ᠠᠷᠪᠠᠨ ᠰᠠᠷ᠎ᠠ ᠶ᠋ᠢᠨ ᠨᠢᠭᠡᠨ – ᠭᠦᠷᠵᠠᠪ Арван сарын нэгэн   – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠪᠠᠨ ᠰᠠᠷ᠎ᠠ ᠶ᠋ᠢᠨ ᠨᠢᠭᠡᠨ – ᠭᠦᠷᠵᠠᠪ Арван сарын нэгэн   – Гүржав

ᠠᠷᠪᠠᠨ ᠰᠠᠷ᠎ᠠ ᠶ᠋ᠢᠨ ᠨᠢᠭᠡᠨ – ᠭᠦᠷᠵᠠᠪ Арван сарын нэгэн   – Гүржав

2023-03-22

282

ᠠᠷᠪᠠᠨ ᠰᠠᠷ᠎ᠠ ᠶ᠋ᠢᠨ ᠨᠢᠭᠡᠨ


                   ᠭᠦᠷᠵᠡᠪ 

ᠠᠷᠪᠠᠨ ᠰᠠᠷ᠎ᠠ ᠶ᠋ᠢᠨ ᠨᠢᠭᠡᠨ ᠪᠣᠯ 
ᠠᠭᠤᠤ ᠤᠯᠤᠰ ᠦ᠋ᠨ ᠮᠢᠨᠢ ᠪᠠᠶ᠋ᠢᠭᠤᠯᠤᠭᠲᠠᠭᠰᠠ ᠡᠲᠦᠷ 
ᠠᠲᠠᠭᠠᠲᠠᠨ ᠳᠠᠶ᠋ᠢᠰᠤᠨ ᠪ ᠳᠠᠷᠤᠯᠠᠯ ᠠ᠋ᠴᠠ ᠮᠤᠯᠲᠤᠷᠠᠵᠤ 
ᠠᠷᠠᠤᠠᠴᠢᠯᠠᠭᠰᠠᠨ ᠵᠠᠰᠠᠭᠲᠤ ᠲᠥᠷᠥ ᠪᠡᠨ ᠪᠣᠰᠬᠠᠵᠤ 
ᠠᠰ ᠦ᠋ᠨ ᠡᠷᠬᠡ ᠪᠡᠨ  ᠡᠳ᠋ᠯᠡᠭᠰᠡᠨ ᠡᠲᠦᠷ 
ᠠᠷᠪᠠᠨ ᠰᠠᠷ᠎ᠠ ᠶ᠋ᠢᠨ ᠨᠢᠭᠡᠨ ᠪᠣᠯ  
ᠠᠷᠠᠳ ᠲᠦᠮᠡᠨ ᠪ ᠮᠢᠨᠢ  ᠥᠨᠳᠡᠢᠭᠰᠡᠨ ᠡᠲᠦᠷ 
ᠠᠯᠠᠯᠬ᠋᠎ᠠ ᠂ ᠬᠢᠲᠤᠯᠬ᠋᠎ᠠ ᠶ᠋ᠢᠨ ᠲᠠᠮᠤ ᠠ᠋ᠴᠠ ᠠᠩᠭᠢᠵᠢᠷᠠᠵᠤ 
ᠠᠮᠤᠷ ᠵᠢᠷᠭᠠᠯ ᠦ᠋ᠨ ᠵᠠᠮ ᠶ᠋ᠢᠠᠨ ᠡᠯᠭᠦᠵᠦ
ᠠᠵᠠ ᠬᠡᠢ ᠮᠣᠷᠢ ᠪᠠᠨ ᠮᠠᠨᠲᠤᠭᠤᠯᠤᠭᠰᠠᠨ ᠡᠲᠦᠷ
ᠠᠷᠪᠠᠨ ᠰᠠᠷ᠎ᠠ ᠶ᠋ᠢᠨ ᠨᠢᠭᠡᠨ ᠪᠣᠯ
ᠠᠬᠠᠮᠠᠳ ᠬᠤᠪᠢᠰᠬᠠᠯᠴᠢᠳ ᠦ᠋ᠨ ᠮᠢᠨᠢ ᠠᠪᠴᠢᠷᠠᠭᠰᠠᠨ ᠡᠲᠦᠷ
ᠠᠷᠢᠭᠤᠨ ᠤᠯᠠᠭᠠᠨ ᠴᠢᠰᠤ ᠪᠠᠨ ᠤᠷᠤᠰᠬᠠᠵᠤ
