ᠵᠡᠭᠦᠲᠦᠯᠡᠭᠡ ᠦᠭᠡᠢ ᠵᠢᠷᠦᠬᠡ – ᠷ ᠂ᠴᠣᠢᠨᠣᠮ Зүүдлээгүй зүрх – Р · Чойном
ᠵᠡᠭᠦᠲᠦᠯᠡᠭᠡ ᠦᠭᠡᠢ ᠵᠢᠷᠦᠬᠡ
ᠠᠩᠬ᠎ᠠ ᠪᠠᠬ᠋᠎ᠠ ᠠ᠋ᠴᠠ ᠪᠠᠨ ᠥᠨᠥᠲᠥᠷ ᠊ᠢ ᠬᠦᠷᠲᠡᠯ᠎ᠡ ᠪᠢ
ᠠᠷᠪᠠᠨ ᠭᠤᠷᠪᠠᠨ ᠮᠢᠩᠬ᠋᠎ᠠ 785 ᠰᠥᠨᠢ
ᠠᠶᠤᠵᠤ ᠂ ᠪᠠᠶᠠᠰᠴᠤ ᠂ ᠰᠠᠨᠲᠤᠷᠵᠤ ᠂ ᠲᠠᠶ᠋ᠢᠪᠤᠰᠢᠷᠠᠵᠤ
ᠠᠰᠤᠷᠤ ᠣᠯᠠᠨ ᠵᠡᠭᠦᠲᠦ ᠶ᠋ᠢ ᠦᠨ᠎ᠡ ᠦᠭᠡᠢ ᠺᠢᠨᠣ᠋ ᠰᠢᠭ᠋ ᠦᠵᠡᠵᠡᠢ ᠃
ᠡᠪᠦᠭᠡᠷᠡᠵᠦ ᠂ ᠵᠠᠯᠠᠭᠤᠰᠠᠵᠤ ᠬᠣᠶᠠᠷ ᠬᠤᠪᠢ ᠪᠣᠯᠵᠤ ᠴᠤ᠌ ᠵᠡᠭᠦᠲᠦᠯᠡᠯᠡ
ᠡᠪᠡᠤᠠᠴᠢᠯᠡᠵᠦ ᠂ ᠡᠲᠡᠭᠡᠷᠡᠵᠦ ᠂ ᠠᠩ ᠠᠮᠢᠲᠠᠨ ᠪᠣᠯᠵᠤ ᠴᠤ᠌ ᠵᠡᠭᠦᠲᠦᠯᠡᠯᠡ
ᠥᠨᠲᠥᠷ ᠡᠴᠡ ᠤᠨᠠᠵᠤ ᠂ ᠤᠰᠤᠨ ᠳᠤ ᠵᠢᠪᠴᠦ ᠴᠤ᠌ ᠵᠡᠭᠦᠲᠦᠯᠡᠯᠡ
ᠥᠪᠡᠷ ᠶ᠋ᠢᠡᠨ ᠦᠬᠦᠵᠦ ᠂ ᠥᠪᠡᠷ ᠊ᠢ ᠪᠠᠨ ᠣᠷᠣᠰᠢᠭᠤᠯᠵᠤ ᠴᠤ᠌ ᠵᠡᠭᠦᠲᠦᠯᠡᠯᠡ ᠃
ᠬᠥᠮᠦᠨ ᠪ ᠬᠡᠦᠬᠡᠨ ᠴᠢᠮ᠎ᠠ ᠲᠠᠢ ᠬᠠᠨᠢᠯᠠᠵᠤ ᠴᠤ᠌ ᠵᠡᠭᠦᠲᠦᠯᠡᠯᠡ
ᠬᠡᠦᠬᠡᠳ ᠪᠠᠭᠠᠴᠤᠤᠯ ᠲᠥᠷᠥᠭᠦᠯᠦᠨ ᠨᠠᠶ᠋ᠢᠷᠯᠠᠵᠤ ᠴᠤ᠌ ᠵᠡᠭᠦᠲᠦᠯᠡᠯᠡ
ᠬᠠᠷᠢᠨ ᠴᠢᠮᠠᠶ᠋ᠢ ᠲᠡᠲᠤᠶ᠋ᠢᠴᠢᠨᠡᠭᠡᠨ ᠶᠡᠬᠡ ᠬᠠᠶ᠋ᠢᠷ᠎ᠠ ᠠᠮᠠᠯᠠᠭᠠᠳ
ᠬᠠᠶ᠋ᠢᠬᠤᠷᠬᠤ ᠦᠭᠡᠢ ᠪᠣᠯᠴᠢᠬᠠᠨ᠎ᠠ ᠭᠡᠵᠦ ᠣᠭᠲᠣ ᠵᠡᠭᠦᠲᠦᠯᠡᠭᠰᠡᠨ ᠦᠭᠡᠢ ᠃
ᠤᠭᠤᠬᠢᠯᠠᠵᠤ ᠪᠠᠶ᠋ᠢᠬᠰᠠᠨ ᠰᠢᠭᠤᠷᠬ᠋ᠠ ᠭᠡᠨᠡᠤᠠᠲᠡ ᠨᠠᠮᠲᠠᠬᠤ ᠰᠢᠭ᠋
