ᠲᠣᠬᠤᠨᠲᠡᠮᠦᠷ ᠤᠬᠠᠭᠠᠨᠲᠤ ᠬᠠᠭᠠᠨ (4) - ᠬᠦᠴᠢᠬᠡᠨ Тохонтөмөр ухаант хаан(4) - Хүчхэн
ᠲᠣᠬᠤᠨᠲᠡᠮᠦᠷ ᠤᠬᠠᠭᠠᠨᠲᠤ ᠬᠠᠭᠠᠨ - ᠳᠥᠷᠪᠡᠳᠦᠭᠡᠷ ᠪᠦᠯᠦᠭ
ᠳᠥᠷᠪᠡᠳᠦᠭᠡᠷ ᠪᠦᠯᠦᠭ
ᠤᠲᠤᠮ ᠭᠠᠷᠤᠯ ᠦ᠋ᠨ ᠤᠴᠢᠷ ᠲᠤ ᠬᠢᠯᠢᠰᠲᠡᠭᠡᠳ ᠳᠣᠬᠤᠨᠲᠡᠮᠦᠷ ᠠᠯᠤᠰ ᠲᠤ ᠴᠦᠯᠡᠭᠳᠡᠪᠡᠢ
ᠤᠷᠢᠲᠤ ᠬᠠᠭᠠᠨ ᠪ ᠭᠡᠷᠢᠶᠡᠰ ᠊ᠢ ᠰᠠᠨᠠᠵᠤ ᠪᠣᠲᠠᠰᠢᠷᠢ ᠰᠢᠲᠤᠷᠭᠤ ᠪᠠᠷ ᠭᠦᠢᠴᠡᠤᠠᠭᠡᠪᠡᠢ
ᠦᠭᠦᠯᠡᠬᠦ ᠢᠨᠦ ᠂ ᠬᠣᠱ᠌ᠢᠯᠨ ᠬᠣᠲᠤᠭᠲᠦ ᠬᠠᠭᠠᠨ ᠬᠠᠯᠢᠬᠰᠠᠨ ᠪ ᠠᠷᠪᠠᠨ ᠡᠲᠦᠷ ᠦ᠋ᠨ ᠳᠠᠷᠠᠬ᠋᠎ᠠ ᠲᠣᠭᠲᠡᠮᠦᠷ ᠱᠠᠩᠲᠤ ᠬᠣᠲᠠᠨ᠎ᠠ ᠳᠠᠬᠢᠨᠲᠠ ᠶᠡᠬᠡ ᠬᠠᠭᠠᠨ ᠪ ᠣᠷᠣ ᠳᠤ ᠰᠠᠭᠤᠪᠠ ᠃ ᠲᠡᠷᠡ ᠠᠬ᠎ᠠ ᠬᠣᠱᠢᠯᠠ ᠶ᠋ᠢ ᠠᠷᠤ ᠬᠢᠯᠢ ᠡᠴᠡ ᠤᠭᠲᠤᠨ ᠠᠪᠴᠢᠷᠠᠵᠤ ᠬᠠᠭᠠᠨ ᠰᠠᠭᠤᠷᠢᠨ ᠊ᠢ ᠨᠠᠶ᠋ᠢᠷ ᠲᠠᠯᠪᠢᠨ᠎ᠠ ᠬᠡᠮᠡᠨ ᠠᠯᠪᠠᠨ ᠶᠣᠰᠣᠭᠠᠷ ᠲᠤᠩᠬᠠᠭᠯᠠᠭᠰᠠᠨ ᠲᠤᠯᠠᠲᠠ ᠮᠦᠨ ᠲᠡᠷᠡ ᠶᠣᠰᠣᠭᠠᠷ ᠭᠦᠢᠴᠡᠤᠠᠭᠡᠵᠡᠢ ᠃ ᠭᠡᠪᠡᠴᠦ ᠡᠴᠦᠰ ᠲᠤᠷ ᠬᠠᠰᠢ ᠯᠠ ᠦᠪᠡᠷ ᠶ᠋ᠢᠡᠨ ᠶᠡᠬᠡ ᠬᠠᠭᠠᠨ ᠪ ᠰᠠᠭᠤᠷᠢᠨ ᠊ᠢ ᠡᠵᠡᠯᠡᠭᠰᠡᠨ ᠪᠠᠶ᠋ᠢᠪᠠ ᠃ ᠡᠨᠲᠡᠴᠡ ᠬᠥᠮᠦᠰ ᠬᠣᠱ᠌ᠢᠯᠨ ᠬᠣᠲᠤᠭᠲᠦ ᠬᠠᠭᠠᠨ ᠪ ᠭᠡᠨᠡᠤᠠᠲᠡ ᠬᠠᠯᠢᠬᠰᠠᠨ ᠳᠤ ᠰᠡᠵᠢᠭ ᠲᠦᠷᠦᠵᠦᠬᠦᠢ ᠃
《 ᠶᠤᠸᠠᠨ ᠤᠯᠤᠰ ᠦ᠋ᠨ ᠲᠡᠦᠬᠡ 》 ᠳᠤ ᠬᠣᠲᠤᠭᠲᠦ ᠬᠠᠭᠠᠨ ᠪᠣᠯᠤᠨ ᠵᠠᠶᠠᠭᠠᠲᠤ ᠬᠠᠭᠠᠨ ᠪ ᠲᠡᠦᠬᠡᠨ ᠬᠡᠷᠡᠭ ᠊ᠢ ᠲᠡᠮᠲᠡᠭᠯᠡᠭᠰᠡᠨ ᠠᠪᠠᠴᠤ ᠂ ᠬᠣᠲᠤᠭᠲᠦ ᠬᠠᠭᠠᠨ ᠪ ᠬᠣᠷᠤᠭᠠᠭᠲᠠᠭᠰᠠᠨ ᠪᠠᠶ᠋ᠢᠲᠠᠯ ᠦᠯᠦ ᠬᠠᠷᠠᠭᠲᠠᠮᠤᠢ ᠂ ᠬᠠᠷᠢᠨ ᠠᠬ᠎ᠠ ᠳᠡᠭᠦᠦ ᠬᠣᠶᠠᠷ ᠦ᠋ᠨ ᠬᠠᠷᠢᠴᠠᠬ᠋ᠠ ᠮᠠᠰᠢ ᠲᠣᠲᠤᠨᠦ ᠪᠠᠶ᠋ᠢᠬ᠋᠎ᠠ ᠲᠤᠯᠠ ᠵᠠᠶᠠᠭᠠᠲᠤ ᠬᠠᠭᠠᠨ ᠪᠠᠷ ᠬᠣᠱ᠌ᠢᠯᠨ ᠠᠬ᠎ᠠ ᠪᠠᠨ ᠬᠣᠣᠷᠯᠠᠵᠤ ᠬᠠᠭᠠᠨ ᠰᠠᠭᠤᠷᠢᠨ ᠊ᠢ ᠪᠤᠯᠢᠶᠠᠭᠰᠠᠨ ᠳ᠋ᠦ᠋ᠩᠨᠡᠯᠲᠡ ᠭᠠᠷᠭᠠᠵᠤ ᠡᠰᠡ ᠪᠣᠯᠤᠮᠤᠢ ᠬᠡᠮᠡᠵᠦᠬᠦᠢ ᠃
ᠲᠣᠭᠲᠡᠮᠦᠷ ᠬᠣᠶᠠᠲᠠᠬᠢ ᠤᠲᠠᠬ᠋᠎ᠠ ᠬᠠᠭᠠᠨ ᠰᠠᠭᠤᠷᠢᠨ᠎ᠠ ᠰᠠᠭᠤᠭᠰᠠᠨ ᠨᠢ ᠪᠦᠷ ᠡᠷᠬᠡᠲᠦ ᠰᠠᠶ᠋ᠢᠳ ᠡᠯᠲᠡᠮᠦᠷ ᠪᠣᠯᠤᠨ ᠪᠠᠶᠠᠨ ᠪ 《 ᠭᠠᠪᠢᠶ᠎ᠠ ᠵᠢᠤᠠᠬᠦᠯ 》ᠮᠦᠨ ᠃ ᠡᠨᠲᠡᠴᠡ ᠲᠣᠭᠲᠡᠮᠦᠷ ᠳᠠᠬᠢᠨᠲᠠ ᠬᠠᠭᠠᠨ ᠰᠠᠭᠤᠷᠢᠨ ᠳᠤ ᠰᠠᠭᠤᠮᠠᠭᠴᠠ ᠲᠡᠲᠡᠨ ᠪ ᠭᠤᠷᠪᠠᠨ ᠦᠶ᠎ᠡ ᠶ᠋ᠢ ᠸᠠᠩ ᠨᠣᠶᠠᠨ ᠨᠡᠬᠡᠮᠵᠢᠯᠡᠨ ᠡᠷᠭᠦᠮᠵᠢᠯᠡᠭᠰᠡᠨ ᠪᠦᠭᠡᠳ ᠡᠯᠲᠡᠮᠦᠷ ᠦ᠋ᠨ ᠭᠠᠪᠢᠶ᠎ᠠ ᠶ᠋ᠢ ᠲᠡᠮᠲᠡᠭᠯᠡᠨ ᠲᠠᠶ᠋ᠢᠲᠦ ᠬᠣᠲᠠ ᠶ᠋ᠢᠨ ᠪᠠᠷᠠᠭᠤᠨ ᠲᠡᠭᠦᠷᠭᠡ ᠲᠡᠭᠦᠨ ᠪ ᠪᠠᠶ᠋ᠢᠯᠲᠤᠵᠤ ᠶᠠᠪᠤᠭᠰᠠᠨ ᠭᠠᠵᠠᠷ ᠲᠤ ᠬᠦᠰᠢᠶ᠎ᠡ ᠪᠣᠰᠬᠠᠵᠤ ᠳᠠᠷᠬᠠᠨ ᠴᠣᠯᠠ ᠣᠯᠭᠤᠭᠰᠠᠨ ᠪᠠᠶ᠋ᠢᠪᠠ ᠃ ᠲᠣᠭᠲᠡᠮᠦᠷ ᠵᠠᠷᠯᠢᠬ ᠦ᠋ᠨ ᠪᠢᠴᠢᠭ ᠲᠤ ᠪᠡᠨ ᠄ 《 ᠡᠯᠲᠡᠮᠦᠷ ᠲᠡᠷᠢᠭᠦᠯᠡᠵᠦ ᠶᠡᠬᠡ ᠵᠢᠷᠤᠮ ᠊ᠢ ᠡᠲᠦᠭᠡᠳ ᠪᠡᠶ᠎ᠡ ᠳ᠋ᠡᠭᠡᠨ ᠬᠤᠶᠠᠭ ᠳᠤᠭᠤᠯᠠᠬ᠋ᠠ ᠡᠮᠦᠰᠦᠭᠰᠡᠭᠡᠷ ᠠᠮᠤᠢ ᠃ ᠪᠠᠶᠠᠨ ᠪᠠᠷ ᠡᡁᠸᠨᠠᠨ ᠪ ᠭᠠᠵᠠᠷ ᠲᠡᠬᠢ ᠪᠤᠷᠤᠭᠤ ᠰᠡᠤᠠᠬᠢᠯᠲᠡᠨ ᠊ᠢ ᠭᠡᠰᠭᠡᠵᠦ ᠨᠠᠮ᠎ᠠ ᠶ᠋ᠢ ᠵᠠᠮ ᠳ᠋ᠦ᠍ᠷ ᠡᠰᠡ ᠵᠣᠪᠠᠭᠠᠯᠤᠬ᠋ᠠ ᠃ ᠡᠨᠡ ᠬᠣᠶᠠᠷ ᠊ᠢ ᠪᠣᠰᠤᠳ ᠯᠤᠬ᠋᠎ᠠ ᠠᠲᠠᠯᠢᠤᠠᠬᠠᠵᠤ ᠬᠡᠷᠬᠢᠨ ᠵᠣᠬᠢᠮᠤᠢ 》 ᠬᠡᠮᠡᠵᠦᠬᠦᠢ ᠃
ᠲᠣᠭᠲᠡᠮᠦᠷ ᠵᠠᠶᠠᠭᠠᠲᠤ ᠬᠠᠭᠠᠨ ᠪᠣᠯ ᠶᠤᠸᠠᠨ ᠤᠯᠤᠰ ᠦ᠋ᠨ ᠲᠦᠷᠦ ᠳ᠋ᠡᠬᠢ ᠪᠢᠴᠢᠭ᠌ ᠦ᠋ᠨ ᠰᠤᠷᠭᠠᠯ ᠊ᠢ ᠬᠠᠮᠤᠭ ᠠ᠋ᠴᠠ ᠳᠡᠭᠡᠳᠦᠯᠡᠨ ᠦᠵᠡᠳᠡᠭ ᠬᠠᠭᠠᠳ ᠦ᠋ᠨ ᠨᠢᠭᠡ ᠪᠣᠯᠤᠮᠤᠢ ᠃ ᠰᠢᠯᠦᠭ ᠳᠠᠭᠤᠯᠠᠯ ᠳᠤ ᠠᠪᠢᠶᠠᠰ ᠲᠠᠢ ᠪᠦᠭᠡᠳ ᠵᠢᠷᠤᠭ ᠰᠠᠶ᠋ᠢᠬᠠᠨ ᠵᠢᠷᠤᠲᠠᠭ ᠪᠦᠯᠦᠭᠡ ᠃ ᠲᠡᠷᠡ ᠂ ᠵᠠᠰᠠᠭ ᠦ᠋ᠨ ᠬᠡᠷᠡᠭ ᠊ᠢ ᠰᠢᠢᠤᠠᠬᠡᠵᠦ ᠳᠠᠭᠤᠰᠤᠭᠰᠠᠨ ᠴᠢᠯᠥᠭᠡ ᠴᠠᠭ ᠲᠤᠷ ᠬᠢᠲᠡᠳ ᠶ᠋ᠢᠡᠷ ᠰᠢᠯᠦᠭ ᠳᠠᠭᠤᠯᠠᠯ ᠨᠡᠯᠢᠶᠡᠳ ᠠᠷᠪᠢᠨ ᠪᠢᠴᠢᠪᠡ ᠃ ᠡᠨᠲᠡ ᠲᠡᠭᠦᠨ ᠪ ᠵᠣᠬᠢᠶᠠᠭᠰᠠᠨ ᠬᠣᠶᠠᠷ ᠰᠢᠯᠦᠭ ᠊ᠢ ᠰᠡᠶ᠋ᠢᠷᠠᠭᠦᠯᠪᠡᠰᠦ ᠄
ᠬᠥᠲᠡᠭᠡ ᠬᠣᠨᠤᠭᠯᠠᠠᠭᠰᠠᠨ ᠠᠨᠤ
ᠬᠠᠨᠲᠠᠭᠠᠰᠦ ᠦᠮᠦᠲᠦ ᠪᠡᠷ ᠳᠠᠰᠢᠭᠤᠷ ᠡᠷᠭᠢᠭᠦᠯᠦᠨ
ᠲᠠᠩᠬᠢᠮ ᠦ᠋ᠨ ᠡᠮᠦᠨ᠎ᠡ ᠪᠣᠯᠪᠠᠰᠤᠷᠠᠬᠤᠶᠠ
ᠬᠠᠪᠢᠷᠭᠠᠨ ᠰᠠᠷᠠᠨ ᠪ ᠲᠠᠰᠢᠬᠤ ᠭᠡᠷᠡᠯ
ᠤᠲᠠ ᠶ᠋ᠢᠨ ᠴᠠᠭᠠᠨ᠎ᠠ ᠠ᠋ᠴᠠ ᠮᠦᠰᠢᠶᠡᠮᠦᠢ ᠃
ᠬᠠᠰ ᠦ᠋ᠨ ᠦᠮᠬᠦᠷᠢᠯ ᠬᠣᠶᠠᠷ ᠭᠤᠷᠪᠠ ᠪᠠᠷ