ᠠᠯᠲᠠ ᠡᠷᠲᠡᠨᠢ ᠶ᠋ᠢᠨ ᠠᠮᠢ ᠪᠠᠨ ᠥᠷᠡᠭᠳᠡᠭᠦᠯᠵᠦ
ᠠᠰᠢᠲᠠ ᠮᠥᠩᠬᠡ ᠠᠪᠴᠢᠷᠠᠭᠰᠠᠨ ᠡᠲᠦᠷ
ᠠᠷᠪᠠᠨ ᠰᠠᠷ᠎ᠠ ᠶ᠋ᠢᠨ ᠨᠢᠭᠡᠨ ᠪᠣᠯ
ᠠᠴᠢᠲᠤ ᠡᠪᠦᠭᠡ  ᠶ᠋ᠢᠨ ᠮᠢᠨᠢ ᠱᠠᠭᠰᠢᠲᠠᠭ ᠡᠲᠦᠷ
ᠠᠩᠬᠠᠨ ᠪ ᠨᠡᠶ᠋ᠢᠭᠡᠮ ᠦ᠋ᠨ ᠦᠨᠲᠦᠰᠦ ᠶ᠋ᠢ ᠲᠠᠰᠤᠯᠵᠤ
ᠠᠯᠢᠪᠠ ᠵᠣᠪᠠᠯᠠᠩ ᠦ᠋ᠨ ᠬᠣᠣᠷ ᠊ᠢ ᠠᠷᠢᠯᠭᠠᠭᠰᠠᠨ ᠴᠠᠭ ᠭᠡᠳ
ᠠᠬᠢᠨ ᠳᠠᠬᠢᠨ ᠳᠤᠷᠠᠰᠬᠤ ᠡᠲᠦᠷ
ᠠᠷᠪᠠᠨ ᠰᠠᠷ᠎ᠠ ᠶ᠋ᠢᠨ ᠨᠢᠭᠡᠨ ᠪᠣᠯ
ᠠᠪᠠᠬ᠋᠎ᠠ ᠠᠨᠢᠶ᠎ᠠ ᠨᠠᠷ ᠦ᠋ᠨ ᠮᠢᠨᠢ ᠬᠠᠷᠠᠲᠠᠭ ᠡᠲᠦᠷ
ᠠᠮᠠᠷᠠᠯᠲᠠ ᠲᠠᠯᠪᠢᠵᠤ ᠂ ᠨᠠᠭᠠᠤᠠᠴᠤ ᠵᠤᠭᠠᠴᠠᠨ᠎ᠠ
ᠠᠵᠢᠯ ᠬᠢᠲᠡᠯ ᠦ᠋ᠨ ᠴᠢᠯᠥᠭᠡ ᠪᠡᠨ ᠲᠠᠯᠪᠢᠨ᠎ᠠ ᠭᠡᠳ
ᠠᠮᠢᠵᠢᠬ᠋᠎ᠠ ᠴᠢᠯᠥᠭᠡ ᠦᠭᠡᠢ ᠬᠠᠷᠠᠲᠠᠭ ᠡᠲᠦᠷ
ᠠᠷᠤ ᠨᠤᠲᠤᠭ ᠦ᠋ᠨ ᠬᠡᠦᠬᠡᠳ ᠪᠢᠲᠡ
ᠠᠷᠪᠠᠨ ᠰᠠᠷ᠎ᠠ ᠶ᠋ᠢᠨ ᠨᠢᠭᠡᠨ ᠪ
ᠠᠲᠠᠪᠠᠰᠢ ᠠᠭᠤᠯᠭᠠᠲᠤ ᠡᠨᠡ ᠪᠠᠶᠠᠷ ᠶ᠋ᠢᠠᠨ
ᠠᠯᠠᠬ᠋᠎ᠠ ᠪᠠᠨ ᠳᠡᠯᠭᠡᠨ ᠪᠠᠶᠠᠷᠯᠠᠨ ᠤᠭᠲᠤᠨ᠎ᠠ
ᠠᠶᠠᠯᠭᠤ ᠳᠠᠭᠤᠤ ᠪᠠᠷ ᠶ᠋ᠢᠠᠨ ᠤᠷᠢᠨ ᠤᠭᠲᠤᠨ᠎ᠠ !

 ᠢᠷᠡᠯᠲᠡ ᠄  ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

     ᠦᠰᠦᠭ ᠠᠮᠢᠯᠠᠭᠤᠯᠤᠭᠴᠢ ᠄   ᠤᠷᠠᠨᠴᠡᠴᠡᠭ
         ᠬᠢᠨᠠᠭᠴᠢ ᠄  ᠪᠠᠶᠠᠷᠴᠡᠴᠡᠭ
         2023 ᠂3 ᠂13 ᠪ ᠡᠲᠦᠷ