ᠮᠤᠤᠷ – ᠷ ᠂ᠴᠣᠢᠨᠣᠮ Муур – Р · Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠤᠤᠷ – ᠷ ᠂ᠴᠣᠢᠨᠣᠮ Муур – Р · Чойном

ᠮᠤᠤᠷ – ᠷ ᠂ᠴᠣᠢᠨᠣᠮ Муур – Р · Чойном

2023-03-22

399

ᠮᠤᠤᠷ    ( ᠨᠠᠷᠭᠢᠶ᠎ᠠ ᠰᠢᠯᠦᠭ )


ᠠᠶ᠋ᠢᠯ ᠦ᠋ᠨ ᠬᠠᠭᠠᠯᠬ᠋᠎ᠠ ᠳᠡᠰᠭᠦᠭᠡᠳᠡᠭ ᠦᠭᠡᠢ ᠨᠣᠭᠣᠭᠠᠨ ᠳ᠋ᠣᠣ ᠭᠤᠸᠠᠢ ᠰᠢᠭ᠋
ᠠᠶ᠋ᠢᠬᠤᠪᠲᠤᠷ ᠬᠤᠯᠠᠭᠠᠶ᠋ᠢᠴᠢ ᠮᠤᠤᠷ ᠬᠠᠶᠠᠬ᠋᠎ᠠ ᠪᠠᠷ ᠰᠢᠷᠭᠤᠪᠠ 
ᠠᠮᠢᠰᠬᠤᠭᠠᠲᠠᠨ ᠳ᠋ᠣᠣ ᠭᠤᠸᠠᠢ ᠬᠠᠨᠲᠠ ᠲᠠᠢ ᠪᠠᠨ ᠰᠠᠶ᠋ᠢᠮᠰᠤᠷᠠᠬᠤ ᠰᠢᠭ᠋
ᠠᠮᠠ ᠴᠢᠯᠥᠭᠡ ᠦᠭᠡᠢ ᠮᠤᠤᠷ ᠱᠠᠯᠠᠷ ᠱᠠᠯᠠᠷ ᠵᠠᠵᠢᠯᠪᠠ ᠃

ᠬᠡᠷᠡᠭ ᠦᠭᠡᠢ  ᠴᠤ᠌ ᠭᠡᠰᠡᠨ ᠬᠡᠷᠡᠭᠲᠡᠢ ᠳ᠋ᠡᠭᠡᠨ  ᠬᠡᠷᠡᠭᠲᠡᠢ
ᠬᠡᠨ ᠭᠤᠸᠠᠢ ᠶ᠋ᠢᠨ ᠬᠠᠨᠲᠠ ᠶ᠋ᠢ ᠳ᠋ᠣᠣ ᠭᠤᠸᠠᠢ ᠠᠪᠤᠭᠠᠳ ᠶᠠᠪᠤᠴᠢᠬᠠᠭᠰᠠᠨ  ᠰᠢᠭ᠋
ᠭᠡᠲᠦ ᠰᠠᠶ᠋ᠢᠬᠠᠨ ᠪᠢᠰᠢ ᠴᠤ᠌ ᠥᠴᠦᠭᠡᠲᠦᠷᠬᠡᠨ ᠴᠢᠨᠠᠭᠰᠠᠨ
ᠭᠡᠰᠡᠭᠬᠡᠨ ᠵᠠᠶ᠋ᠢᠲᠠᠰᠤ ᠶ᠋ᠢ ᠮᠢᠨᠢ ᠮᠤᠤᠷ ᠠᠪᠤᠭᠠᠳ ᠶᠠᠪᠤᠴᠢᠬᠠᠯ᠎ᠠ ᠃

       《 ᠷ · ᠴᠣᠶ᠋ᠢᠨᠣᠮ ‍ᠤᠨ ᠰᠢᠯᠦᠭ ᠵᠣᠬᠢᠶᠠᠯ ‍ᠤᠨ ᠬᠤᠷᠢᠶᠠᠬᠤᠢ 》 
          — ᠤᠶᠠᠩᠭ᠎ᠠ ‍ᠶ᠋ᠢᠨ ᠰᠢᠯᠦᠭ ᠠ᠋ᠴᠠ ᠬᠠᠭᠤᠯᠪᠠ ᠃
          ᠪᠢ᠊ ·  ᠳᠠᠮᠳᠢᠨᠰᠦ᠋ᠷᠦᠩ ᠡᠮᠬᠢᠳᠬᠡᠨ ᠨᠠᠶ᠋ᠢᠷᠠᠭᠤᠯᠪᠠ
          ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠣᠳ ᠳᠣᠷᠵᠢ

    ᠦᠰᠦᠭ  ᠠᠮᠢᠯᠠᠭᠤᠯᠤᠭᠴᠢ ᠄ ᠤᠨᠲᠤᠷᠮ᠎ᠡ
       ᠬᠢᠨᠠᠭᠴᠢ ᠪᠠᠭᠰᠢ ᠄  ᠭᠠᠷᠮ᠎ᠠ