ᠪᠣᠷᠣᠭᠠᠨ ᠪ ᠲᠤᠰᠤᠯ ᠮᠡᠲᠦ ᠭᠢᠯᠠᠯᠵᠠᠬᠤᠶᠠ
ᠬᠠᠷᠪᠤᠬᠤ ᠣᠲᠣᠨ ᠵᠢᠷᠭᠤᠬ᠋ᠠ ᠳᠣᠯᠣᠬ᠋ᠠ ᠪᠠᠷ
ᠣᠭᠲᠠᠷᠭᠤᠢ ᠶ᠋ᠢᠨ ᠲᠠᠩᠨᠠᠢ ᠳᠤ ᠰᠦᠮᠡᠶ᠋ᠢᠮᠣᠢ ᠃
ᠬᠥᠮᠦᠨ ᠪ ᠬᠥᠯ ᠨᠣᠬᠠᠢ ᠶ᠋ᠢᠨ ᠳᠠᠭᠤᠨ᠎ᠠ
ᠬᠤᠯᠤᠰᠤᠨ ᠰᠢᠪᠡᠭᠡ ᠨᠡᠭᠡᠭᠡᠭᠲᠡᠭᠡᠳ
ᠬᠥᠲᠡᠭᠡ ᠶ᠋ᠢᠨ ᠪᠠᠭᠤᠲᠠᠯ ᠭ᠌ᠱᠠᠨ ᠵᠠᠭᠤᠷ᠎ᠠ
ᠱᠤᠤᠭᠢᠶᠠᠨ ᠳᠡᠪᠵᠢᠶᠡᠨ ᠪᠣᠯᠵᠣᠬᠤᠢ ᠃
ᠬᠥᠬᠡ ᠣᠭᠲᠠᠷᠭᠤᠢ ᠳᠤ ᠤᠲᠠᠯ ᠦᠭᠡᠢ
ᠤᠯᠠᠭᠠᠨ ᠨᠠᠷᠠᠨ ᠮᠠᠨᠲᠤᠭᠠᠳ
ᠬᠥᠬᠡᠮᠳᠦᠭ ᠲᠤᠯᠤᠭᠠᠳ ᠨᠤᠶ᠋ᠢᠷ ᠠ᠋ᠴᠠ ᠰᠡᠷᠡᠵᠦ
ᠨᠢᠲᠦᠨ ᠡᠮᠦᠨ᠎ᠡ ᠵᠡᠷᠭᠡᠯᠡᠪᠡᠢ ᠃
ᠵᠢᠤ ᠬᠤᠸᠠ ᠱᠠᠨ ᠬᠠᠶ᠋ᠢᠷᠬᠠᠨ ᠊ᠢ ᠪᠠᠷᠠᠯᠠᠭᠰᠠᠨ ᠠᠨᠤ
ᠡᠷᠲᠡ ᠡᠲᠦᠷ ᠵᠢᠤ ᠬᠤᠸᠠ ᠱᠠᠨ ᠬᠠᠶ᠋ᠢᠷᠬᠠᠨ ᠪ
ᠵᠢᠷᠤᠭ ᠊ᠢ ᠰᠣᠨᠢᠷᠬᠠᠭᠠᠳ
ᠡᠨᠡ ᠭᠠᠵᠠᠷ ᠮᠥᠷᠡᠨ ᠪ ᠡᠮᠦᠨᠡᠬᠢ
ᠬᠠᠮᠢᠬ᠋᠎ᠠ ᠳ᠋ᠤᠷ ᠪᠤᠢ ? ᠬᠡᠮᠡᠨ ᠠᠰᠠᠭᠤᠪᠠᠢ ᠃
ᠡᠲᠦᠭᠡ ᠬᠠᠷᠢᠨ ᠮᠥᠷᠡᠨ ᠪ ᠪᠦᠰᠡᠯᠡᠭᠦᠷ
ᠬᠥᠭᠥᠷᠭᠡᠨ ᠳᠡᠭᠡᠷ᠎ᠡ ᠡᠴᠡ ᠪᠠᠷᠠᠯᠠᠬᠤᠶ᠎ᠠ
ᠡᠴᠢᠨ᠎ᠡ ᠵᠢᠷᠤᠭᠴᠢᠨ ᠪ ᠤᠷᠠᠨ ᠠᠪᠢᠶᠠᠰ
ᠪᠠᠬᠠᠨ ᠲᠣᠯᠢᠮᠠᠭ ᠪᠣᠯᠵᠣᠬᠤᠢ ᠃
ᠡᠲᠡᠭᠡᠷ ᠰᠢᠯᠦᠭ ᠦ᠋ᠨ ᠦᠭᠡ ᠥᠭᠦᠯᠡᠪᠦᠷᠢ ᠨᠢ ᠲᠡᠲᠦᠢ ᠶᠡᠬᠡ ᠤᠷᠠᠨ ᠨᠠᠷᠢᠨ ᠪᠢᠰᠢ ᠪᠣᠯᠪᠠᠴᠤ ᠥᠩᠭᠡ ᠦᠵᠡᠮᠵᠢ ᠶ᠋ᠢ ᠳᠦᠷᠰᠦᠯᠡᠨ ᠰᠡᠤᠠᠭᠢᠯᠭᠡ ᠪᠡᠨ ᠢᠯᠡᠳᠬᠡᠭᠰᠡᠨ ᠲᠠᠯ᠎ᠠ ᠪᠠᠷ ᠵᠢᠶᠠᠩᠨᠠᠨ ᠣᠷᠣᠨ ᠪ ᠪᠢᠴᠢᠭᠲᠡᠨ ᠪ ᠬᠡᠪ ᠨᠠᠮᠪᠠ ᠢᠯᠡᠷᠡᠵᠦ ᠪᠠᠶ᠋ᠢᠮᠤᠢ ᠃
ᠲᠣᠭᠲᠡᠮᠤᠷ ᠵᠠᠶᠠᠭᠠᠲᠤ ᠬᠠᠭᠠᠨ ᠰᠠᠭᠤᠷᠢᠨ᠎ᠠ ᠪᠠᠶ᠋ᠢᠬᠤᠢ ᠳᠤ ᠺᠦᠢ ᠵᠠᠩ ᠭᠧ ᠪᠢᠴᠢᠭ᠌ ᠦ᠋ᠨ ᠤᠤᠠᠬᠠᠴᠢ ᠶ᠋ᠢᠨ ᠬᠦᠷᠢᠶᠡᠯᠡᠩ ᠊ᠢ ᠪᠠᠶ᠋ᠢᠭᠤᠯᠵᠤ ᠮᠣᠩᠭᠣᠯ ᠂ ᠰᠠᠷᠲᠠᠭᠤᠯ ᠂ ᠬᠢᠲᠠᠳ ᠂ ᠨᠠᠩᠭᠢᠶᠠᠳ ᠪᠢᠴᠢᠭ᠌ ᠦ᠋ᠨ ᠬᠥᠮᠦᠰ ᠊ᠢ ᠴᠢᠭᠤᠯᠭᠠᠵᠤ ᠡᠷᠲᠡᠨ ᠪ ᠬᠠᠭᠠᠳ ᠦ᠋ᠨ ᠤᠨᠤᠵᠤ ᠠᠯᠲᠠᠭᠰᠠᠨ ᠪᠠ ᠡᠩᠬᠡ ᠰᠠᠮᠠᠭᠤᠨ ᠳᠤ ᠬᠣᠯᠪᠣᠭᠲᠠᠭᠰᠠᠨ ᠲᠡᠦᠬᠡᠨ ᠬᠡᠷᠡᠭ ᠪᠣᠯᠤᠨ ᠳᠡᠭᠡᠳᠦᠰ ᠦ᠋ᠨ ᠰᠤᠷᠭᠠᠯ ᠵᠠᠷᠯᠢᠬ ᠊ᠢ ᠬᠠᠭᠠᠨ ᠳᠤ ᠲᠠᠶ᠋ᠢᠯᠪᠤᠷᠢᠯᠠᠬᠤ ᠵᠢᠴᠢ ᠮᠣᠩᠭᠣᠯ ᠢᠵᠠᠭᠤᠷᠲᠠᠨ ᠪ ᠬᠡᠦᠬᠡᠳ ᠳᠡᠭᠦᠦ ᠨᠠᠷ ᠲᠦ ᠪᠢᠴᠢᠭ᠌ ᠦᠰᠦᠭ ᠵᠢᠭᠠᠵᠤ ᠪᠠᠶ᠋ᠢᠵᠠᠢ ᠃ ᠢᠤᠢ ᠵᠢᠢ ᠶ᠋ᠢᠨ ᠲᠣᠭᠤᠷᠪᠢᠬᠰᠠᠨ ᠺᠦᠢ ᠵᠠᠩ ᠭᠧ ᠳᠠᠭᠲᠤ ᠶ᠋ᠢᠨ ᠬᠥᠰᠢᠶᠡᠨ ᠪ ᠪᠢᠴᠢᠭᠡᠰᠦ ᠳᠤ ᠄ 《 ᠲᠢᠶᠠᠨ ᠯᠢ ᠶ᠋ᠢᠨ ᠬᠣᠶᠠᠲᠤᠭᠠᠷ ᠤᠨ ᠪ ᠭᠤᠷᠪᠠᠲᠤᠭᠠᠷ ᠰᠠᠷ᠎ᠠ ᠶ᠋ᠢᠨ ᠥᠯᠵᠡᠶ᠋ᠢᠲᠦ ᠡᠲᠦᠷ ᠲᠩᠷᠢ ᠶ᠋ᠢᠨ ᠬᠥᠪᠡᠭᠦᠨ ᠺᠦᠢ ᠵᠠᠩ ᠭᠧ ᠳᠠᠭᠲᠤ ᠶ᠋ᠢ ᠪᠠᠶ᠋ᠢᠭᠤᠯᠪᠠᠢ ᠂ ᠪᠠᠷᠠᠯᠬᠠᠯ ᠲᠡᠭᠦᠰᠦᠭᠰᠡᠨ ᠰᠡᠯᠡᠭᠦᠦ ᠴᠠᠭ ᠲᠣᠷ ᠪᠢᠴᠢᠭ᠌ ᠨᠣᠮ ᠤᠩᠰᠢᠨ ᠪᠡᠶ᠎ᠡ ᠰᠡᠤᠠᠬᠢᠯ ᠊ᠢ ᠲᠡᠵᠢᠭᠡᠨ ᠠᠰᠢᠲᠠ ᠳᠡᠷᠭᠡᠳᠡ ᠳ᠋ᠤᠷ ᠠᠮᠤᠢ ᠃ ᠲᠦᠰᠢᠮᠡᠯ ᠪᠡᠷ ᠵᠠᠷᠯᠢᠬ ᠶᠣᠰᠣᠭᠠᠷ ᠬᠥᠰᠢᠶᠡᠨ ᠪ ᠪᠢᠴᠢᠭᠡᠰᠦ ᠲᠤᠭᠤᠷᠪᠢᠵᠤ ᠥᠭᠦᠯᠡᠷᠦᠨ ᠄ 《 ᠡᠵᠡᠨ ᠪᠡᠷ ᠬᠢᠴᠢᠶᠡᠩᠬᠦᠢ ᠭᠡᠭᠡᠨ ᠂ ᠲᠥᠪ ᠭᠤᠤᠯᠴᠢ ᠶ᠋ᠢ ᠡᠷᠬᠢᠮᠯᠡᠮᠤᠢ ᠂ ᠥᠪᠡᠷ ᠦ᠋ᠨ ᠪᠡᠶ᠎ᠡ ᠪᠡᠷ ᠬᠢᠴᠢᠶᠡᠨ ᠵᠢᠤᠠᠭᠦᠵᠤ ᠤᠷᠭᠤᠬᠤ ᠨᠠᠷᠠᠨ ᠮᠡᠲᠦ ᠭᠡᠷᠡᠯᠲᠦᠭᠦᠯᠵᠦᠬᠦᠢ ᠂ ᠦᠯᠡᠮᠵᠢ ᠴᠤᠭᠯᠠᠭᠠᠪᠠᠢ ; ᠤᠵᠠᠭᠤᠷ ᠦ᠋ᠨ ᠶᠣᠰᠣᠨ ᠊ᠢ ᠪᠠᠷᠢᠵᠤ ᠨᠠᠶ᠋ᠢᠷ ᠴᠡᠩᠭᠡᠯ ᠊ᠢ ᠲᠡᠪᠴᠢᠮᠦᠢ ᠃ ᠵᠢᠷᠤᠮ ᠬᠠᠤᠯᠢ ᠶ᠋ᠢ ᠲᠣᠭᠲᠠᠭᠠᠵᠤ ᠨᠠᠷᠢᠨ ᠬᠢᠨᠠᠮᠠᠭᠠᠢ ᠬᠡᠷᠡᠭᠵᠢᠭᠦᠯᠵᠦᠬᠦᠢ ᠃ ᠲᠡᠶ᠋ᠢᠮᠦ ᠶ᠋ᠢᠨ ᠲᠤᠯᠠᠲᠠ ᠦᠨᠡᠨ ᠬᠠᠰ ᠊ᠢ ᠴᠣᠭᠤᠯᠪᠥᠷᠢᠯᠠᠭᠰᠠᠨ ᠳ᠋ᠤᠷ ᠠᠲᠠᠯᠢ ᠰᠠᠶ᠋ᠢᠬᠠᠨ ᠨᠡᠷ᠎ᠡ ᠶ᠋ᠢ ᠲᠦᠮᠡᠨ ᠣᠨ ᠬᠣᠴᠣᠷᠭᠠᠵᠤᠬᠤᠢ 》 ᠬᠡᠮᠡᠪᠡ ᠃
