ᠢᠷᠠᠭᠤ ᠨᠠᠢᠷᠠᠭ ᠢᠶᠠᠨ ᠵᠣᠬᠢᠶᠠ- ᠪᠣᠷᠵᠢᠭᠢᠨ ᠣᠳᠬᠣᠨᠪᠠᠶᠠᠷЯруу найргаа зохио-боржгин отгонбаяр
ᠢᠷᠠᠭᠤ ᠨᠠᠢᠷᠠᠭ ᠢᠶᠠᠨ ᠵᠣᠬᠢᠶᠠ
— ᠪᠣᠷᠵᠢᠭᠢᠨ ᠣᠳᠬᠣᠨᠪᠠᠶᠠᠷ
ᠳᠡᠯᠡᠬᠡᠢ ᠶ᠋ᠢᠨ ᠢᠷᠠᠭᠤ ᠨᠠᠢᠷᠠᠭ ᠲᠤ᠌
ᠲᠦᠭ ᠲᠦᠮᠡᠨ
ᠮᠣᠩᠭᠣᠯᠴᠤᠳ ᠠ᠋
ᠲᠤᠰᠬᠠᠢᠯᠠᠨ ᠴᠠᠭ ᠪᠡᠯᠡᠳᠬᠡᠭᠡᠳ
ᠳᠥᠷᠪᠡᠨ ᠮᠥᠷ ᠦ᠋ᠨ ᠰᠢᠯᠦᠭ ᠊ᠢ
ᠲᠦᠷᠭᠡᠨ ᠰᠢᠭ ᠪᠢᠴᠢᠭᠡᠳ ᠲᠠᠷᠬᠠᠭ᠎ᠠ
ᠨᠠᠢᠷᠠᠭ ᠰᠢᠯᠦᠭ ᠦ᠋ᠨ ᠡᠳᠦᠷ ᠲᠦ᠍
ᠨᠡᠢᠲᠡ ᠣᠯᠠᠨ
ᠮᠣᠩᠭᠣᠯᠴᠤᠳ ᠠ᠋
ᠨᠢᠭᠡ ᠵᠢᠭᠠᠬᠠᠨ ᠴᠠᠭ
ᠭᠠᠷᠭᠠᠭᠠᠳ
ᠨᠡᠯᠢᠶᠡᠳ ᠰᠠᠢᠬᠠᠨ ᠰᠢᠯᠦᠭᠯᠡᠭᠡᠳ
ᠨᠡᠢᠭᠡᠮ ᠳᠡᠭᠡᠷ᠎ᠡ
ᠰᠣᠨᠢᠷᠬᠠᠭᠤᠯ
ᠬᠣᠲᠠ ᠬᠥᠳᠡᠭᠡ ᠶ᠋ᠢᠨ ᠰᠤᠷᠤᠭᠴᠢᠳ
ᠬᠢᠴᠢᠶᠡᠯ ᠦ᠋ᠨ ᠵᠠᠪᠰᠠᠷ ᠢ᠋ᠶ᠋ᠠᠷ ᠵᠠᠪᠳᠤᠨ
ᠬᠠᠭᠤᠳᠠᠰᠤ ᠴᠠᠭᠠᠰᠤ ᠪᠠᠨ ᠨᠡᠭᠡᠭᠡᠨ
ᠬᠡᠳᠦᠨ ᠪᠠᠳᠠᠭ ᠢ᠋ᠶ᠋ᠠᠷ ᠵᠣᠬᠢᠶᠠᠭᠠᠳ
ᠬᠠᠮᠲᠤ ᠰᠤᠷᠤᠭᠴᠢ ᠳ᠋ᠠᠭᠠᠨ ᠦᠵᠡᠭᠦᠯ
ᠰᠣᠶᠣᠯ ᠮᠡᠳᠡᠯᠭᠡ ᠲᠡᠢ ᠵᠠᠯᠠᠭᠤᠴᠤᠳ
ᠴᠢᠯᠥᠭᠡ ᠵᠠᠪᠰᠠᠷ ᠢ᠋ᠶ᠋ᠠᠨ ᠦᠵᠡᠨ
ᠴᠠᠭᠠᠰᠤ ᠪᠢᠷ ᠢ᠋ᠶ᠋ᠡᠨ ᠭᠠᠷᠭᠠᠨ
ᠰᠢᠯᠦᠭ ᠬᠡᠳᠦ ᠶ᠋ᠢ ᠪᠢᠴᠢᠭᠡᠳ
ᠰᠦᠯᠵᠢᠶ᠎ᠡ ᠬᠣᠯᠪᠣᠭ ᠡ ᠪᠡᠷ ᠶᠠᠪᠤᠭᠤᠯ
ᠢᠳᠡᠷ ᠨᠠᠰᠤᠨ ᠤ᠋ ᠬᠥᠮᠦᠰ
ᠠᠵᠢᠯ ᠤ᠋ᠨ ᠴᠢᠯᠥᠭᠡ ᠪᠡᠨ ᠠᠰᠢᠭᠯᠠᠨ
ᠦᠵᠦᠭ ᠪᠢᠷ ᠢ᠋ᠶ᠋ᠡᠨ ᠡᠷᠭᠢᠭᠦᠯᠦᠨ
ᠢᠷᠠᠭᠤ ᠨᠠᠢᠷᠠᠭ ᠨᠠᠢᠷᠠᠭᠤᠯᠤᠭᠠᠳ
ᠸᠢᠴᠠᠲ ᠬᠣᠯᠪᠣᠭ᠎ᠠ ᠪᠠᠷ ᠳᠠᠮᠵᠢᠭᠤᠯ
ᠪᠤᠭᠤᠷᠤᠯ ᠪᠣᠯᠤᠭᠰᠠᠨ
ᠬᠥᠭᠰᠢᠴᠦᠳ
ᠪᠣᠰᠴᠤ ᠬᠡᠪᠲᠡᠬᠦ ᠶ᠋ᠢᠨ ᠴᠢᠯᠥᠭᠡᠨ ᠳ᠋ᠦ᠍
ᠪᠢᠷ ᠴᠠᠭᠠᠰᠤ ᠪᠠᠨ ᠳᠡᠯᠭᠡᠨ
ᠪᠢᠴᠢᠭ ᠦᠰᠦᠭ ᠢ᠋ᠶ᠋ᠡᠨ ᠡᠷᠢᠶᠡᠴᠢᠭᠡᠳ
ᠪᠣᠯᠵᠣᠭ᠎ᠠ ᠬᠣᠯᠪᠣᠭ᠎ᠠ ᠪᠠᠷ ᠲᠦᠭᠡᠭᠡ
ᠢᠷᠠᠭᠤ ᠨᠠᠢᠷᠠᠭ ᠤ᠋ᠨ ᠡᠳᠦᠷ ᠲᠦ᠍ ᠪᠡᠨ
ᠦᠰᠦᠭ ᠪᠢᠴᠢᠭ ᠢ᠋ᠶ᠋ᠡᠨ ᠬᠦᠨᠳᠦᠳᠬᠡᠨ
ᠠᠮᠠᠷᠠᠵᠤ ᠰᠠᠭᠤᠬᠤ ᠶ᠋ᠢᠨ ᠴᠢᠯᠥᠭᠡᠨ ᠳ᠋ᠦ᠍
ᠦᠵᠡᠵᠦ ᠬᠠᠷᠠᠭᠰᠠᠨ ᠢ᠋ᠶ᠋ᠠᠨ ᠰᠠᠨᠠᠭᠠᠯᠵᠠᠨ
ᠦᠨᠡᠨ ᠪᠣᠳᠠᠲᠠᠢ ᠪᠠᠷ ᠪᠢᠴᠢᠭᠯᠡᠭᠡᠷᠡᠢ
ᠪᠦᠬᠦ ᠳᠡᠯᠡᠬᠡᠢ ᠶ᠋ᠢᠨ ᠨᠠᠢᠷᠠᠭ ᠲᠤ᠌ ᠪᠠᠨ
ᠪᠠᠶᠠᠯᠢᠭ ᠮᠣᠩᠭᠣᠯ ᠦᠰᠦᠭ ᠢ᠋ᠶ᠋ᠡᠷ ᠢ᠋ᠶ᠋ᠡᠨ
ᠪᠣᠯᠪᠠᠰᠤᠷᠠᠩᠭᠤᠢ ᠰᠠᠢᠬᠠᠨ ᠰᠢᠯᠦᠭᠯᠡᠭᠡᠳ
ᠪᠣᠯᠵᠣᠭ᠎ᠠ ᠬᠣᠯᠪᠣᠭ᠎ᠠ ᠪᠠᠷ ᠳᠠᠮᠵᠢᠭᠤᠯᠤᠭᠠᠳ
ᠪᠦᠭᠦᠳᠡ ᠮᠣᠩᠭᠣᠯᠴᠤᠳ ᠲᠠᠭᠠᠨ ᠦᠵᠡᠭᠦᠯᠦᠭᠡᠷᠡᠢ
2023 ᠂ᠣᠨ ᠤ᠋ 3 ᠂21 ᠦ᠌
ᠳᠡᠯᠡᠬᠡᠢ ᠶ᠋ᠢᠨ ᠢᠷᠠᠭᠤ ᠨᠠᠢᠷᠠᠭ ᠤ᠋ᠨ ᠡᠳᠦᠷ ᠲᠦ᠍ ᠵᠣᠷᠢᠭᠤᠯᠪᠠ
᠃
ᠠᠮᠢᠯᠠᠭᠤᠯᠤᠭᠴᠢ ᠄ ᠳ ᠣᠶᠤᠨᠪᠢᠯᠢᠭ᠌
ᠬᠢᠨᠠᠭᠴᠢ ᠄ ᠭᠠᠷᠮ᠎ᠠ
