ᠪᠥᠮᠪᠥᠷᠴᠡᠭ ᠶ᠋ᠢᠡᠨ ᠬᠠᠶ᠋ᠢᠷᠠᠯᠠᠵᠤ ᠶᠠᠪᠤᠶ᠎ᠠ – ᠭᠦᠷᠵᠠᠪ Бөмбөрцгөө хайрлаж явъя – Гүржав
ᠪᠥᠮᠪᠥᠷᠴᠡᠭ ᠶ᠋ᠢᠡᠨ ᠬᠠᠶ᠋ᠢᠷᠠᠯᠠᠵᠤ ᠶᠠᠪᠤᠶ᠎ᠠ
ᠭᠦᠷᠵᠠᠪ
ᠬᠥᠮᠦᠨ ᠬᠠᠷ᠎ᠠ ᠲᠡᠷᠢᠭᠦᠲᠡᠨ ᠪ
ᠬᠦᠢᠰᠦ ᠵᠠᠯᠭᠠᠬᠤ ᠳᠤᠯᠠᠭᠠᠨ ᠥᠯᠥᠭᠡᠢ
ᠬᠦᠢᠰ ᠠᠯᠠᠭ ᠴᠡᠴᠡᠭᠡᠰ ᠦ᠋ᠨ
ᠬᠦᠯ ᠲᠣᠭᠲᠠᠨᠢᠬᠤ ᠬᠠᠯᠠᠭᠤᠨ ᠰᠢᠷᠣᠢ
ᠪᠥᠮᠪᠥᠷᠴᠡᠭ ᠮᠢᠨᠢ ᠪᠠᠶ᠋ᠢᠬ᠋᠎ᠠ ᠪᠢᠯᠡ
ᠪᠦᠭᠦᠲᠡ ᠣᠯᠠᠨ ᠪ ᠡᠵᠢ ᠪᠠᠶ᠋ᠢᠬ᠋᠎ᠠ ᠪᠢᠯᠡ
ᠪᠥᠭᠡᠴᠡᠶ᠋ᠢᠯᠡᠵᠦ ᠬᠠᠶ᠋ᠢᠷᠠᠯᠠᠵᠤ ᠶᠠᠪᠤᠶ᠎ᠠ
ᠦᠢ ᠲᠦᠮᠡᠨ ᠦᠢᠯᠡᠰ ᠠᠲᠠᠯ ᠦ᠋ᠨ
ᠦᠨᠲᠦᠰᠦᠯᠡᠵᠦ ᠨᠠᠮᠠᠭᠠᠯᠠᠬᠤ ᠲᠣᠷᠭᠠᠨ ᠬᠥᠷᠥᠰᠥ
ᠥᠨᠲᠥᠷ ᠲᠦ ᠵᠢᠷᠭᠢᠬᠦ ᠬᠦᠰᠡᠯ ᠮᠥᠷᠥᠭᠡᠲᠦᠯ ᠦ᠋ᠨ
ᠥᠭᠡᠲᠡᠯᠡᠵᠦ ᠨᠠᠮᠢᠷᠠᠬᠤ ᠳᠠᠷᠬᠠᠨ ᠭᠣᠯᠣᠮᠲᠠ
ᠪᠥᠮᠪᠥᠷᠴᠡᠭ ᠮᠢᠨᠢ ᠪᠠᠶ᠋ᠢᠬ᠋᠎ᠠ ᠪᠢᠯᠡ
ᠪᠦᠭᠦᠲᠡ ᠣᠯᠠᠨ ᠪ ᠳᠦᠰᠢᠭ ᠪᠠᠶ᠋ᠢᠬ᠋᠎ᠠ ᠪᠢᠯᠡ
ᠪᠦᠲᠦᠭᠡᠵᠦ ᠴᠣᠭᠴᠠᠯᠠᠵᠤ ᠶᠠᠪᠤᠶ᠎ᠠ
ᠪᠤᠮᠠ ᠰᠠᠶᠠᠨ ᠡᠳ᠋ ᠡᠷᠲᠡᠨᠢᠰ ᠦ᠋ᠨ
ᠪᠤᠷᠭᠢᠯᠵᠤ ᠤᠨᠲᠤᠷᠬᠤ ᠠᠭᠤᠷᠬᠠᠢ ᠰᠠᠩ
ᠪᠣᠯᠪᠠᠰᠤᠨ ᠶᠣᠰᠣᠷᠬᠠᠭ ᠣᠶᠤᠨ ᠪ ᠶᠢᠷᠲᠢᠨᠴᠦᠰ ᠦ᠋ᠨ
ᠪᠣᠰᠴᠤ ᠰᠦᠨᠲᠡᠷᠯᠡᠬᠦ ᠪᠦᠲᠦᠨ ᠳᠡᠨᠵᠢ
ᠪᠥᠮᠪᠥᠷᠴᠡᠭ ᠮᠢᠨᠢ ᠪᠠᠶ᠋ᠢᠬ᠋᠎ᠠ ᠪᠢᠯᠡ
ᠪᠦᠭᠦᠲᠡ ᠣᠯᠠᠨ ᠪ ᠬᠥᠷᠥᠩᠭᠡ ᠪᠠᠶ᠋ᠢᠬ᠋᠎ᠠ ᠪᠢᠯᠡ
ᠪᠦᠭᠦᠲᠡᠭᠡᠷ ᠲᠦᠰᠢᠵᠦ ᠡᠷᠭᠦᠵᠦ ᠶᠠᠪᠤᠶ᠎ᠠ ᠃
ᠢᠷᠡᠯᠲᠡ ᠄ ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠲᠡᠰᠢᠮᠡ
ᠦᠰᠦᠭ ᠬᠢᠨᠠᠭᠴᠢ ᠄ ᠪᠠᠶᠠᠷᠴᠡᠴᠡᠭ
2023 ᠣᠨ ᠪ 3 ᠰᠠᠷ᠎ᠠ ᠶ᠋ᠢᠨ13 ᠪ ᠡᠲᠦᠷ ᠃