ᠺᠦᠢ ᠵᠠᠩ ᠭᠧ ᠪᠢᠴᠢᠭ ᠦ᠋ᠨ ᠤᠤᠠᠬᠠᠴᠢ ᠶ᠋ᠢᠨ ᠬᠦᠷᠢᠶᠡᠯᠡᠩ ᠊ᠢ ᠪᠠᠶ᠋ᠢᠭᠤᠯᠤᠭᠰᠠᠨ ᠪ ᠳᠠᠷᠠᠬ᠋᠎ᠠ ᠂ ᠲᠣᠭᠲᠡᠮᠦᠷ ᠵᠠᠶᠠᠭᠠᠲᠤ ᠬᠠᠭᠠᠨ ᠪ ᠰᠠᠨᠠᠭᠠᠴᠢᠯᠠᠬ᠋ᠠ ᠪᠠᠷ 《 ᠬᠠᠭᠠᠨᠲᠤ ᠲᠥᠷᠥ ᠶ᠋ᠢᠨ ᠦᠶ᠎ᠡ ᠵᠠᠰᠠᠬᠤ ᠬᠠᠤᠯᠢ ᠶ᠋ᠢᠨ ᠪᠢᠴᠢᠭ᠌ 》 ᠨᠠᠢ᠍ᠮᠠᠨ ᠵᠠᠭᠤ ᠨᠠᠶᠠᠨ ᠪᠣᠲᠢ ᠶ᠋ᠢ ᠠᠯᠪᠠᠨ ᠶᠣᠰᠣ ᠪᠠᠷ ᠨᠠᠶ᠋ᠢᠷᠠᠭᠤᠯᠤᠨ ᠵᠣᠬᠢᠶᠠᠯᠭᠠᠪᠠ ᠃ ᠲᠣᠭᠲᠡᠮᠦᠷ ᠵᠠᠶᠠᠭᠠᠲᠤ ᠬᠠᠭᠠᠨ ᠪᠠᠷ ᠺᠦᠢ ᠵᠠᠩ ᠭᠧ ᠪᠢᠴᠢᠭ ᠦ᠋ᠨ ᠤᠤᠠᠬᠠᠴᠢ ᠶ᠋ᠢᠨ ᠬᠦᠷᠢᠶᠡᠯᠡᠩ ᠦ᠋ᠨ ᠠᠰᠢᠬᠲᠡᠮᠦᠷ ᠂ ᠬᠣᠲᠤᠯᠤᠭ ᠲᠤᠷᠮᠠᠰᠢ ᠂ ᠵᠣᠤ ᠱᠢ ᠶᠠᠨ ᠂ ᠢᠤᠢ ᠵᠢᠢ ᠲᠠᠨ ᠳᠤ ᠥᠭᠭᠦᠭᠰᠡᠨ ᠵᠠᠷᠯᠢᠬ ᠲᠤ ᠄ 《 ᠡᠷᠲᠡ ᠮᠢᠨᠦ ᠡᠪᠦᠭᠡ ᠡᠴᠢᠭᠡ ᠰᠡᠴᠡᠨ ᠭᠡᠭᠡᠨ ᠮᠡᠷᠭᠡᠨ ᠤᠬᠠᠭᠠᠨᠲᠤ ᠶ᠋ᠢᠨ ᠲᠤᠯᠠᠲᠠ ᠤᠯᠤᠰ ᠊ᠢ ᠵᠠᠰᠠᠬᠤ ᠶᠣᠰᠣᠨ ᠊ᠢ ᠥᠪᠡᠰᠦᠪᠡᠨ ᠮᠡᠲᠡᠨ ᠠᠵᠤᠭᠤ ᠃ ᠮᠢᠨᠦ ᠥᠴᠦᠬᠡᠨ ᠪᠡᠶ᠎ᠡ ᠤᠯᠠᠷᠢᠬᠰᠠᠨ ᠲᠥᠷᠥ ᠶ᠋ᠢ ᠬᠦᠯᠢᠶᠡᠭᠰᠡᠨ ᠳ᠋ᠤᠷ ᠶ᠋ᠢᠠᠨ ᠡᠲᠤᠷ ᠰᠥᠨᠢ ᠦᠭᠡᠢ ᠠᠶᠤᠵᠤ ᠵᠣᠪᠠᠨᠢᠮᠤᠢ ᠃ ᠡᠲᠦᠭᠡ ᠮᠢᠨᠦ ᠪᠡᠶ᠎ᠡ ᠶ᠋ᠢ ᠡᠪᠦᠭᠡ ᠪᠠ ᠡᠴᠢᠭᠡ ᠳ᠋ᠤᠷ ᠠᠲᠠᠯᠢᠤᠠᠬᠠᠪᠠᠰᠤ ᠂ ᠲᠡᠲᠡᠨ ᠪ ᠲᠥᠷᠥᠯᠬᠢ ᠮᠡᠲᠡᠬᠦ ᠭᠡᠭᠡᠨ ᠤᠬᠠᠭᠠᠨ ᠠ᠋ᠴᠠ ᠲᠩᠷᠢ ᠭᠠᠵᠠᠷ ᠦ᠋ᠨ ᠵᠥᠷᠢᠶ᠎ᠡ ᠲᠡᠢ ᠳᠡᠭᠡᠷ᠎ᠡ ᠨᠠᠰᠤᠨ ᠪᠠᠰᠠ ᠵᠠᠯᠠᠭᠤ ᠪᠥᠭᠡᠳ ᠠᠶᠤᠮᠰᠢᠬᠲᠤ ᠪᠡᠷᠬᠡ ᠦᠢᠯᠡ ᠶ᠋ᠢ ᠦᠢᠯᠡᠤᠠᠬᠦ ᠶ᠋ᠢᠨ ᠲᠤᠯᠠᠲᠠ ᠤᠯᠤᠰ ᠲᠥᠷᠥ ᠶ᠋ᠢ ᠵᠠᠰᠠᠬᠤ ᠶᠣᠰᠣᠨ ᠊ᠢ ᠶᠠᠭᠠᠬᠢᠵᠤ ᠪᠦᠷᠢᠤᠠᠬᠡᠨ ᠮᠡᠲᠡᠵᠦ ᠪᠣᠯᠤᠮᠤᠢ ᠃ ᠲᠡᠶ᠋ᠢᠨ ᠬᠦ ᠺᠦᠢ ᠵᠠᠩ ᠭᠧ ᠶᠠᠮᠤᠨ ᠪᠣᠰᠬᠠᠵᠤ ᠰᠢᠤᠸᠠᠢ ᠱᠢ ᠲᠦᠰᠢᠮᠡᠯ ᠲᠠᠯᠪᠢᠵᠤ ᠂ ᠡᠲᠤᠷ ᠪᠦᠷᠢ ᠡᠪᠦᠭᠡ ᠪᠠ ᠡᠴᠢᠭᠡ ᠶ᠋ᠢᠨ ᠬᠡᠬᠡᠨ ᠰᠠᠷᠠᠭᠤᠯ ᠬᠢᠭᠡᠳ ᠡᠷᠲᠡᠨ ᠪ ᠡᠩᠬᠡ ᠰᠠᠮᠠᠭᠤᠨ ᠤᠨᠤᠭᠰᠠᠨ ᠠᠯᠲᠠᠭᠰᠠᠨ ᠶᠠᠪᠤᠲᠠᠯ ᠊ᠢ ᠭᠠᠷᠭᠠᠵᠤ ᠬᠡᠯᠡᠯᠴᠡᠭᠦᠯᠦᠨ ᠪᠢ ᠪᠡᠷ ᠪᠠᠶᠠᠰᠤᠨ ᠰᠣᠨᠣᠰᠴᠤ ᠠᠪᠰᠤᠭᠠᠢ ᠬᠡᠮᠡᠯᠦᠭᠡ 》 ᠭᠡᠵᠡᠢ᠃
ᠲᠣᠭᠲᠡᠮᠦᠷ ᠵᠠᠶᠠᠭᠠᠲᠤ ᠬᠠᠭᠠᠨ ᠪ ᠡᠰᠢ ᠬᠠᠲᠤᠨ ᠨᠢ ᠪᠣᠲᠢᠰᠢᠷᠢ ᠭᠡᠳᠡᠭ ᠃ ᠲᠡᠷᠡ ᠪᠣᠯ ᠵᠠᠰᠠᠭ ᠲᠥᠷᠥ ᠶ᠋ᠢᠨ ᠦᠢᠮᠡᠭᠡᠨ ᠊ᠢ ᠪᠡᠶ᠎ᠡ ᠪᠡᠷ ᠥᠩᠭᠡᠷᠡᠭᠦᠯᠦᠭᠰᠡᠨ ᠤᠬᠠᠭᠠᠨ ᠪᠣᠲᠣᠯᠬ᠋ᠠ ᠭᠦᠨ ᠰᠠᠷᠠᠭᠤᠯ ᠬᠥᠮᠦᠨ ᠪᠢᠯᠡ ᠃ ᠶᠤᠸᠠᠨ ᠤᠯᠤᠰ ᠦ᠋ᠨ ᠰᠡᠭᠦᠯᠴᠢ ᠦᠶ᠎ᠡ ᠳ᠋ᠡᠬᠢ ᠬᠠᠭᠠᠨ ᠪ ᠣᠷᠣ ᠪᠤᠯᠢᠶᠠᠯᠲᠤᠬᠤ ᠲᠡᠮᠡᠴᠡᠯ ᠳᠤ ᠴᠢᠬᠤᠯᠠ ᠨᠥᠯᠥᠭᠡ ᠦᠵᠡᠭᠦᠯᠦᠭᠰᠡᠨ ᠡᠮᠡᠭᠲᠡᠢ ᠤᠯᠤᠰ ᠲᠦᠷᠦᠴᠢᠨ ᠮᠦᠨ᠃ ᠲᠡᠷᠡ ᠬᠣᠩᠭᠢᠷᠠᠳ ᠦ᠋ᠨ ᠯᠦ᠍ ᠸᠠᠩ ᠲᠢᠸᠥᠪᠠᠯᠠ ᠶ᠋ᠢᠨ ᠥᠬᠢᠨ ᠪᠤᠶᠤ ᠂ ᠲᠡᠭᠦᠨ ᠪ ᠠᠮᠢᠲᠤᠷᠠᠵᠤ ᠪᠠᠶ᠋ᠢᠬᠰᠠᠨ ᠴᠠᠭ ᠦᠶ᠎ᠡ ᠪᠣᠯ ᠶᠤᠸᠠᠨ ᠤᠯᠤᠰ ᠦ᠋ᠨ ᠨᠡᠶ᠋ᠢᠭᠡᠮ ᠦ᠋ᠨ ᠡᠯ᠎ᠡ ᠵᠦᠢᠯ ᠦ᠋ᠨ ᠵᠥᠷᠢᠴᠡᠯ ᠡᠲᠦᠷ ᠢᠷᠡᠬᠦᠶ᠎ᠡ ᠬᠤᠷᠴᠠᠤᠠᠴᠤ ᠂ ᠹᠸᠤᠲᠠᠯ ᠦ᠋ᠨ ᠨᠣᠶᠠᠷᠬᠠᠭᠴᠢ ᠪᠥᠯᠥᠭ ᠦ᠋ᠨ ᠳᠣᠲᠣᠭᠠᠳᠤ ᠶ᠋ᠢᠨ ᠵᠥᠷᠢᠴᠡᠯ ᠤᠷᠢᠲᠤ ᠭᠠᠷᠤᠬ᠋ᠠ ᠦᠭᠡᠢ ᠰᠢᠷᠦᠭᠦᠤᠠᠴᠦ ᠂ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠬᠤ ᠠᠰᠠᠭᠤᠲᠠᠯ ᠢᠯᠡ ᠳᠠᠯᠳᠠ ᠪᠠᠷ ᠥᠷᠢᠰᠦᠯᠲᠦᠵᠦ ᠪᠤᠯᠢᠶᠠᠯᠲᠤᠭᠰᠠᠨ ᠲᠡᠮᠡᠴᠡᠯ ᠡᠪᠯᠡᠷᠡᠰᠢ ᠦᠭᠡᠢ ᠪᠣᠯᠵᠤ ᠪᠠᠶ᠋ᠢᠬᠰᠠᠨ ᠴᠠᠭ ᠦᠶ᠎ᠡ ᠮᠥᠨ ᠃ ᠶᠡᠬᠡ ᠬᠠᠭᠠᠨ ᠪ ᠣᠷᠣ ᠶ᠋ᠢ ᠪᠤᠯᠢᠶᠠᠨ ᠠᠪᠬᠤ ᠶ᠋ᠢᠨ ᠲᠥᠯᠥᠭᠡ ᠠᠬ᠎ᠠ ᠳᠡᠭᠦᠦ ᠂ ᠠᠪᠠᠬ᠋᠎ᠠ ᠪᠣᠯᠤᠨ ᠦᠶᠡᠯᠢᠳ ᠬᠥᠪᠡᠭᠦᠨ ᠬᠣᠭᠣᠷᠣᠨᠲᠣ ᠪᠠᠨ ᠦᠬᠦᠵᠦ ᠰᠡᠬᠡᠬᠦ ᠶ᠋ᠢᠨ ᠲᠡᠮᠡᠴᠡᠯ ᠶᠠᠪᠤᠭᠤᠯᠵᠤ ᠂ ᠠᠯᠢ ᠨᠢᠭᠡ ᠲᠠᠯ᠎ᠠ ᠨᠢ ᠢᠯᠠᠭᠰᠠᠭᠠᠷ ᠂ ᠢᠯᠠᠭᠲᠠᠭᠰᠠᠨ ᠨᠥᠭᠦᠭᠡ ᠡᠲᠡᠭᠡᠳ ᠶ᠋ᠢᠡᠨ ᠬᠠᠷᠭᠢᠰ ᠬᠡᠷᠴᠡᠭᠡᠢ ᠪᠠᠷ ᠠᠯᠠᠵᠤ ᠬᠢᠲᠤᠬᠤ ᠬᠠᠷᠠᠰᠠᠯᠲᠤ ᠪᠠᠶ᠋ᠢᠲᠠᠯ ᠨᠢ ᠪᠣᠲᠠᠰᠢᠷᠢ ᠳᠤ ᠲᠤᠶ᠋ᠢᠯ ᠦ᠋ᠨ ᠶᠡᠬᠡ ᠳᠣᠩᠰᠣᠯᠤᠯᠲᠠ ᠪᠣᠯᠵᠠᠢ ᠃ ᠣᠷᠲᠣᠨ ᠪ ᠳᠣᠲᠣᠷᠠᠬᠢ ᠪᠠᠶ᠋ᠢᠷᠢ ᠰᠠᠭᠤᠷᠢ ᠪᠠᠨ ᠪᠠᠲᠤᠯᠠᠬᠤ ᠭᠡᠪᠡᠯ ᠡᠷᠬᠡᠪᠰᠢ ᠣᠷᠲᠣᠨ ᠪ ᠳᠣᠲᠣᠷᠠᠬᠢ ᠶᠣᠰᠣ ᠵᠢᠷᠤᠮ ᠊ᠢ ᠮᠡᠲᠡᠬᠦ ᠪᠡᠷ ᠪᠠᠷᠠᠬᠤ ᠦᠭᠡᠢ ᠪᠠᠰᠠ ᠂ ᠣᠷᠲᠣᠨ ᠪ ᠳᠣᠲᠣᠭᠠᠳᠤ ᠶ᠋ᠢᠨ ᠲᠡᠮᠡᠴᠡᠯ ᠳᠤ ᠬᠣᠯᠪᠣᠭᠲᠠᠯ ᠪᠦᠬᠦᠢ ᠮᠡᠲᠡᠯᠭᠡ ᠲᠤᠷᠰᠢᠯᠬ᠋᠎ᠠ ᠶ᠋ᠢ ᠠᠩᠬᠠᠷᠴᠤ ᠰᠤᠷᠬᠤ ᠬᠡᠷᠡᠭᠲᠡᠢ ᠭᠡᠳᠡᠭ ᠊ᠢ ᠲᠡᠷᠡ ᠣᠶ᠋ᠢᠯᠠᠭᠠᠪᠠ ᠃ ᠡᠶ᠋ᠢᠨ ᠬᠦ ᠪᠣᠲᠠᠰᠢᠷᠢ ᠬᠠᠲᠤᠨ ᠤᠷᠢᠲᠤᠬᠢ ᠲᠥᠷᠥ ᠶ᠋ᠢᠨ ᠬᠣᠩᠬᠢᠷᠠᠳ ᠬᠠᠲᠤᠨ ᠂ ᠠᠪᠠᠬ᠋᠎ᠠ ᠡᠭᠡᠴᠢ ᠨᠠᠷ ᠠ᠋ᠴᠠ ᠪᠠᠨ ᠠᠰᠠᠭᠤᠬᠤ ᠶ᠋ᠢᠨ ᠬᠠᠮᠲᠤ ᠣᠷᠲᠣᠨ ᠪ ᠳᠣᠲᠣᠭᠠᠳᠤ ᠳᠤ ᠡᠭᠦᠰᠦᠭᠰᠡᠨ ᠡᠷᠬᠡ ᠪᠤᠯᠢᠶᠠᠯᠲᠤᠬᠤ ᠲᠡᠮᠡᠴᠡᠯ ᠦ᠋ᠨ ᠰᠢᠯᠲᠠᠭᠠᠨ ᠂ ᠬᠥᠭᠵᠢᠯᠲᠡ ᠪᠠ ᠦᠷ᠎ᠡ ᠳ᠋ᠦ᠋ᠩ ᠊ᠢ ᠠᠩᠬᠠᠷᠤᠨ ᠨᠢᠬᠲᠠᠯᠠᠵᠤ ᠂ ᠡᠶ᠋ᠢᠮᠦᠷᠬᠦᠦ ᠪᠤᠲᠤᠯᠢᠶᠠᠨᠲᠤ ᠪᠠᠶ᠋ᠢᠲᠠᠯ ᠊ᠢ ᠬᠡᠷᠬᠢᠨ ᠰᠢᠢᠤᠠᠪᠦᠷᠢᠯᠡᠪᠡᠯ ᠵᠣᠬᠢᠬᠤ ᠠᠷᠬ᠋᠎ᠠ ᠪᠣᠲᠣᠯᠬ᠋ᠠ ᠶ᠋ᠢ ᠪᠣᠯᠪᠠᠰᠤᠷᠠᠭᠤᠯᠵᠤ ᠪᠠᠶ᠋ᠢᠯ᠎ᠠ ᠃
