠊ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
       ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠤᠳ ᠳᠣᠷᠵᠢ

     ᠦᠰᠦᠭ  ᠠᠮᠢᠯᠠᠭᠤᠯᠤᠭᠴᠢ ᠄ ᠪᠠᠶᠠᠨᠰᠡᠷᠡᠩ
       ᠬᠢᠨᠠᠭᠴᠢ ᠄  ᠮᠦᠩᠭᠦᠨᠴᠡᠴᠡᠭ