ᠰᠠᠶ᠋ᠢᠨ ᠬᠡᠦᠬᠡᠳ ᠪᠣᠯᠤᠶ᠎ᠠ – ᠭᠦᠷᠵᠠᠪ Сайн хүүхэд болъё    –   Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠶ᠋ᠢᠨ ᠬᠡᠦᠬᠡᠳ ᠪᠣᠯᠤᠶ᠎ᠠ – ᠭᠦᠷᠵᠠᠪ Сайн хүүхэд болъё    –   Гүржав

ᠰᠠᠶ᠋ᠢᠨ ᠬᠡᠦᠬᠡᠳ ᠪᠣᠯᠤᠶ᠎ᠠ – ᠭᠦᠷᠵᠠᠪ Сайн хүүхэд болъё    –   Гүржав

2023-03-22

253

ᠰᠠᠶ᠋ᠢᠨ ᠬᠡᠦᠬᠡᠳ ᠪᠣᠯᠤᠶ᠎ᠠ


                ᠭᠦᠷᠵᠠᠪ

 ᠡᠨᠡ ᠲᠡᠷᠡ ᠶ᠋ᠢ ᠠᠪᠤᠨ᠎ᠠ ᠪᠠᠷᠢᠨ᠎ᠠ ᠭᠡᠵᠦ
 ᠡᠵᠢ ᠠᠪᠤ ᠪᠠᠨ ᠵᠣᠪᠠᠭᠠᠵᠤ ᠭᠠᠰᠠᠯᠭᠠᠲᠠᠭ
 ᠡᠷᠬᠡ ᠬᠡᠦᠬᠡᠳ ᠪᠤᠤ ᠪᠣᠯᠤᠶ᠎ᠠ
 ᠡᠷᠲᠡᠮ ᠨᠣᠮ  ᠳᠤ ᠬᠢᠴᠢᠶᠡᠵᠦ ᠰᠢᠮᠲᠠᠵᠤ
 ᠡᠯᠲᠡᠩ ᠪᠦᠲᠦᠮᠵᠢ ᠣᠯᠬᠤ ᠪᠠᠷ  ᠲᠡᠮᠡᠴᠡᠳᠡᠭ
 ᠡᠷᠬᠢᠮ ᠰᠤᠷᠲᠠᠯ ᠲᠠᠢ ᠬᠡᠦᠬᠡᠳ ᠪᠣᠯᠤᠶ᠎ᠠ
 ᠪᠤᠷᠤᠭᠤ ᠵᠥᠪ ᠊ᠢ ᠲᠤᠩᠭᠠᠵᠤ ᠢᠯᠭᠠᠯ ᠦᠭᠡᠢ
 ᠪᠣᠲᠣᠭᠰᠠᠨ ᠰᠠᠨᠠᠭᠰᠠᠨ ᠶ᠋ᠢᠠᠷ ᠶ᠋ᠢᠠᠨ ᠠᠭᠠᠰᠢᠯᠠᠵᠤ  ᠦᠢᠯᠡᠳᠳᠡᠭ
 ᠪᠤᠯᠢᠬᠠᠢ ᠬᠡᠦᠬᠡᠳ ᠪᠤᠤ ᠪᠣᠯᠤᠶ᠎ᠠ
 ᠪᠤᠰᠤᠳ ᠦ᠋ᠨ ᠶᠠᠪᠤᠲᠠᠯ ᠊ᠢ ᠢᠯᠡᠭᠦᠦ ᠪᠣᠲᠣᠯᠬᠢᠯᠠᠵᠤ
 ᠪᠠᠭᠤᠷᠠᠢ ᠳᠣᠷᠣᠢ ᠪᠡᠨ ᠪᠣᠲᠤᠯᠲᠠᠢ ᠬᠠᠪᠰᠤᠷᠲᠠᠭ
 ᠪᠣᠯᠪᠠᠰᠤᠨ ᠮᠣᠷᠠᠯ ᠲᠠᠢ ᠬᠡᠦᠬᠡᠳ ᠪᠣᠯᠤᠶ᠎ᠠ
 ᠬᠡᠨ ᠬᠥᠮᠦᠨ ᠴᠦ᠍ ᠬᠠᠮᠢᠶᠠᠷᠬᠤ ᠡᠷᠬᠡ ᠦᠭᠡᠢ
 《  ᠬᠡᠷᠡᠭ 》 《 ᠤᠴᠢᠷ  》 ᠪᠣᠯ ᠮᠢᠨᠦᠬᠢ  ᠭᠡᠳᠡᠭ
 ᠬᠡᠭᠵᠡᠭᠡᠷ ᠬᠡᠦᠬᠡᠳ ᠪᠤᠤ ᠪᠣᠯᠤᠶ᠎ᠠ
 ᠬᠡᠵᠢᠶ᠎ᠡ ᠪᠣᠯᠪᠠᠴᠤ ᠳᠠᠷᠤᠤ ᠨᠣᠮᠣᠬᠠᠨ
 ᠬᠡᠭᠡᠨᠴᠡᠷ ᠭᠤᠸ᠋᠎ᠠ ᠦᠵᠡᠯ ᠰᠡᠤᠠᠬᠢᠯᠭᠡ ᠲᠡᠢ
 ᠬᠢᠴᠢᠶᠡᠮᠡᠲᠡᠬᠡᠢ ᠯᠠᠪᠲᠠᠭᠤᠨ ᠬᠡᠦᠬᠡᠳ ᠪᠣᠯᠤᠶ᠎ᠠ ᠃

ᠢᠷᠡᠯᠲᠡ ᠄  ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄  ᠪᠣᠷᠭᠢᠯ
         ᠬᠢᠨᠠᠭᠴᠢ ᠄  ᠪᠠᠶᠠᠷᠴᠡᠴᠡᠭ
      2023 ᠂3 ᠂14 ᠪ ᠡᠲᠦᠷ