ᠲᠠᠶ᠋ᠢᠲᠢᠩ ᠦ᠋ᠨ ᠲᠡᠷᠢᠭᠦᠨ ᠣᠨ (1374 ᠣᠨ ) ᠳᠤ ᠠᠷᠪᠠᠨ ᠳᠣᠯᠣᠭᠠᠲᠠᠢ ᠪᠣᠲᠠᠰᠢᠷᠢ ᠂ ᠲᠣᠭᠲᠡᠮᠦᠷ ᠲᠡᠢ ᠤᠷᠤᠭ ᠬᠣᠯᠪᠣᠵᠤ ᠂ ᠳᠠᠷᠠᠬ᠋᠎ᠠ ᠵᠢᠯ ᠦ᠋ᠨ ᠴᠠᠭᠠᠨ ᠰᠠᠷ᠎ᠠ ᠳᠤ ᠲᠣᠭᠲᠡᠮᠦᠷ ᠊ᠢ ᠳᠠᠭᠠᠵᠤ ᠵᠢᠶᠠᠨ ᠺᠠᠩ ( ᠣᠲᠣ ᠶ᠋ᠢᠨ ᠨᠨᠨᠵᠢᠩ ) ᠳᠤ ᠣᠴᠢᠵᠤ ᠰᠠᠭᠤᠪᠠ ᠃ ᡁᠢ ᠾᠧ ᠶ᠋ᠢᠨ ᠲᠡᠷᠢᠭᠦᠨ ᠣᠨ (1328 ᠣᠨ ) ᠪ ᠭᠤᠷᠪᠠᠲᠤᠭᠠᠷ ᠰᠠᠷ᠎ᠠ ᠳᠤ ᠲᠣᠭᠲᠡᠮᠦᠷ ᠊ᠢ ᠳᠠᠭᠠᠵᠤ ᠵᠢᠶᠠᠩᠯᠢᠩ ( ᠣᠲᠣ ᠶ᠋ᠢᠨ ᠬᠤᠪᠧᠢ ᠶ᠋ᠢᠨ ᠵᠢᠶᠠᠩᠯᠢᠩ ) ᠳᠤ ᠴᠦᠯᠡᠭᠳᠡᠪᠡ ᠃ ᠲᠣᠭᠲᠡᠮᠦᠷ ᠣᠯᠠᠨ ᠭᠠᠵᠠᠷ ᠶ᠋ᠢᠠᠷ ᠴᠦᠯᠡᠭᠳᠡᠯ ᠠᠮᠢᠲᠤᠷᠠᠯ ᠊ᠢ ᠥᠩᠭᠡᠷᠡᠭᠦᠯᠵᠦ ᠬᠦᠴᠢᠷ ᠪᠡᠷᠬᠡᠲᠡᠢ ᠪᠠᠶ᠋ᠢᠬᠰᠠᠨ ᠦᠶ᠎ᠡ ᠳᠤ ᠪᠣᠲᠠᠰᠢᠷᠢ ᠬᠠᠲᠤᠨ ᠲᠡᠭᠦᠨ ᠊ᠢ ᠳᠠᠭᠠᠵᠤ ᠵᠣᠪᠠᠯ ᠵᠢᠷᠭᠠᠯ ᠶ᠋ᠢᠠᠨ ᠬᠠᠮᠲᠤᠤᠠᠬᠠᠨ ᠬᠠᠷᠢᠯᠴᠠᠨ ᠵᠣᠷᠢᠭ᠍ᠵᠢᠭᠤᠯᠵᠤ ᠬᠠᠮᠲᠤ ᠪᠠᠷ ᠲᠡᠮᠡᠴᠡᠭᠰᠡᠨ ᠪ ᠤᠴᠢᠷ ᠲᠣᠭᠲᠡᠮᠦᠷ ᠲᠡᠭᠦᠨ ᠳᠤ ᠮᠠᠰᠢ ᠬᠠᠶ᠋ᠢᠷᠠᠲᠠᠢ ᠪᠥᠭᠡᠳ ᠰᠠᠨᠠᠯ ᠵᠥᠪᠯᠡᠯᠭᠡ ᠶ᠋ᠢ ᠬᠦᠨᠳᠦᠳᠬᠡᠨ ᠦᠵᠡᠳᠡᠭ ᠪᠦᠯᠦᠭᠡ ᠃
ᠲᠣᠭᠲᠡᠮᠦᠷ ᠵᠠᠶᠠᠭᠠᠲᠤ ᠬᠠᠭᠠᠨ ᠳᠤ ᠬᠣᠶᠠᠷ ᠬᠥᠪᠡᠭᠦᠨ ᠪᠤᠢ ᠃ ᠠᠬᠠᠮᠠᠳ ᠬᠥᠪᠡᠭᠦᠨ ᠨᠢ ᠷᠠᠤᠠᠨᠠᠲᠠᠷᠠ ᠂ ᠬᠣᠶᠠᠳᠤᠭᠠᠷ ᠬᠥᠪᠡᠭᠦᠨ ᠨᠢ ᠬᠦᠨᠡᠲᠡᠷᠡ ᠭᠡᠳᠡᠭ ᠃ ᠲᠡᠷᠡ ᠳᠠᠬᠢᠨᠲᠠ ᠬᠠᠭᠠᠨ ᠪ ᠣᠷᠣ ᠳᠤ ᠰᠠᠭᠤᠭᠰᠠᠨ ᠪ ᠲᠠᠷᠠᠬ᠋᠎ᠠ ᠂ ᠠᠬᠠᠮᠠᠳ ᠬᠥᠪᠡᠭᠦᠨ ᠷᠠᠤᠠᠨᠠᠲᠠᠷᠠ ᠶ᠋ᠢ ᠤᠷᠢᠲᠠ ᠪᠠᠷ ᠶᠠᠨ ᠸᠠᠩ ᠡᠷᠭᠦᠮᠵᠢᠯᠡᠵᠦ ᠂ ᠳᠠᠷᠠᠭ᠎ᠠ ᠪᠡᠷ ᠬᠣᠩ ᠲᠠᠶ᠋ᠢᠽᠢ ᠡᠷᠭᠦᠮᠵᠢᠯᠡᠨ ᠶᠡᠬᠡ ᠬᠠᠭᠠᠨ ᠪ ᠬᠠᠤᠯᠢ ᠶᠣᠰᠣᠨ ᠪ ᠵᠠᠯᠭᠠᠮᠵᠢᠯᠠᠭᠴᠢ ᠪᠣᠯᠭᠠᠪᠠ᠃ ᠲᠡᠷᠡ ᠪᠠᠰᠠ ᠠᠬ᠎ᠠ ᠬᠣᠱ᠌ᠢᠯᠨ ᠬᠣᠲᠣᠭᠲᠦ ᠬᠠᠭᠠᠨ ᠪ ᠪᠡᠯᠪᠡᠰᠦᠨ ᠬᠠᠲᠤᠨ ᠪᠠᠪᠤᠱᠠ ᠬᠢᠭᠡᠳ ᠲᠡᠭᠦᠨ ᠡᠴᠡ ᠲᠥᠷᠥᠭᠰᠡᠨ ᠬᠥᠪᠡᠭᠦᠨ ᠷᠢᠨᠴᠢᠨᠪᠠᠯ ᠊ᠢ ᠲᠠᠶ᠋ᠢᠲᠦ ᠳᠤ ᠰᠢᠯᠵᠢᠭᠦᠯᠦᠨ ᠠᠪᠴᠢᠷᠠᠭᠠᠳ ᠹᠥ᠋ ᠸᠠᠩ ᠡᠷᠭᠦᠮᠵᠢᠯᠡᠪᠡ᠃ ᠷᠢᠨᠴᠢᠨᠪᠠᠯ ᠡᠨᠡ ᠦᠶ᠎ᠡ ᠳᠤ ᠲᠠᠪᠤᠨ ᠨᠠᠰᠤ ᠲᠠᠢ ᠪᠠᠶ᠋ᠢᠵᠤᠬᠤᠢ ᠃ ᠬᠣᠱ᠌ᠢᠯᠨ ᠬᠣᠲᠣᠭᠲᠦ ᠬᠠᠭᠠᠨ ᠳᠤ ᠪᠠᠰᠠ ᠨᠢᠭᠡᠨ ᠬᠥᠪᠡᠭᠦᠨ ᠪᠣᠢ᠃ ᠨᠡᠷ᠎ᠡ ᠨᠢ ᠲᠣᠬᠣᠨᠲᠡᠮᠤᠷ ᠭᠡᠳᠡᠭ᠃ ᠨᠠᠰᠤ ᠨᠢ ᠷᠢᠨᠴᠢᠨᠪᠠᠯ ᠠ᠋ᠴᠠ ᠠᠬ᠎ᠠ ᠪᠣᠯᠪᠠᠴᠤ ᠰᠤᠯᠠ ᠬᠠᠲᠤᠨ ᠮᠠᠶ᠋ᠢᠯᠠᠶ᠋ᠢᠲᠢ ᠠ᠋ᠴᠠ ᠲᠥᠷᠥᠭᠰᠡᠨ ᠪᠣᠯᠬᠣᠷ ᠲᠡᠭᠦᠨ ᠊ᠢ ᠸᠠᠩ ᠡᠷᠭᠦᠮᠵᠢᠯᠡᠭᠰᠡᠨ ᠦᠭᠡᠢ᠃
ᠪᠠᠪᠤᠱᠠ ᠬᠠᠲᠤᠨ ᠲᠠᠶ᠋ᠢᠲᠦ ᠳ᠋ᠤ᠌ ᠰᠢᠯᠵᠢᠵᠦ ᠢᠷᠡᠭᠡᠳ ᠬᠠᠭᠠᠨ ᠪ ᠣᠷᠳᠣᠨ ᠪ ᠪᠠᠶᠠᠨ ᠵᠢᠷᠭᠠᠯ ᠲᠠᠢ ᠠᠮᠢᠳᠤᠷᠠᠯ ᠊ᠢ ᠥᠩᠭᠡᠷᠡᠭᠦᠯᠬᠦ ᠪᠣᠯᠪᠠᠴᠤ ᠥᠪᠡᠷ ᠦ᠋ᠨ ᠡᠷ᠎ᠡ ᠨᠥᠬᠥᠷ ᠬᠣᠱ᠌ᠢᠯᠨ ᠬᠣᠲᠣᠭᠲᠦ ᠬᠠᠭᠠᠨ ᠪ ᠬᠠᠯᠢᠬᠰᠠᠨ ᠊ᠢ ᠪᠣᠳᠣᠪᠠᠯ ᠰᠡᠳᠬᠢᠯ ᠦ᠋ᠨ ᠳᠣᠲᠣᠷ᠎ᠠ ᠰᠡᠵᠢᠭ ᠲᠥᠷᠥᠵᠦ ᠂ ᠶᠡᠷᠦᠲᠡ ᠶ᠋ᠢᠨ ᠶᠠᠷᠢᠯᠴᠠᠭᠠᠨ ᠪ ᠳᠤᠮᠳᠠ ᠳᠤᠷ᠎ᠠ ᠦᠭᠡᠶ᠋ᠢᠴᠡᠭᠰᠡᠨ ᠪᠠᠶ᠋ᠢᠳᠠᠯ ᠊ᠢ ᠢᠯᠡᠷᠡᠭᠦᠯᠪᠡ᠃
ᠪᠣᠲᠠᠰᠢᠷᠢ ᠬᠠᠲᠤᠨ ᠬᠡᠮᠡᠭᠴᠢ ᠤᠯᠤᠰ ᠲᠥᠷᠥ ᠶ᠋ᠢᠨ ᠲᠡᠮᠡᠴᠡᠯ ᠳᠤ ᠬᠤᠷᠴᠠ ᠰᠡᠷᠭᠡᠭ ᠬᠥᠮᠦᠨ ᠪᠥᠯᠥᠭᠡ᠃ ᠲᠡᠷᠡ ᠣᠷᠳᠣᠨ ᠪ ᠳᠣᠲᠣᠷᠠᠬᠢ ᠬᠥᠮᠦᠰ ᠦ᠋ᠨ ᠶᠠᠷᠢᠯᠴᠠᠭᠠᠨ ᠪᠣᠯᠤᠨ ᠡᠩ ᠦ᠋ᠨ ᠡᠳᠦᠷ ᠦ᠋ᠨ ᠦᠢᠯᠡ ᠬᠦᠲᠡᠯᠦᠯ ᠡᠴᠡ ᠪᠠᠪᠤᠱᠠ ᠶ᠋ᠢᠨ ᠰᠡᠳᠬᠢᠯ ᠦ᠋ᠨ ᠭᠦᠨ ᠳᠤ ᠬᠣᠷᠣᠰᠤᠯ ᠵᠠᠨᠤᠯ ᠡᠪᠦᠷᠯᠡᠵᠦ ᠪᠠᠶ᠋ᠢᠭ᠎ᠠ ᠶ᠋ᠢ ᠰᠡᠷᠡᠵᠦ ᠮᠡᠳᠡᠪᠡ᠃