ᠤᠷᠭᠤᠵᠤ ᠪᠠᠶ᠋ᠢᠬᠰᠠᠨ ᠮᠣᠲᠣ ᠣᠷᠣ ᠦᠭᠡᠢ ᠰᠢᠲᠠᠬᠤ ᠰᠢᠭ᠋
ᠤᠨᠲᠤᠷᠴᠤ ᠪᠠᠶ᠋ᠢᠬᠰᠠᠨ ᠪᠤᠯᠠᠭ ᠮᠥᠷ ᠦᠭᠡᠢ ᠰᠢᠷᠭᠢᠬᠦ ᠰᠢᠭ᠌
ᠣᠴᠢᠬ ᠬᠠᠲᠠᠭᠤ ᠬᠤᠪᠢᠷᠠᠯᠲᠠ ᠴᠢᠨᠢ ᠵᠡᠭᠦᠲᠦᠨ ᠳᠤ ᠬᠦᠷᠲᠡᠯ᠎ᠡ ᠪᠠᠬᠲᠠᠭᠰᠠᠨ ᠦᠭᠡᠢ ᠃
ᠠᠪᠴᠢᠷᠠᠬᠤ ᠵᠢᠷᠭᠠᠯ ᠴᠢᠨᠢ ᠭᠡᠷ ᠲᠤ ᠪᠠᠬᠲᠠᠭᠰᠠᠨ ᠦᠭᠡᠢ
ᠠᠯᠲᠨᠩᠬᠠᠨ ᠪᠡᠶ᠎ᠡ ᠴᠢᠨᠢ ᠡᠪᠦᠷ ᠲᠤ ᠪᠠᠬᠲᠠᠭᠰᠠᠨ ᠦᠭᠡᠢ ᠂
ᠠᠭᠠᠰᠢ ᠵᠠᠩ ᠴᠢᠨᠢ ᠵᠡᠭᠦᠲᠦᠨ ᠳᠤ ᠪᠠᠬᠲᠠᠭᠰᠠᠨ ᠦᠭᠡᠢ
ᠠᠯᠤᠰ ᠬᠣᠵᠢᠮ ᠴᠢᠨᠢ ᠰᠡᠤᠠᠬᠢᠯ ᠳᠤ ᠪᠠᠬᠲᠠᠭᠰᠠᠨ ᠦᠭᠡᠢ ᠃
ᠤᠴᠢᠷ ᠢᠢᠮᠦ ᠡᠴᠡ ᠴᠢ ᠪᠢᠲᠡ ᠬᠣᠶᠠᠷ ᠦ᠋ᠨ
ᠤᠯᠤᠰ ᠠ᠋ᠴᠠ ᠨᠢᠭᠤᠴᠠᠬᠠᠢ ᠪᠢᠴᠢᠬᠠᠨ ᠳᠤᠷᠠᠯᠠᠯ
ᠪᠣᠭᠣᠨᠢᠬᠠᠨ ᠴᠤ᠌ ᠭᠡᠯᠡ ᠂ ᠡᠨᠡ ᠨᠠᠰᠤᠨ ᠪ ᠮᠢᠨᠢ
ᠪᠣᠲᠠᠲᠠᠢ ᠲᠡᠦᠬᠡᠨ ᠳᠤ ᠪᠠᠰᠠ ᠪᠠᠬᠲᠠᠭᠰᠠᠨ ᠦᠭᠡᠢ ᠃
1975.8.20
《 ᠷ · ᠴᠣᠶ᠋ᠢᠨᠣᠮ ᠤᠨ ᠰᠢᠯᠦᠭ ᠵᠣᠬᠢᠶᠠᠯ ᠤᠨ ᠬᠤᠷᠢᠶᠠᠬᠤᠢ — 》
— ᠤᠶᠠᠩᠭ᠎ᠠ ᠶ᠋ᠢᠨ ᠰᠢᠯᠦᠭ ᠠ᠋ᠴᠠ ᠬᠠᠭᠤᠯᠪᠠ ᠃
ᠪᠢ᠊ · ᠳᠠᠮᠳᠢᠨᠰᠦ᠋ᠷᠦᠩ ᠡᠮᠬᠢᠳᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠣᠳ ᠳᠣᠷᠵᠢ
ᠦᠰᠦᠭ ᠠᠮᠢᠯᠠᠭᠤᠯᠤᠭᠰᠠᠨ ᠄ ᠲᠣᠲᠣᠭᠡᠷᠡᠯ
ᠬᠢᠨᠠᠭᠴᠢ ᠄ ᠮᠥᠩᠭᠦᠨᠴᠡᠴᠡᠭ
