ᠲᠠᠪᠢᠯᠠᠩ- ᠴᠢᠨᠣ᠎ᠠ ᠬᠠᠮᠲᠤᠯᠢᠭТавилан-чино хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠪᠢᠯᠠᠩ- ᠴᠢᠨᠣ᠎ᠠ ᠬᠠᠮᠲᠤᠯᠢᠭТавилан-чино хамтлаг

ᠲᠠᠪᠢᠯᠠᠩ- ᠴᠢᠨᠣ᠎ᠠ ᠬᠠᠮᠲᠤᠯᠢᠭТавилан-чино хамтлаг

ᠠᠩᠭᠢᠯᠠᠯ:ᠳᠠᠭᠤᠤ ᠬᠥᠭᠵᠢᠮ
2023-03-22

284

ᠲᠠᠪᠢᠯᠠᠩ

ᠲᠠᠪᠢᠯᠠᠩ- ᠴᠢᠨᠣ᠎ᠠ ᠬᠠᠮᠲᠤᠯᠢᠭ

   ᠴᠢᠨᠣ᠎ᠠ ᠬᠠᠮᠲᠤᠯᠢᠭ
ᠬᠠᠲᠠᠭᠤ ᠠᠮᠢᠳᠤᠷᠠᠯ ᠤ᠋ᠨ ᠪᠣᠱᠣᠭ᠎ᠠ ᠶ᠋ᠢ ᠪᠦᠳᠦᠴᠢᠨ ᠳᠠᠪᠠᠭᠠᠳ
ᠬᠠᠷᠠᠩᠭᠤᠢ ᠣᠷᠴᠢᠯᠠᠩ ᠤ᠋ᠨ ᠭᠡᠷᠡᠯ ᠊ᠢ ᠣᠯᠬᠤ ᠭᠡᠵᠦ ᠲᠡᠮᠡᠦᠯᠵᠦ ᠶᠠᠪᠤᠨ᠎ᠠ
ᠲᠡᠮᠡᠦᠯᠦᠭᠰᠡᠭᠡᠷ ᠴᠦ᠍ ᠪᠠᠢᠬᠤ ᠯᠠ ᠪᠣᠯᠤᠨ᠎ᠠ
ᠬᠣᠶᠠᠷ ᠢᠳᠡᠬᠦ ᠦᠭᠡᠢ ᠬᠣᠭᠣᠰᠣᠨ ᠬᠣᠨᠣᠬᠤ ᠦᠭᠡᠢ
ᠬᠣᠷᠣᠰᠬᠤ ᠴᠤ᠌ ᠦᠭᠡᠢ ᠠᠲᠠᠭᠠᠷᠬᠠᠬᠤ ᠴᠤ᠌ ᠦᠭᠡᠢ ᠪᠣᠳᠣᠵᠤ ᠯᠠ ᠶᠠᠪᠤᠨ᠎ᠠ
ᠪᠣᠳᠣᠭᠰᠠᠭᠠᠷ ᠴᠤ᠌ ᠪᠠᠢᠬᠤ ᠯᠠ ᠪᠣᠯᠤᠨ᠎ᠠ
ᠲᠡᠢᠮᠦ ᠳ᠋ᠡᠭᠡᠨ ᠴᠦ᠍ ᠪᠢ ᠡᠨᠡ ᠬᠣᠷᠸ᠋᠎ᠠ ᠶ᠋ᠢᠨ ᠬᠠᠲᠠᠭᠤ ᠶ᠋ᠢ ᠰᠥᠷᠦᠨ᠎ᠡ
ᠲᠡᠭᠡᠵᠦ ᠬᠡᠯᠡᠬᠦ ᠨᠡᠷ᠎ᠡ ᠳ᠋ᠦ᠍ ᠪᠡᠨ ᠭᠤᠲᠤᠷᠠᠯ ᠦᠭᠡᠢ ᠶᠠᠪᠤᠨ᠎ᠠ
ᠡᠢᠮᠦ ᠳ᠋ᠡᠭᠡᠨ ᠴᠦ᠍ ᠪᠢ ᠡᠨᠡ ᠬᠣᠷᠸ᠋᠎ᠠ ᠶ᠋ᠢᠨ ᠬᠠᠲᠠᠭᠤ ᠶ᠋ᠢ ᠰᠥᠷᠦᠨ᠎ᠡ
ᠡᠨᠡᠬᠡᠨ ᠬᠤᠪᠢ ᠵᠠᠶᠠᠭᠠᠨ ᠳ᠋ᠠᠭᠠᠨ ᠭᠤᠲᠤᠷᠠᠯ ᠦᠭᠡᠢ ᠶᠠᠪᠤᠨ᠎ᠠ
ᠮᠢᠨᠦ ᠲᠠᠪᠢᠯᠠᠩ ᠡᠭᠦᠷᠢᠳᠡ ᠶ᠋ᠢᠨ ᠪᠠᠢᠵᠤ ᠪᠣᠯᠤᠨ᠎ᠠ
ᠵᠠᠭᠤᠷᠠᠳᠤ ᠶ᠋ᠢᠨ ᠪᠠᠢᠵᠤ ᠪᠣᠯᠤᠨ᠎ᠠ
ᠮᠥᠩᠬᠡ ᠶ᠋ᠢᠨ ᠪᠠᠢᠵᠤ ᠪᠣᠯᠤᠨ᠎ᠠ ᠬᠠᠮᠢᠶ᠎ᠠ ᠦᠭᠡᠢ

ᠬᠤᠳᠠᠯ ᠬᠡᠯᠡᠯ ᠦᠭᠡᠢ ᠬᠤᠯᠠᠭᠠᠢ ᠴᠤ᠌ ᠬᠢᠯ ᠦᠭᠡᠢ
ᠬᠥᠮᠦᠨ ᠰᠢᠭ ᠰᠠᠶᠢᠬᠠᠨ ᠠᠮᠢᠳᠤᠷᠠᠬᠤ ᠶ᠋ᠢ ᠪᠢ ᠬᠦᠰᠡᠬᠦ ᠯᠡ ᠪᠣᠯᠤᠨ᠎ᠠ
ᠬᠦᠰᠡᠭᠰᠡᠭᠡᠷ ᠴᠦ᠍ ᠪᠠᠢᠬᠤ ᠯᠠ ᠪᠣᠯᠤᠨ᠎ᠠ
ᠣᠬᠢᠨ ᠣᠯᠳᠠᠬᠤ ᠦᠭᠡᠢ ᠡᠨᠡᠬᠡᠨ ᠠᠮᠢᠳᠤᠷᠠᠯ
ᠠᠯᠠᠭ ᠬᠣᠷᠸ᠋᠎ᠠ ᠶ᠋ᠢᠨ ᠵᠠᠮ ᠶᠣᠰᠣᠭᠠᠷ ᠠᠮᠢᠳᠤᠷᠠᠬᠤ ᠪᠣᠯᠤᠨ᠎ᠠ
ᠠᠮᠢᠳᠤᠷᠠᠭᠰᠠᠭᠠᠷ ᠴᠤ᠌ ᠪᠠᠢᠬᠤ ᠯᠠ ᠪᠣᠯᠤᠨ᠎ᠠ