ᠨᠢᠭᠡᠨ ᠡᠳᠦᠷ ᠪᠣᠲᠠᠰᠢᠷᠢ ᠬᠠᠲᠤᠨ ᠬᠠᠭᠠᠨ ᠳ᠋ᠤᠷ ᠠᠶ᠋ᠢᠯᠠᠤᠠᠬᠠᠷᠤᠨ ᠄ 《 ᠡᠲᠦᠭᠡ ᠪᠠᠪᠤᠱᠠ ᠬᠠᠲᠤᠨ ᠠ᠋ᠴᠠ ᠲᠥᠷᠥᠭᠰᠡᠨ ᠷᠢᠨᠴᠢᠨᠪᠠᠯ ᠊ᠢ ᠹᠥ ᠸᠠᠩ ᠡᠷᠭᠦᠮᠵᠢᠯᠡᠭᠰᠡᠨ ᠨᠢ ᠷᠠᠤᠠᠨᠠᠲᠠᠷᠠ ᠬᠤᠩ ᠲᠠᠶ᠋ᠢᠽᠢ ᠬᠣᠵᠢᠮ ᠦ᠋ᠨ ᠲᠤᠬᠠᠢ ᠡᠲᠦᠷ ᠶᠡᠬᠡ ᠬᠠᠭᠠᠨ ᠪ ᠣᠷᠣ ᠵᠠᠯᠭᠠᠮᠵᠢᠯᠠᠬᠤ ᠳᠤ ᠠᠰᠢᠬ ᠦᠭᠡᠢ ᠃ ᠣᠷᠳᠣᠨ ᠪ ᠳᠣᠲᠣᠷᠠᠬᠢ ᠬᠥᠮᠦᠰ ᠦ᠋ᠨ ᠶᠠᠷᠢᠶ᠎ᠠ ᠬᠡᠯᠡᠯᠴᠡᠭᠡ ᠡᠴᠡ ᠰᠣᠨᠣᠰᠪᠠᠰᠤ ᠪᠠᠪᠤᠱᠠ ᠬᠠᠲᠤᠨ ᠪᠡᠷ ᠬᠤᠲᠤᠭᠲᠤ ᠬᠠᠭᠠᠨ ᠪ ᠬᠠᠯᠢᠭᠰᠠᠨ ᠳᠤ ᠮᠠᠰᠢ ᠶᠡᠬᠡ ᠰᠡᠵᠢᠭ ᠠᠵᠢᠬ ᠲᠠᠢ ᠪᠣᠢ ᠬᠡᠮᠡᠮᠦ ᠃ ᠳᠣᠬᠣᠨᠲᠡᠮᠦᠷ ᠦ᠋ᠨ ᠡᠬᠡ ᠮᠠᠶ᠋ᠢᠯᠠᠶ᠋ᠢᠲᠠᠢ ᠳᠣᠣᠷᠠᠲᠤ ᠭᠠᠷᠤᠯ ᠲᠠᠢ ᠪᠣᠯᠪᠠᠴᠤ ᠳᠣᠬᠣᠨᠲᠡᠮᠦᠷ ᠬᠠᠷᠢᠨ ᠬᠤᠲᠤᠭᠲᠤ ᠬᠠᠭᠠᠨ ᠪ ᠠᠬᠠᠮᠠᠳ ᠬᠥᠪᠡᠭᠦᠨ ᠪᠣᠯᠤᠭᠰᠠᠨ ᠪ ᠬᠤᠪᠢ ᠪᠠᠷ ᠬᠡᠳᠦᠨ ᠵᠢᠯ ᠦ᠋ᠨ ᠳᠠᠷᠠᠭ᠎ᠠ ᠸᠠᠩ ᠡᠷᠭᠦᠮᠵᠢᠯᠡᠬᠦ ᠶ᠋ᠢ ᠱᠠᠭᠠᠷᠲᠠᠬᠤ ᠂ ᠴᠢᠨᠠᠭᠰᠢᠯᠠᠭᠠᠳ ᠬᠤᠸᠠᠩ ᠲᠠᠶ᠋ᠢᠽᠢ ᠶ᠋ᠢᠨ ᠣᠷᠣ ᠶ᠋ᠢ ᠪᠤᠯᠢᠶᠠᠯᠳᠤᠬᠤ ᠪᠣᠯᠪᠠᠰᠤ ᠬᠣᠵᠢᠮ ᠦ᠋ᠨ ᠵᠣᠪᠠᠯᠠᠩ ᠪᠣᠯᠤᠮᠤᠢ᠃ ᠲᠡᠶ᠋ᠢᠨ ᠬᠦ ᠣᠳᠣ ᠨᠠᠰᠤ ᠪᠠᠭ᠎ᠠ ᠪᠠᠶ᠋ᠢᠬ᠋᠎ᠠ ᠳᠡᠭᠡᠷ᠎ᠡ ᠨᠢ ᠠᠯᠤᠰ ᠭᠠᠵᠠᠷ ᠰᠢᠯᠵᠢᠭᠦᠯᠵᠦ ᠰᠠᠭᠤᠯᠭᠠᠪᠠᠰᠤ ᠰᠠᠶ᠋ᠢᠨ 》 ᠬᠡᠮᠡᠪᠡ ᠃
ᠲᠤᠭᠲᠡᠮᠦᠷ ᠭᠡᠭᠴᠢ ᠪᠢᠴᠢᠭ ᠦ᠋ᠨ ᠰᠤᠷᠭᠠᠯ ᠦ᠋ᠨ ᠨᠥᠯᠥᠭᠡ ᠶ᠋ᠢ ᠭᠦᠨ ᠬᠦᠷᠲᠡᠭᠰᠡᠨ ᠪᠣᠯᠬᠣᠷ ᠲᠥᠪ ᠤᠲᠤᠮᠰᠢᠯ ᠦ᠋ᠨ ᠦᠵᠡᠯ ᠰᠠᠨᠠᠭ᠎ᠠ ᠬᠦᠨᠳᠦ ᠪᠤᠶᠤ᠃ ᠲᠡᠷᠡ ᠪᠣᠲᠡᠰᠢᠷᠢ ᠬᠠᠲᠤᠨ ᠪ ᠥᠭᠦᠯᠡᠬᠦ ᠶ᠋ᠢ ᠰᠣᠨᠣᠰᠤᠭᠠᠳ 《 ᠮᠠᠰᠢ ᠶᠣᠰᠣ ᠲᠠᠢ ᠪᠠᠶ᠋ᠢᠨᠠᠮ 》 ᠬᠡᠮᠡᠭᠡᠳ ᠪᠠᠪᠤᠱᠠ ᠶ᠋ᠢ 《 ᠥᠪᠡᠷ ᠶ᠋ᠢᠡᠨ ᠦᠬᠦ ! 》 ᠬᠡᠮᠡᠨ ᠨᠢᠭᠤᠴᠠ ᠪᠡᠷ ᠵᠠᠷᠯᠠᠵᠤ ᠦᠭᠦᠭᠦᠯᠦᠭᠡᠳ ᠂ ᠠᠷᠪᠠᠨ ᠨᠠᠰᠤᠲᠠᠢ ᠲᠣᠬᠣᠨᠲᠡᠮᠦᠷ ᠊ᠢ ᠳ᠋ᠠᠴᠢᠩ ᠠᠷᠠᠯ ᠳᠤ ᠴᠦᠯᠡᠵᠦ ᠶᠠᠪᠤᠭᠤᠯᠪᠠ᠃ ᠷᠢᠨᠴᠢᠨᠪᠠᠯ ᠨᠠᠰᠤ ᠪᠠᠬ᠋᠎ᠠ ᠪᠣᠯᠬᠣᠷ ᠲᠥᠷ ᠥᠷᠥᠰᠢᠶᠡᠵᠦ ᠣᠷᠳᠣᠨ ᠳᠤ ᠦᠯᠡᠲᠡᠭᠡᠪᠡ᠃
ᡁᠢ ᠱᠦᠨ ᠪ ᠬᠣᠶᠠᠲᠤᠭᠠᠷ ᠣᠨ (1331 ᠣᠨ ) ᠪ ᠴᠠᠭᠠᠨ ᠰᠠᠷ᠎ᠠ ᠳᠤ ᠷᠠᠤᠠᠨᠠᠲᠠᠷᠠ ᠭᠡᠨᠡᠳᠲᠡ ᠲᠦᠷᠭᠡᠨ ᠡᠪᠡᠳᠴᠢᠨ ᠣᠯᠵᠤ ᠦᠬᠦᠭᠰᠡᠨ ᠪᠠᠶ᠋ᠢᠪᠠ᠃ ᠬᠣᠶᠠᠳᠤᠭᠠᠷ ᠬᠥᠪᠡᠭᠦᠨ ᠬᠦᠨᠡᠲᠠᠷᠠ ᠪᠠᠰᠠ ᠬᠦᠨᠳᠦ ᠡᠪᠡᠳᠴᠢᠯᠡᠵᠦ ᠪᠣᠰᠴᠤ ᠳᠡᠶ᠋ᠢᠯᠬᠦ ᠦᠭᠡᠢ ᠪᠣᠯᠵᠠᠢ᠃ ᠲᠤᠭᠲᠡᠮᠦᠷ ᠵᠠᠶᠠᠭᠠᠲᠤ ᠬᠠᠭᠠᠨ ᠪᠣᠯᠤᠨ ᠪᠤᠲᠠᠰᠢᠷᠢ ᠬᠠᠲᠤᠨ ᠲᠣᠩ ᠶᠡᠬᠡ ᠰᠡᠳᠬᠢᠯ ᠵᠣᠪᠠᠵᠤ ᠯᠠᠮᠠ ᠵᠠᠯᠠᠵᠤ ᠨᠣᠮ ᠭᠦᠷᠢᠮ ᠬᠢᠯᠭᠡᠬᠦ ᠶ᠋ᠢᠨ ᠬᠠᠮᠲᠤ ᠲᠠᠢ ᠫᠢᠩ ᠸᠠᠩ ᠡᠯᠲᠡᠮᠦᠷ ᠲᠤ ᠬᠦᠨᠡᠲᠠᠷᠠ ᠶ᠋ᠢ ᠲᠤᠰᠢᠶᠠᠨ ᠥᠭᠴᠦ ᠠᠰᠠᠷᠠᠭᠤᠯᠤᠭᠰᠠᠨ ᠪᠠ ᠨᠡᠷ᠎ᠡ ᠶ᠋ᠢ ᠡᠯᠲᠡᠭᠦᠰ ᠬᠡᠮᠡᠨ ᠬᠠᠯᠠᠪᠠ ᠃
ᠡᠯᠲᠡᠮᠦᠷ ᠂ ᠬᠠᠭᠠᠨ ᠪ ᠲᠠᠶ᠋ᠢᠽᠢ ᠶ᠋ᠢ ᠠᠰᠠᠷᠠᠨ ᠲᠡᠵᠢᠭᠡᠬᠦ ᠬᠦᠨᠳᠦ ᠡᠭᠦᠷᠭᠡ ᠶ᠋ᠢ ᠬᠦᠯᠢᠶᠡᠨ ᠠᠪᠤᠭᠠᠳ ᠡᠳᠦᠷ ᠰᠥᠨᠢ ᠶ᠋ᠢᠨ ᠬᠣᠭᠣᠷᠣᠨᠳᠣ ᠰᠡᠤᠠᠬᠢᠯ ᠲᠠᠯᠪᠢᠨ ᠰᠤᠪᠢᠯᠠᠵᠤ ᠡᠮᠨᠡᠭᠦᠯᠦᠭᠰᠡᠨ ᠪ ᠤᠯᠠᠮ ᠶ᠋ᠢᠠᠷ ᠡᠯᠲᠡᠭᠦᠰ ( ᠬᠦᠨᠡᠲᠠᠷᠠ ) ᠦ᠋ᠨ ᠡᠪᠡᠤᠠᠴᠢᠨ ᠡᠲᠦᠷ ᠡᠴᠡ ᠡᠲᠦᠷ ᠢᠯᠠᠷᠢ ᠪᠣᠯᠵᠠᠢ ᠃ ᠭᠡᠲᠡᠯ᠎ᠡ ᠲᠣᠭᠲᠡᠮᠦᠷ ᠬᠠᠭᠠᠨ ᠬᠡᠲᠦᠷᠬᠡᠢ ᠰᠡᠤᠠᠬᠢᠯ ᠵᠣᠪᠠᠭᠰᠠᠨ ᠠ᠋ᠴᠠ ᠪᠣᠯᠵᠤ ᠬᠦᠨᠲᠦ ᠡᠪᠡᠤᠠᠴᠦ ᠵᠠᠰᠠᠭ ᠲᠥᠷᠥ ᠶ᠋ᠢᠨ ᠬᠡᠷᠡᠭ ᠊ᠢ ᠪᠡᠶ᠎ᠡ ᠪᠡᠷ ᠰᠢᠢᠤᠠᠬᠡᠵᠦ ᠳᠡᠶ᠋ᠢᠯᠬᠦ ᠦᠭᠡᠢ ᠪᠣᠯᠵᠠᠢ ᠃
ᠡᠷᠲᠡᠨ ᠪ ᠦᠭᠡᠨ ᠳᠤ᠄ 《 ᠰᠢᠪᠠᠭᠤᠳ ᠦᠬᠦᠬᠦ ᠰᠢᠬᠠᠪᠠᠰᠤ ᠳᠠᠭᠤᠨ ᠠᠨᠤ ᠡᠮᠭᠡᠨᠢᠯᠲᠡᠢ ᠂ ᠬᠥᠮᠦᠨ ᠦᠬᠦᠬᠦ ᠰᠢᠬᠠᠪᠠᠰᠤ ᠦᠭᠡ ᠢᠨᠦ ᠰᠢᠲᠤᠷᠭᠤ ᠬᠡᠮᠡᠵᠦᠬᠦᠢ ᠃ 》 ᠲᠣᠭᠲᠡᠮᠦᠷ ᠬᠠᠭᠠᠨ ᠥᠪᠡᠷ ᠦ᠋ᠨ ᠪᠡᠶ᠎ᠡ ᠨᠢᠭᠡᠨᠲᠡ ᠳᠣᠣᠷ᠎ᠠ ᠣᠷᠣᠵᠤ ᠨᠠᠰᠤᠨ ᠬᠡᠮᠵᠢᠶ᠎ᠡ ᠲᠤᠯᠤᠭᠰᠠᠨ ᠶ᠋ᠢᠠᠨ ᠪᠠᠷᠤᠭᠴᠠᠭᠠᠵᠤ ᠮᠡᠲᠡᠭᠡᠳ ᠯᠠᠮᠠ ᠵᠠᠯᠠᠵᠤ ᠪᠡᠶ᠎ᠡ ᠶ᠋ᠢ ᠠᠷᠢᠭᠤᠤᠠᠬᠠᠨ ᠨᠣᠮ ᠤᠩᠰᠢᠭᠤᠯᠵᠤ ᠂ ᠬᠠᠭᠠᠨ ᠣᠷᠣ ᠪᠤᠯᠢᠶᠠᠯᠲᠤᠭᠰᠠᠨ ᠥᠩᠭᠡᠷᠡᠭᠰᠡᠨ ᠪ ᠬᠠᠷᠠᠰᠠᠯᠲᠤ ᠬᠡᠷᠡᠭ ᠦ᠋ᠳ ᠊ᠢ ᠨᠠᠮᠠᠨᠴᠢᠯᠠᠨ ᠡᠷᠭᠢᠴᠡᠭᠦᠯᠵᠦ ᠰᠡᠤᠠᠬᠢᠯ ᠦ᠋ᠨ ᠳᠣᠲᠣᠷ᠎ᠠ ᠪᠠᠨ ᠶᠡᠬᠡᠲᠡ ᠢᠴᠢᠩᠭᠦᠷᠡᠨ ᠭᠡᠮᠰᠢᠪᠡ ᠃ ᠲᠡᠷᠡ ᠪᠡᠷ ᠰᠡᠤᠠᠬᠢᠷᠦᠨ ᠄ 《 ᠮᠡᠬᠦᠰ ᠪᠢ ᠠᠷᠬ᠋᠎ᠠ ᠤᠬᠠᠭᠠᠨ ᠶ᠋ᠢᠠᠷ ᠶᠡᠬᠡ ᠬᠠᠭᠠᠨ ᠪ ᠰᠠᠭᠤᠷᠢᠨ ᠊ᠢ ᠡᠵᠡᠯᠡᠵᠦ ᠲᠠᠪᠤᠨ ᠵᠢᠯ ᠪᠣᠯᠪᠠᠢ ᠃ ᠪᠢᠴᠢᠭ ᠦ᠋ᠨ ᠡᠷᠲᠡᠮ ᠴᠡᠷᠢᠭ ᠦ᠋ᠨ ᠭᠠᠪᠢᠶ᠎ᠠ ᠪᠠᠷ ᠰᠠᠶ᠋ᠢᠨ ᠨᠡᠷ᠎ᠡ ᠶ᠋ᠢ ᠣᠯᠵᠤ ᠳᠡᠭᠡᠳᠦ ᠳᠣᠣᠷᠡᠬᠢᠨ ᠳ᠋ᠤᠷ ᠬᠦᠷᠢᠶᠡᠯᠡᠭᠳᠡᠪᠡ᠃ ᠭᠡᠪᠡᠴᠦ ᠲᠥᠷᠥᠯ ᠦ᠋ᠨ ᠨᠣᠶᠠᠳ ᠪᠠ ᠪᠢᠴᠢᠭ ᠴᠡᠷᠢᠭ ᠦ᠋ᠨ ᠲᠦᠰᠢᠮᠡᠳ ᠦ᠋ᠨ ᠳᠣᠲᠣᠷ᠎ᠠ ᠬᠤᠲᠤᠭᠲᠤ ᠬᠠᠭᠠᠨ ᠊ᠢ ᠪᠦᠷᠢᠮᠦᠰᠦᠨ ᠤᠮᠠᠷᠲᠠᠬᠤ ᠶᠣᠰᠣᠨ ᠪᠤᠢ ᠦᠦ ? ᠣᠲᠣᠬᠠᠨ ᠳᠤ ᠣᠯᠠᠨ ᠪ ᠰᠡᠤᠠᠬᠢᠯ ᠊ᠢ ᠥᠲᠡᠭᠡᠷᠦᠨ ᠬᠥᠪᠡᠭᠦᠨ ᠡᠯᠲᠡᠭᠦᠰ ᠊ᠢ ᠪᠠᠶ᠋ᠢᠭᠤᠯᠪᠠᠰᠤ ᠬᠣᠶ᠋ᠢᠰᠢᠲᠠ ᠶ᠋ᠢᠨ ᠵᠣᠪᠠᠯᠠᠩ ᠪᠣᠯᠬᠤ ᠪᠣᠯᠠᠢ ᠃ ᠳᠡᠶ᠋ᠢᠨ ᠬᠦ ᠲᠥᠷᠥ ᠤᠯᠤᠰ ᠶ᠋ᠢᠠᠨ ᠠᠮᠤᠷ ᠲᠦᠪᠰᠢᠨ ᠪᠠᠶ᠋ᠢᠯᠭᠠᠵᠤ ᠲᠡᠦᠬᠡᠨ᠎ᠡ ᠰᠠᠶ᠋ᠢᠨ ᠨᠡᠷ᠎ᠡ ᠶ᠋ᠢ ᠬᠣᠴᠣᠷᠭᠠᠰᠤᠭᠠᠢ ᠬᠡᠮᠡᠪᠡᠰᠦ ᠬᠤᠲᠤᠭᠲᠤ ᠬᠠᠭᠠᠨ ᠪ ᠬᠥᠪᠡᠭᠦᠨ ᠊ᠢ ᠪᠠᠶ᠋ᠢᠭᠤᠯᠪᠠᠰᠤ ᠵᠣᠬᠢᠰᠲᠠᠢ 》 ᠬᠡᠮᠡᠭᠡᠳ ᠪᠣᠲᠡᠰᠢᠷᠢ ᠬᠠᠲᠤᠨ ᠯᠤᠬ᠋᠎ᠠ ᠵᠥᠪᠲᠡᠪᠡᠰᠦ ᠪᠣᠲᠡᠰᠢᠷᠢ ᠬᠠᠲᠤᠨ ᠨᠢᠯᠪᠤᠰᠤ ᠤᠨᠠᠭᠠᠨ ᠥᠭᠦᠯᠡᠷᠦᠨ ᠄ 《 ᠣᠲᠣᠬᠢ ᠪᠠᠶ᠋ᠢᠲᠠᠯ ᠊ᠢ ᠦᠵᠡᠪᠡᠰᠦ ᠣᠨᠲᠣᠣ ᠰᠠᠶ᠋ᠢᠨ ᠠᠷᠬ᠋᠎ᠠ ᠦᠭᠡᠢ 》 ᠬᠡᠮᠡᠭᠡᠳ ᠬᠣᠱᠶ᠋ᠯᠠ ᠬᠤᠲᠤᠭᠲᠤ ᠬᠠᠭᠠᠨ ᠪ ᠪᠠᠪᠤᠱᠨ ( ᠨᠠᠶ᠋ᠢᠮᠡᠵᠢᠨ ) ᠬᠠᠲᠤᠨ ᠠ᠋ᠴᠠ ᠲᠥᠷᠥᠭᠰᠡᠨ ᠷᠢᠨᠴᠢᠨᠪᠠᠯ ᠊ᠢ ᠬᠣᠩ ᠳᠠᠶ᠋ᠢᠽᠢ ᠡᠷᠭᠦᠮᠵᠢᠯᠡᠵᠦ ᠬᠠᠤᠯᠢ ᠶᠣᠰᠣᠨ ᠪ ᠵᠠᠯᠭᠠᠮᠵᠢᠯᠠᠭᠴᠢ ᠪᠣᠯᠭᠠᠬᠤ ᠪᠠᠷ ᠲᠣᠭᠲᠠᠵᠠᠢ ᠃
ᠲᠡᠲᠦᠢ ᠳ᠋ᠤᠷ ᠲᠠᠢ ᠫᠢᠩ ᠸᠠᠩ ᠡᠯᠲᠡᠮᠤᠷ ᠭᠠᠪᠢᠶ᠎ᠠ ᠬᠡᠷᠬᠡᠮ ᠳᠤ ᠪᠡᠨ ᠡᠷᠡᠮᠰᠢᠨ ᠡᠲᠦᠷ ᠰᠥᠨᠢ ᠶ᠋ᠢᠨ ᠬᠣᠭᠣᠷᠣᠨᠲᠣ ᠠᠷᠢᠬᠢᠨ ᠨᠠᠭᠤᠷ ᠮᠢᠬᠠᠨ ᠰᠢᠭᠤᠢ ᠶ᠋ᠢᠨ ᠳᠤᠮᠳᠠ ᠵᠢᠷᠭᠠᠨ ᠴᠡᠩᠬᠡᠯᠳᠦᠭᠰᠡᠭᠡᠷ ᠪᠠᠶ᠋ᠢᠭᠠᠳ ᠲᠠᠮᠢᠷ ᠲᠡᠩᠬᠡᠭᠡ ᠪᠡᠨ ᠪᠠᠷᠠᠭᠠᠳ ᠬᠡᠪᠲᠡᠯᠭᠡᠨ ᠳᠤ ᠣᠷᠣᠭᠠᠳ ᠪᠠᠶ᠋ᠢᠬᠰᠠᠨ ᠲᠤᠯᠠ ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠦ᠋ᠨ ᠵᠠᠬᠢᠷᠤᠭᠴᠢ ᠪᠠᠶᠠᠨ ᠊ᠢ ᠳᠠᠭᠤᠳᠠᠨ ᠢᠷᠡᠭᠦᠯᠵᠦ ᠵᠥᠪᠲᠡᠵᠦᠬᠦᠢ ᠃
ᠪᠠᠶᠠᠨ ᠠᠶ᠋ᠢᠯᠠᠤᠠᠬᠠᠷᠤᠨ ᠄ 《 ᠳᠠᠶ᠋ᠢᠽᠢ ᠡᠯᠲᠡᠭᠦᠰ ᠪᠣᠯᠤᠨ ᠷᠢᠨᠴᠢᠨᠪᠠᠯ ᠦ᠋ᠨ ᠨᠠᠰᠤ ᠰᠠᠴᠠᠭᠤ ᠲᠤᠯᠠ ᠡᠯᠲᠡᠭᠦᠰ ᠊ᠢ ᠪᠠᠶ᠋ᠢᠭᠤᠯᠪᠠᠰᠤ ᠳᠡᠭᠡᠳᠦ ᠳᠣᠣᠷᠡᠬᠢᠨ ᠪᠦᠭᠦᠲᠡᠭᠡᠷ ᠬᠦᠷᠢᠶᠡᠯᠡᠮᠦᠢ 》 ᠬᠡᠮᠡᠪᠡ ᠃
ᠲᠣᠭᠲᠡᠮᠦᠷ ᠬᠠᠭᠠᠨ ᠥᠭᠦᠯᠡᠷᠦᠨ ᠄ 《 ᠮᠢᠨᠦ ᠰᠠᠨᠠᠬ᠋᠎ᠠ ᠨᠢᠭᠡᠨᠲᠡ ᠲᠣᠭᠲᠠᠪᠠᠢ ᠃ ᠡᠲᠦᠭᠡ ᠳᠠᠶ᠋ᠢᠱᠶ᠋ ( ᠡᠯᠲᠡᠮᠤᠷ ) ᠶ᠋ᠢᠨ ᠨᠠᠰᠤ ᠠᠬᠢᠵᠤ ᠪᠡᠶ᠎ᠡ ᠲᠠᠮᠢᠷ ᠮᠠᠭᠤᠵᠢᠷᠠᠭᠠᠳ ᠵᠠᠰᠠᠭ ᠲᠥᠷᠥ ᠶ᠋ᠢᠨ ᠬᠡᠷᠡᠭ ᠲᠦ ᠣᠷᠣᠯᠴᠠᠵᠤ ᠳᠡᠶ᠋ᠢᠯᠬᠦ ᠦᠭᠡᠢ ᠪᠣᠯᠪᠠ ᠃ ᠬᠣᠵᠢᠮ ᠦ᠋ᠨ ᠶᠡᠬᠡ ᠤᠶ᠋ᠢᠯᠠ ᠶ᠋ᠢ ᠮᠡᠷᠭᠡᠨ ᠰᠠᠶ᠋ᠢᠳ ᠴᠢᠮᠠᠲᠤᠷ ᠢᠲᠡᠭᠡᠮᠦ ᠃ ᠴᠢ ᠪᠡᠷ ᠬᠤᠸᠠᠩᠬᠡᠦ ᠳ᠋ᠤᠷ ᠲᠤᠰᠠᠯᠠᠵᠤ ᠰᠠᠶ᠋ᠢᠨ ᠬᠡᠷᠡᠭ ᠊ᠢ ᠪᠦᠲᠦᠭᠡᠵᠦ ᠂ ᠹᠦ᠋ ᠸᠠᠩ ᠊ᠢ ᠪᠦᠬᠦ ᠰᠡᠤᠠᠬᠢᠯ ᠶ᠋ᠢᠡᠷ ᠬᠠᠪᠰᠤᠷᠲᠤᠭᠠᠢ 》 ᠬᠡᠮᠡᠭᠰᠡᠨ᠎ᠡ ᠪᠠᠶᠠᠨ ᠪᠠᠷ ᠬᠠᠭᠠᠨ ᠪ ᠬᠦᠨᠲᠦ ᠬᠡᠰᠢᠭ ᠲᠣᠷ ᠮᠥᠷᠭᠥᠵᠦ ᠨᠢᠲᠦᠨ ᠡᠴᠡ ᠨᠢᠯᠪᠤᠰᠤ ᠤᠨᠠᠭᠠᠨ ᠠᠶ᠋ᠢᠯᠠᠤᠠᠬᠠᠷᠤᠨ ᠄ 《 ᠡᠵᠡᠨ ᠪ ᠵᠠᠷᠯᠢᠬ ᠊ᠢ ᠯᠠᠪᠲᠠᠢ ᠦᠲᠡᠭᠡᠷᠬᠦ ᠦᠭᠡᠢ ᠃ ᠡᠵᠡᠨ ᠪᠠᠷ ᠰᠡᠤᠠᠬᠢᠯ ᠊ᠢ ᠰᠤᠯᠠ ᠲᠠᠯᠪᠢᠲᠤᠭᠠᠢ 》 ᠬᠡᠮᠡᠨ ᠬᠡᠯᠡᠬᠦ ᠶ᠋ᠢᠨ ᠵᠠᠪᠰᠠᠷ ᠲᠣᠭᠲᠡᠮᠦᠷ ᠬᠠᠭᠠᠨ ᠨᠢᠭᠡᠨᠲᠡ ᠠᠮᠢ ᠶᠡᠭᠦᠤᠠᠭᠡᠪᠠᠢ ᠃
ᠲᠣᠭᠲᠡᠮᠦᠷ ᠬᠠᠭᠠᠨ ᠬᠠᠯᠢᠬᠰᠠᠨ ᠊ᠢ ᠡᠯᠲᠡᠮᠤᠷ ᠰᠣᠨᠣᠰᠤᠭᠠᠳ ᠣᠷᠲᠣᠨ ᠳ᠋ᠤᠷ ᠬᠥᠮᠦᠨ ᠶ᠋ᠢᠡᠷ ᠲᠦᠰᠢᠭᠦᠯᠦᠨ ᠢᠷᠡᠭᠡᠳ ᠪᠣᠲᠡᠰᠢᠷᠢ ᠬᠠᠲᠤᠨ ᠳᠤ ᠥᠭᠦᠯᠡᠷᠦᠨ ᠄ 《 ᠬᠠᠭᠠᠨ ᠨᠢᠭᠡᠨᠲᠡ ᠬᠠᠯᠢᠬᠰᠠᠨ ᠲᠤᠯᠠ ᠬᠠᠲᠤᠨ ᠪᠠᠷ ᠵᠠᠷᠯᠢᠬ ᠪᠠᠭᠤᠯᠭᠠᠵᠤ ᠬᠣᠩ ᠳᠠᠶ᠋ᠢᠽᠢ ᠡᠯᠲᠡᠭᠦᠰ ( ᠬᠦᠨᠡᠲᠠᠷᠠ ) ᠊ᠢ ᠪᠠᠶ᠋ᠢᠭᠤᠯᠬᠤ ᠪᠣᠯᠪᠠᠤ 》 ᠬᠡᠮᠡᠬᠦᠶ᠎ᠡ ᠪᠣᠲᠡᠰᠢᠷᠢ ᠬᠠᠲᠤᠨ ᠨᠢᠯᠪᠤᠰᠤ ᠪᠠᠨ ᠠᠷᠴᠢᠨ ᠥᠭᠦᠯᠡᠷᠦᠨ ᠄ 《 ᠹᠦ᠋ ᠸᠠᠩ ᠷᠢᠨᠴᠢᠨᠪᠠᠯ ᠊ᠢ ᠶᠡᠬᠡ ᠣᠷᠣ ᠳᠤ ᠰᠠᠭᠤᠯᠬ᠋ᠠ ᠬᠡᠮᠡᠭᠰᠡᠨ ᠬᠠᠭᠠᠨ ᠪ ᠭᠡᠷᠢᠶᠡᠰ ᠵᠠᠷᠯᠢᠬ ᠪᠤᠢ 》 ᠬᠡᠮᠡᠪᠡ ᠃
ᠡᠯᠲᠡᠮᠤᠷ ᠪᠠᠷ ᠬᠠᠲᠤᠨ ᠪ ᠡᠨᠡ ᠦᠭᠡ ᠶ᠋ᠢ ᠰᠣᠨᠣᠰᠤᠭᠠᠳ ᠶᠡᠬᠡᠲᠡ ᠭᠠᠶ᠋ᠢᠬᠠᠵᠤ ᠥᠭᠦᠯᠡᠷᠦᠨ ᠄ 《 ᠹᠦ᠋ ᠸᠠᠩ ᠶ᠋ᠢᠠᠷ ᠰᠠᠭᠤᠷᠢᠨ ᠊ᠢ ᠵᠠᠯᠭᠠᠮᠵᠢᠯᠠᠭᠤᠯᠬᠤ ᠶ᠋ᠢ ᠰᠠᠶ᠋ᠢᠳ ᠪᠢ ᠬᠦᠯᠢᠶᠡᠵᠦ ᠴᠢᠲᠠᠬᠤ ᠦᠭᠡᠢ 》 ᠬᠡᠮᠡᠭᠰᠡᠨ ᠳ᠋ᠤᠷ ᠪᠣᠲᠡᠰᠢᠷᠢ ᠬᠠᠲᠤᠨ ᠵᠠᠷᠯᠢᠬ ᠪᠣᠯᠤᠷᠤᠨ ᠄ 《 ᠡᠨᠡ ᠬᠡᠷᠡᠭ ᠊ᠢ ᠬᠤᠪᠢᠷᠠᠭᠤᠯᠬᠤᠶᠠ ᠪᠡᠷᠬᠡ ᠂ ᠲᠠᠯᠢᠢᠬᠴᠢ ᠬᠠᠭᠠᠨ ᠪᠠᠷ ᠳᠠᠶ᠋ᠢᠽᠢ ᠶ᠋ᠢᠨ ᠳᠠᠶ᠋ᠢᠪᠦᠦ ᠪᠠᠶᠠᠨ ᠳ᠋ᠤᠷ ᠨᠢᠭᠤᠷ ᠲᠤᠯᠭᠠᠨ ᠵᠠᠬᠢᠬᠰᠠᠨ ᠠᠵᠤᠭᠤ 》 ᠬᠡᠮᠡᠪᠡ ᠃ ᠡᠯᠲᠡᠮᠤᠷ ᠥᠭᠡᠷ᠎ᠡ ᠬᠡᠯᠡᠬᠦ ᠦᠭᠡ ᠦᠭᠡᠢ ᠪᠣᠯᠵᠤ ᠣᠷᠲᠣᠨ ᠠ᠋ᠴᠠ ᠭᠠᠷᠴᠤ ᠪᠠᠶᠠᠨ ᠊ᠢ ᠡᠷᠢᠷ᠎ᠡ ᠣᠴᠢᠪᠠ ᠃
