ᠬᠠᠪᠤᠷ ᠢᠷᠡᠲᠡᠭ – ᠭᠦᠷᠵᠠᠪ Хавар ирдэг – Гүржав
ᠬᠠᠪᠤᠷ ᠢᠷᠡᠲᠡᠭ
ᠭᠦᠷᠵᠡᠪ
ᠨᠠᠢ᠍ᠮᠠᠨ ᠬᠠᠨᠠᠲᠤ ᠶ᠋ᠢᠨ ᠮᠢᠨᠢ ᠲᠣᠭᠣᠨᠣᠨ ᠳᠤ
ᠨᠠᠷᠠᠨ ᠪ ᠢᠯᠴᠢ ᠶ᠋ᠢ ᠣᠶ᠋ᠢᠷᠠᠲᠤᠭᠤᠯᠵᠤ
ᠨᠠᠶ᠋ᠢᠵᠠᠯᠠᠵᠤ ᠶᠠᠪᠤᠲᠠᠭ ᠪᠢᠲᠡᠨ ᠳᠤ
ᠨᠠᠰᠤᠨ ᠪ ᠬᠤᠲᠤᠭ ᠊ᠢ ᠨᠡᠮᠡᠭᠰᠡᠭᠡᠷ
ᠬᠠᠪᠤᠷ ᠢᠷᠡᠳᠡᠭ
ᠬᠠᠩᠭᠠᠢ ᠶ᠋ᠢᠨ ᠴᠠᠭᠠᠨ ᠨᠠᠭᠤᠷ ᠲᠦ
ᠬᠣᠯᠠ ᠶ᠋ᠢᠨ ᠰᠢᠪᠠᠭᠤ ᠨᠤᠭᠤᠳ ᠊ᠢ ᠱᠤᠮᠪᠠᠭᠤᠯᠵᠤ
ᠬᠠᠶ᠋ᠢᠷᠠᠲᠠᠢ ᠴᠡᠩᠬᠡᠷ ᠨᠤᠲᠤᠭ ᠲᠤ ᠮᠢᠨᠢ
ᠲᠦᠯ ᠦ᠋ᠨ ᠳᠠᠭᠤᠨ ᠊ᠢ ᠱᠤᠤᠭᠢᠭᠤᠯᠤᠭᠰᠠᠭᠠᠷ
ᠬᠠᠪᠤᠷ ᠢᠷᠡᠳᠡᠭ
ᠬᠠᠲᠠ ᠪᠢᠲᠡ ᠬᠣᠶᠠᠷ ᠦ᠋ᠨ
ᠰᠤᠷᠭᠠᠭᠤᠯᠢ ᠳ᠋ᠠᠭᠠᠨ ᠶᠠᠪᠤᠬᠤ ᠶ᠋ᠢ ᠤᠭᠲᠤᠵᠤ
ᠬᠠᠷᠢᠵᠤ ᠢᠷᠡᠭᠰᠡᠨ ᠪ ᠳᠠᠷᠠᠬ᠋᠎ᠠ
ᠬᠢᠴᠢᠶᠡᠯ ᠳ᠋ᠡᠭᠡᠨ ᠰᠢᠮᠲᠠᠬᠤ ᠶ᠋ᠢ ᠰᠠᠨᠠᠭᠤᠯᠤᠭᠰᠠᠭᠠᠷ
ᠬᠠᠪᠤᠷ ᠢᠷᠡᠳᠡᠭ ᠃
ᠢᠷᠡᠯᠲᠡ ᠄
ᠭᠦᠷᠵᠡᠪ ᠦ᠋ᠨ ᠵᠣᠬᠢᠶᠠᠭᠰᠠᠨ 《 ᠬᠡᠦᠬᠡᠳ ᠨᠠᠰᠤ ᠰᠠᠶ᠋ᠢᠬᠠᠨ 》 ᠭᠡᠬᠦ ᠨᠣᠮ ᠠ᠋ᠴᠠ ᠬᠠᠭᠤᠯᠤᠨ ᠪᠢᠴᠢᠪᠡ ᠃
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠰᠢᠨᠬᠤᠸᠠ ᠪᠢᠴᠢᠭ᠌ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ ᠃
2004 ᠣᠨ ᠪ9 ᠰᠠᠷ᠎ᠠ ᠳᠤ ᠠᠩᠬᠠᠲᠤᠭᠠᠷ ᠬᠡᠪ ᠊ᠢ ᠬᠢᠪᠠ
2004 ᠣᠨ ᠪ9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ3 ᠰᠠᠷ᠎ᠠ ᠶ᠋ᠢᠨ14 ᠪ ᠡᠲᠦᠷ ᠃