ᠪᠠᠶᠠᠨ ᠪᠠᠷ ᠲᠣᠭᠲᠡᠮᠦᠷ ᠬᠠᠭᠠᠨ ᠪ ᠨᠠᠶ᠋ᠢᠲᠠᠭᠰᠠᠨ ᠶᠣᠰᠣᠭᠠᠷ ᠡᠯᠲᠡᠮᠤᠷ ᠲᠤ ᠨᠢᠭᠡᠳ ᠨᠢᠭᠡ ᠪᠡᠷ ᠲᠤᠰᠢᠶᠠᠵᠤ ᠠᠷᠪᠠᠨ ᠰᠠᠷ᠎ᠠ ᠶ᠋ᠢᠨ ᠲᠦᠷᠪᠠᠨ ᠪ ᠡᠲᠦᠷ ᠳᠠᠶ᠋ᠢᠳᠤ ᠶ᠋ᠢᠨ ᠭᠡᠭᠡᠨ ᠲᠤᠩᠭᠠᠯᠠᠭ ᠬᠠᠷᠰᠢ ᠳᠤ ᠪᠢᠴᠢᠭ ᠴᠡᠷᠢᠭ ᠦ᠋ᠨ ᠲᠦᠰᠢᠮᠡᠳ ᠊ᠢ ᠴᠤᠭᠯᠠᠭᠤᠯᠵᠤ ᠲᠣᠭᠲᠡᠮᠦᠷ ᠬᠠᠭᠠᠨ ᠪ ᠭᠡᠷᠢᠶᠡᠰ ᠵᠠᠷᠯᠢᠬ ᠊ᠢ ᠨᠡᠶ᠋ᠢᠲᠡᠯᠡᠵᠦ ᠹᠦ᠋ ᠸᠠᠩ ᠷᠢᠨᠴᠢᠨᠪᠠᠯ ᠶ᠋ᠢᠠᠷ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠭᠤᠯᠵᠤ ᠂ ᠪᠣᠲᠡᠰᠢᠷᠢ ᠶ᠋ᠢ ᠬᠤᠸᠠᠩ ᠲᠠᠶ᠋ᠢᠬᠡᠦ ᠡᠷᠭᠦᠮᠵᠢᠯᠡᠨ ᠰᠢᠩ ᠱᠸᠩ ᠭᠦᠩ ᠣᠷᠲᠣᠨ᠎ᠠ ᠰᠠᠭᠤᠯᠭᠠᠵᠤ ᠵᠠᠰᠠᠭ ᠲᠣᠷ ᠲᠤᠰᠠᠯᠠᠨ ᠲᠥᠷᠥ ᠶ᠋ᠢᠨ ᠬᠡᠷᠡᠭ ᠊ᠢ ᠰᠢᠢᠤᠠᠬᠡᠭᠦᠯᠪᠡ᠃
ᠲᠡᠨᠲᠡᠴᠡ ᠹᠦ᠋ ᠸᠠᠩ ᠷᠢᠨᠴᠢᠨᠪᠠᠯ ᠳᠦᠴᠢᠨ ᠭᠤᠷᠪᠠᠨ ᠡᠲᠦᠷ ᠬᠠᠭᠠᠨ ᠣᠷᠣ ᠳᠤ ᠰᠠᠭᠤᠭᠠᠳ ᠲᠩᠷᠢ ᠳᠤ ᠬᠠᠯᠢᠪᠠ ᠃ ᠳᠣᠯᠣᠭᠠᠨ ᠨᠠᠰᠤᠲᠠᠢ ᠪᠥᠯᠥᠭᠡ ᠃ ᠡᠯᠲᠡᠮᠤᠷ ᠪᠠᠷ ᠬᠤᠲᠤᠭᠲᠤ ᠬᠠᠭᠠᠨ ᠊ᠢ ᠬᠣᠣᠷᠯᠠᠵᠤ ᠠᠯᠠᠭᠠᠳ ᠲᠡᠭᠦᠨ ᠪ ᠬᠥᠪᠡᠭᠦᠨ ᠶ᠋ᠢᠡᠷ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠭᠤᠯᠬᠤ ᠶ᠋ᠢ ᠤᠭ ᠠ᠋ᠴᠠ ᠵᠥᠪᠰᠢᠶᠡᠷᠡᠬᠦ ᠦᠭᠡᠢ ᠪᠠᠶ᠋ᠢᠬᠰᠠᠨ ᠲᠤᠯᠠ ᠷᠢᠨᠴᠢᠨᠪᠠᠯ ᠦ᠋ᠨ ᠲᠠᠯᠢᠢᠬᠴᠢ ᠪᠣᠯᠤᠭᠰᠠᠨ ᠊ᠢ ᠠᠰᠢᠬᠯᠠᠵᠤ ᠂ ᠡᠯᠲᠡᠭᠦᠰ ᠊ᠢ ᠪᠠᠶ᠋ᠢᠭᠤᠯᠬᠤ ᠪᠠᠷ ᠪᠣᠲᠡᠰᠢᠷᠢ ᠲᠠᠶ᠋ᠢᠬᠡᠦ ᠶ᠋ᠢ ᠡᠷᠢᠵᠦ ᠣᠴᠢᠭᠠᠳ ᠠᠶ᠋ᠢᠯᠠᠤᠠᠬᠠᠷᠤᠨ ᠄ 《 ᠥᠩᠭᠡᠷᠡᠭᠰᠡᠨ ᠪ ᠬᠡᠷᠡᠭ ᠊ᠢ ᠳᠤᠷᠠᠳᠤᠭᠠᠳ ᠶᠠᠮᠠᠷ ᠲᠤᠰᠠ ? ᠤᠯᠤᠰ ᠲᠣᠷ ᠨᠢᠭᠡᠨ ᠡᠲᠦᠷ ᠬᠠᠭᠠᠨ ᠦᠭᠡᠢ ᠪᠠᠶ᠋ᠢᠵᠤ ᠦᠯᠦ ᠪᠣᠯᠬᠤ ᠲᠤᠯᠠ ᠣᠲᠣ ᠪᠠᠷ ᠶ᠋ᠢᠠᠨ ᠳᠠᠶ᠋ᠢᠽᠢ ᠡᠯᠲᠡᠭᠦᠰ ᠊ᠢ ᠪᠠᠶ᠋ᠢᠭᠤᠯᠪᠠᠰᠤ ᠵᠣᠬᠢᠯᠲᠠᠢ 》 ᠬᠡᠮᠡᠭᠰᠡᠨ᠎ᠡ ᠪᠣᠲᠡᠰᠢᠷᠢ ᠲᠠᠶ᠋ᠢᠬᠡᠦ ᠨᠢᠯᠪᠤᠰᠤ ᠤᠨᠠᠭᠠᠨ ᠳᠠᠭᠤᠨ ᠦᠭᠡᠢ ᠪᠠᠶ᠋ᠢᠵᠤᠬᠤᠢ ᠃ ᠡᠯᠲᠡᠮᠤᠷ ᠵᠠᠯᠭᠠᠵᠤ ᠥᠴᠢᠷᠦᠨ ᠄ 《 ᠹᠦ᠋ ᠸᠠᠩ ᠊ᠢ ᠨᠢᠭᠡᠨᠲᠡ ᠪᠠᠶ᠋ᠢᠭᠤᠯᠵᠤ ᠬᠤᠲᠤᠭᠲᠤ ᠬᠠᠭᠠᠨ ᠪ ᠭᠡᠷᠢᠶᠡᠰ ᠵᠠᠷᠯᠢᠬ ᠊ᠢ ᠭᠦᠢᠴᠡᠤᠠᠬᠡᠪᠡᠢ ᠃ ᠡᠲᠦᠭᠡ ᠹᠦ᠋ ᠸᠠᠩ ᠨᠥᠭᠴᠢᠭᠰᠡᠨ ᠲᠤᠯᠠ ᠳᠠᠶ᠋ᠢᠽᠢ ᠡᠯᠲᠡᠭᠦᠰ ᠶᠡᠬᠡ ᠣᠷᠣ ᠶ᠋ᠢ ᠵᠠᠯᠭᠠᠮᠵᠢᠯᠠᠬᠤ ᠠᠨᠤ ᠰᠡᠵᠢᠭ᠌ᠯᠡᠯᠲᠡ ᠦᠭᠡᠢ ᠬᠡᠷᠡᠭ ᠪᠣᠯᠠᠢ 》 ᠬᠡᠮᠡᠪᠡ ᠃
ᠪᠣᠲᠡᠰᠢᠷᠢ ᠲᠠᠶ᠋ᠢᠬᠡᠦ ᠨᠢᠯᠪᠤᠰᠤ ᠪᠠᠨ ᠠᠷᠴᠢᠭᠠᠳ ᠵᠠᠷᠯᠢᠬ ᠪᠣᠯᠤᠷᠤᠨ ᠄ 《 ᠮᠢᠨᠦ ᠬᠥᠪᠡᠭᠦᠨ ᠨᠠᠰᠤᠨ ᠠᠨᠤ ᠪᠠᠬ᠋᠎ᠠ ᠶ᠋ᠢᠨ ᠲᠤᠯᠠ ᠶᠡᠬᠡ ᠲᠥᠷᠥ ᠶ᠋ᠢ ᠡᠵᠡᠯᠡᠨ ᠦᠯᠦ ᠴᠢᠲᠠᠶᠤ ᠃ ᠬᠤᠲᠤᠭᠲᠤ ᠬᠠᠭᠠᠨ ᠪ ᠠᠬᠠᠮᠠᠳ ᠬᠥᠪᠡᠭᠦᠨ ᠲᠣᠬᠣᠨᠲᠡᠮᠤᠷ ᠭᠤᠸᠠᠩᠰᠢ ᠳ᠋ᠤᠷ ᠪᠤᠢ ᠃ ᠡᠲᠦᠭᠡ ᠠᠷᠪᠠᠨ ᠭᠤᠷᠪᠠᠨ ᠨᠠᠰᠤᠲᠠᠢ ᠂ ᠵᠦᠢ ᠢᠨᠤ ᠲᠡᠭᠦᠨ ᠊ᠢ ᠠᠪᠴᠢᠷᠠᠵᠤ ᠪᠠᠶ᠋ᠢᠭᠤᠯᠪᠠᠰᠤ ᠵᠣᠬᠢᠮᠤᠢ 》 ᠬᠡᠮᠡᠪᠡ ᠃
ᠡᠯᠲᠡᠮᠦᠷ ᠰᠣᠨᠣᠰᠤᠭᠠᠳ ᠶᠡᠬᠡᠲᠡ ᠰᠣᠴᠢᠵᠤ ᠰᠡᠤᠠᠬᠢᠷᠦᠨ ᠄ 《 ᠥᠩᠭᠡᠷᠡᠭᠰᠡᠨ ᠳ᠋ᠤᠷ ᠪᠠᠪᠤᠱᠠ ᠬᠠᠲᠤᠨ ( ᠬᠣᠱ᠌ᠢᠯᠨ ᠬᠤᠲᠤᠭᠲᠤ ᠬᠠᠭᠠᠨ ᠪ ᠡᠰᠢ ᠬᠠᠲᠤᠨ ) ᠊ᠢ ᠬᠣᠣᠷᠯᠠᠨ ᠠᠯᠠᠭᠠᠳ ᠲᠣᠬᠣᠨᠲᠡᠮᠦᠷ ᠊ᠢ ᠠᠯᠤᠰ ᠭᠠᠵᠠᠷ ᠴᠦᠯᠡᠵᠦ ᠶᠠᠪᠤᠭᠤᠯᠬᠤᠢ ᠳ᠋ᠤᠷ ᠪᠣᠲᠠᠰᠢᠷᠢ ᠬᠠᠲᠤᠨ ᠲᠤᠶ᠋ᠢᠯ ᠦ᠋ᠨ ᠡᠷᠡᠰ ᠰᠢᠭᠤᠷᠬᠠᠢ ᠪᠠᠶ᠋ᠢᠵᠤᠬᠤᠢ ᠃ ᠡᠲᠦᠭᠡ ᠬᠠᠷᠢᠨ ᠲᠣᠬᠣᠨᠲᠡᠮᠦᠷ ᠊ᠢ ᠵᠠᠯᠠᠵᠤ ᠠᠪᠴᠢᠷᠠᠭᠠᠳ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠭᠤᠯᠬᠤ ᠭᠡᠬᠦ ᠢᠨᠤ ᠦᠨᠡᠬᠡᠷ ᠣᠶ᠋ᠢᠯᠠᠭᠠᠭᠲᠠᠰᠢ ᠦᠭᠡᠢ ᠬᠡᠷᠡᠭ ᠠᠵᠤᠭᠤ 》 ᠬᠡᠮᠡᠭᠡᠳ ᠪᠣᠲᠠᠰᠢᠷᠢ ᠲᠠᠶ᠋ᠢᠬᠡᠦ ᠳᠤ ᠠᠶ᠋ᠢᠯᠠᠤᠠᠬᠠᠷᠤᠨ ᠄ 《 ᠵᠠᠶᠠᠭᠠᠲᠤ ᠬᠠᠭᠠᠨ ᠠᠮᠢᠲᠤ ᠰᠡᠷᠡᠭᠦᠨ ᠪᠠᠶ᠋ᠢᠬᠤᠢ ᠳ᠋ᠤᠷ ᠲᠣᠬᠣᠨᠲᠡᠮᠦᠷ ᠊ᠢ ᠬᠤᠲᠤᠭᠲᠤ ᠬᠠᠭᠠᠨ ᠪ ᠪᠡᠶ᠎ᠡ ᠡᠴᠡ ᠲᠥᠷᠥᠭᠰᠡᠨ ᠬᠥᠪᠡᠭᠦᠨ ᠪᠤᠰᠤ ᠬᠡᠮᠡᠨ ᠥᠭᠦᠯᠡᠵᠦ ᠲᠡᠭᠦᠨ ᠊ᠢ ᠰᠣᠯᠣᠩᠭᠣᠰ ᠦ᠋ᠨ ᠳ᠋ᠠᠴᠢᠩ ᠳ᠋ᠣᠣ ᠠᠷᠠᠯ ᠳᠤ ᠰᠢᠯᠵᠢᠭᠦᠯᠦᠨ ᠰᠠᠭᠤᠯᠭᠠᠭᠠᠳ ᠰᠡᠭᠦᠯᠡᠷ ᠢᠨᠤ ᠠᠯᠤᠰ ᠬᠣᠯᠠ ᠭᠤᠸᠠᠩᠰᠢ ᠶ᠋ᠢᠨ ᠵᠢᠩ ᠵᠢᠶᠠᠩ ᠳ᠋ᠤᠷ ᠴᠦᠯᠡᠪᠡ ᠃ ᠲᠣᠬᠣᠨᠲᠡᠮᠦᠷ ᠊ᠢ ᠠᠯᠤᠰ ᠬᠣᠯᠠ ᠴᠦᠯᠡᠭᠰᠡᠨ ᠢᠨᠤ ᠮᠥᠨ ᠴᠤ᠌ ᠬᠠᠲᠤᠨ ᠲᠠᠨ ᠪ ᠰᠠᠨᠠᠬ᠋᠎ᠠ ᠪᠥᠯᠥᠭᠡ ᠃ ᠡᠲᠦᠭᠡ ᠲᠡᠭᠦᠨ ᠊ᠢ ᠳᠠᠬᠢᠨ ᠵᠠᠯᠠᠵᠤ ᠠᠪᠴᠢᠷᠠᠭᠠᠳ ᠬᠠᠭᠠᠨ ᠣᠷᠣ ᠳ᠋ᠤᠷ ᠰᠠᠭᠤᠯᠭᠠᠬᠤ ᠠᠨᠤ ᠵᠣᠬᠢᠰ ᠦᠭᠡᠢ 》 ᠬᠡᠮᠡᠬᠦᠢ ᠳ᠋ᠤᠷ ᠪᠣᠲᠠᠰᠢᠷᠢ ᠬᠠᠲᠤᠨ ᠥᠭᠦᠯᠡᠷᠦᠨ ᠄ 《 ᠬᠤᠲᠤᠭᠲᠤ ᠬᠠᠭᠠᠨ ᠪ ᠲᠥᠷᠥᠭᠰᠡᠨ ᠬᠥᠪᠡᠭᠦᠨ ᠮᠥᠨ ᠡᠰᠡᠬᠦ ᠢᠨᠤ ᠬᠠᠮᠢᠶ᠎ᠠ ᠦᠭᠡᠢ ᠂ ᠬᠠᠭᠠᠨ ᠲᠥᠷᠥ ᠬᠡᠮᠡᠪᠡᠰᠦ ᠬᠦᠨᠲᠦ ᠪᠣᠯᠠᠢ ᠃ ᠬᠤᠲᠤᠭᠲᠤ ᠬᠠᠭᠠᠨ ᠠᠮᠢᠲᠤ ᠰᠡᠷᠡᠭᠦᠨ ᠪᠠᠶ᠋ᠢᠬᠤᠢ ᠳ᠋ᠤᠷ ᠲᠡᠭᠦᠨ ᠊ᠢ ᠥᠪᠡᠷ ᠦ᠋ᠨ ᠬᠥᠪᠡᠭᠦᠨ ᠶ᠋ᠢᠡᠨ ᠪᠣᠯᠭᠠᠨ ᠦᠵᠡᠵᠦ ᠪᠠᠶ᠋ᠢᠬᠰᠠᠨ ᠠᠨᠤ ᠦᠨᠡᠨ ᠠᠵᠤᠭᠤ ᠃ ᠵᠠᠶᠠᠭᠠᠲᠤ ᠬᠠᠭᠠᠨ ᠪᠠᠷ ᠥᠩᠭᠡᠷᠡᠭᠰᠡᠨ ᠪ ᠣᠩᠬᠤᠴᠠᠲᠤ ᠶ᠋ᠢᠨ ᠬᠡᠷᠡᠭ ᠊ᠢ ᠰᠠᠨᠠᠭᠠᠯᠵᠠᠬᠤ ᠳᠣᠳᠣᠮ ᠭᠡᠮᠰᠢᠳᠡᠭ ᠲᠤᠯᠠ ᠡᠲᠦᠭᠡ ᠲᠣᠬᠣᠨᠲᠡᠮᠦᠷ ᠊ᠢ ᠪᠠᠶ᠋ᠢᠭᠤᠯᠬᠤ ᠪᠠᠷ ᠲᠡᠷᠡ ᠬᠦ ᠭᠡᠮᠰᠢᠯᠲᠦ ᠬᠡᠷᠡᠭ ᠊ᠢ ᠨᠦᠬᠦᠪᠦᠷᠢᠯᠡᠰᠦᠭᠡᠢ ᠃ ᠢᠩᠬᠢᠪᠡᠰᠦ ᠲᠠᠯᠢᠢᠬᠴᠢ ᠬᠠᠭᠠᠨ ᠪᠣᠯᠤᠨ ᠮᠢᠨᠦ ᠰᠠᠨᠠᠬ᠋᠎ᠠ ᠠᠮᠤᠷ ᠪᠣᠯᠤᠮᠤᠢ 》 ᠬᠡᠮᠡᠭᠡᠳ ᠪᠠᠷᠠᠭᠤᠨ ᠭᠠᠷᠤᠨ ᠳᠡᠮᠨᠡᠭᠴᠢ ᠲᠦᠰᠢᠮᠡᠯ ᠬᠦᠷᠬᠢᠰ ᠬᠡᠮᠡᠭᠴᠢ ᠶ᠋ᠢ ᠵᠢᠩ ᠵᠢᠶᠠᠩ ᠦ᠋ᠨ ᠭᠠᠵᠠᠷ ᠠ᠋ᠴᠠ ᠲᠣᠬᠣᠨᠲᠡᠮᠦᠷ ᠊ᠢ ᠠᠪᠴᠢᠷᠠᠭᠤᠯᠬᠤ ᠪᠠᠷ ᠢᠯᠡᠭᠡᠪᠡ ᠃
ᠲᠡᠲᠦᠢ ᠳ᠋ᠤᠷ ᠲᠣᠬᠣᠨᠲᠡᠮᠦᠷ ᠵᠢᠩ ᠵᠢᠶᠠᠩ ᠦ᠋ᠨ ᠭᠠᠵᠠᠷ᠎ᠠ ᠬᠥᠲᠡᠭᠡ ᠶ᠋ᠢᠨ ᠰᠤᠯᠠ ᠰᠡᠯᠡᠭᠦᠦ ᠠᠮᠢᠲᠤᠷᠠᠯ ᠊ᠢ ᠥᠩᠭᠡᠷᠡᠭᠦᠯᠵᠦ ᠪᠠᠶ᠋ᠢᠯ᠎ᠠ ᠃ ᠵᠢᠩ ᠵᠢᠶᠠᠩ ᠪᠣᠯᠪᠠᠰᠤ ᠡᠷᠲᠡᠨ ᠡᠴᠡ ᠠᠪᠤᠭᠠᠳ ᠠᠭᠤᠯᠠ ᠤᠰᠤᠨ ᠪ ᠦᠵᠡᠮᠵᠢ ᠳᠡᠯᠡᠬᠡᠢ ᠳ᠋ᠠᠬᠢᠨ᠎ᠠ ᠠᠯᠲᠠᠷᠲᠠᠢ ᠠᠵᠤᠭᠤ ᠃ ᠲᠣᠬᠣᠨᠲᠡᠮᠦᠷ ᠂ ᠳ᠋ᠠ ᠶᠤᠸᠠᠨ ᠰᠸ ᠬᠡᠮᠡᠬᠦ ᠰᠦᠮ᠎ᠡ ᠳᠤ ᠰᠠᠭᠤᠵᠤ ᠪᠠᠶ᠋ᠢᠵᠠᠢ ᠃ ᠡᠨᠡ ᠰᠦᠮ᠎ᠡ ᠶ᠋ᠢᠨ ᠬᠤᠤᠱᠠᠩ ᠴᠢᠦ ᠵᠢᠶᠠᠩ ᠬᠡᠮᠡᠭᠴᠢ ᠡᠲᠦᠷ ᠪᠦᠷᠢ ᠲᠣᠬᠣᠨᠲᠡᠮᠦᠷ ᠲᠦ ᠪᠢᠴᠢᠭ᠌ ᠵᠢᠭᠠᠵᠤ ᠂ 《 ᠰᠢᠭᠦᠮᠵᠢᠯᠡᠯ ᠥᠭᠦᠯᠡᠯ 》 ᠂ 《 ᠠᠴᠢᠯᠠᠯᠲᠤ ᠨᠣᠮ 》 ᠵᠡᠷᠭᠡ ᠶ᠋ᠢ ᠲᠠᠶ᠋ᠢᠯᠪᠦᠷᠢᠯᠠᠵᠤ ᠡᠲᠦᠷ ᠲᠤ ᠬᠣᠶᠠᠷ ᠬᠠᠭᠤᠲᠠᠰᠤ ᠦᠰᠦᠭ ᠪᠢᠴᠢᠭ ᠪᠢᠴᠢᠭᠦᠯᠳᠡᠭ ᠪᠠᠶ᠋ᠢᠪᠠ ᠃ ᠲᠣᠬᠣᠨᠲᠡᠮᠦᠷ ᠤᠲᠠᠭᠠᠨ ᠡᠲᠦᠷ ᠦᠰᠦ ᠭᠡᠵᠢᠭᠡ ᠪᠡᠨ ᠤᠬᠢᠶᠠᠵᠤ ᠠᠷᠢᠯᠭᠠᠭᠰᠠᠨ ᠦᠭᠡᠢ ᠡᠴᠡ ᠪᠣᠯᠵᠤ ᠪᠦᠬᠡᠰᠦ ᠬᠢᠭᠤᠷᠰᠤ ᠲᠥᠷᠥᠭᠰᠡᠨ ᠳᠤ ᠬᠥᠲᠡᠭᠡ ᠶ᠋ᠢᠨ ᠨᠢᠭᠡᠨ ᠡᠮᠡᠭᠡᠨ ᠤᠬᠢᠶᠠᠵᠤ ᠠᠷᠢᠯᠭᠠᠵᠤ ᠥᠭᠪᠡ ᠃ ᠲᠣᠬᠣᠨᠲᠡᠮᠦᠷ ᠡᠨᠡ ᠡᠮᠡᠭᠡᠨ ᠡᠵᠢ ᠳᠤ ᠮᠠᠰᠢ ᠬᠦᠨᠲᠦᠤᠠᠬᠡᠯ ᠳᠡᠪᠰᠢᠭᠦᠯᠵᠦ ᠥᠭᠦᠯᠡᠷᠦᠨ ᠄ 《 ᠡᠨᠡ ᠪᠥᠭᠡᠰᠦᠨ ᠬᠡᠲᠦᠶ᠋ᠢᠪᠡᠷ ᠮᠢᠨᠦ ᠴᠢᠰᠤᠨ ᠊ᠢ ᠰᠤᠷᠤᠭᠰᠠᠨ ᠪᠣᠯᠪᠠᠴᠤ ᠪᠢᠲᠡᠭᠡᠢ ᠠᠯᠠ ᠂ ᠲᠡᠲᠡᠭᠡᠷ ᠊ᠢ ᠴᠠᠭᠠᠰᠤᠨ ᠳᠤ ᠪᠠᠬᠯᠠᠵᠤ ᠭᠡᠷ ᠦ᠋ᠨ ᠠᠲᠠᠭᠠᠷ ᠲᠤᠷ ᠡᠯᠭᠦᠭᠡᠳ ᠬᠦᠯᠲᠡᠭᠡᠲᠦᠭᠡᠢ 》 ᠬᠡᠮᠡᠪᠡ ᠃ ᠡᠮᠡᠭᠡᠨ ᠄ 《 ᠮᠠᠨ ᠪ ᠡᠨᠡ ᠭᠠᠵᠠᠷ ᠡᠪᠦᠯ ᠦᠭᠡᠢ ᠲᠤᠯᠠ ᠪᠦᠬᠡᠰᠦ ᠬᠥᠯᠲᠡᠬᠦ ᠶᠣᠰᠣ ᠦᠭᠡᠢ 》 ᠬᠡᠮᠡᠭᠡᠳ ᠰᠢᠪᠠᠷ ᠲᠤᠷ ᠨᠤᠬᠤᠵᠤ ᠠᠯᠠᠭᠰᠠᠨ ᠭᠡᠨ᠎ᠡ ᠃
ᠲᠣᠬᠣᠨᠲᠡᠮᠦᠷ ᠪᠠᠰᠠ ᠭᠠᠴᠠᠬ᠋ᠠ ᠶ᠋ᠢᠨ ᠬᠡᠦᠬᠡᠳ ᠊ᠢ ᠳᠠᠭᠠᠭᠤᠯᠵᠤ ᠨᠠᠷᠢᠨ ᠮᠣᠲᠤᠨᠠ ᠴᠠᠭᠠᠰᠤᠨ ᠲᠤᠬ ᠬᠢᠵᠦ ᠬᠣᠲᠠ ᠶ᠋ᠢᠨ ᠬᠠᠶ᠋ᠢᠰᠠᠩ ᠳ᠋ᠤᠷ ᠬᠠᠤᠠᠬᠤᠵᠤ ᠨᠠᠭᠠᠲᠤᠮᠤᠢ ᠃ ᠵᠠᠷᠢᠮ ᠳ᠋ᠤᠷ ᠪᠠᠰᠠ ᠣᠰᠤᠨ᠎ᠠ ᠤᠮᠪᠠᠬᠤ ᠂ ᠰᠢᠪᠠᠭᠤ ᠪᠣᠯᠵᠣᠮᠣᠷ ᠪᠠᠷᠢᠬᠤ ᠂ ᠴᠡᠴᠡᠭ ᠵᠢᠮᠢᠰ ᠲᠡᠭᠦᠬᠦ ᠵᠡᠷᠭᠡ ᠪᠡᠷ ᠵᠤᠭᠠᠯᠠᠮᠤᠢ ᠃ ᠴᠢᠦ ᠵᠢᠶᠠᠩ ᠬᠤᠤᠱᠠᠩ ᠢᠤᠠᠬᠠᠨ ᠥᠭᠦᠯᠡᠷᠦᠨ ᠄ 《 ᠲᠠᠶ᠋ᠢᠽᠢ ᠪᠣᠯᠪᠠᠰᠤ ᠤᠯᠤᠰ ᠭᠡᠷ ᠦ᠋ᠨ ᠠᠯᠲᠠᠨ ᠨᠠᠮᠠᠬ᠋ᠠ ᠬᠠᠰ ᠦ᠋ᠨ ᠨᠠᠪᠴᠢ ᠪᠣᠯᠠᠢ ᠂ ᠡᠭᠡᠯ ᠠᠷᠠᠳ ᠯᠤᠬ᠋᠎ᠠ ᠠᠲᠠᠯᠢ ᠦᠭᠡᠢ ᠃ ᠶᠡᠬᠡ ᠨᠣᠶᠠᠳ ᠢᠷᠡᠪᠡᠰᠦ ᠳᠤᠷ᠎ᠠ ᠵᠣᠷᠢᠬ ᠶ᠋ᠢᠠᠷ ᠥᠭᠦᠯᠡᠵᠦ ᠦᠯᠦ ᠪᠣᠯᠤᠮᠤᠢ 》 ᠬᠡᠮᠡᠭᠰᠡᠨ᠎ᠡ ᠲᠣᠬᠣᠨᠲᠡᠮᠦᠷ ᠠᠯᠪᠠᠨ ᠲᠦᠰᠢᠮᠡᠳ ᠢᠷᠡᠪᠡᠰᠦ ᠪᠢᠴᠢᠭ ᠦ᠋ᠨ ᠰᠢᠷᠡᠭᠡᠨ᠎ᠠ ᠲᠦᠪ ᠰᠠᠭᠤᠭᠠᠳ ᠦᠯᠦ ᠳᠤᠤᠭᠠᠷᠤᠮᠤᠢ ᠃ ᠠᠯᠪᠠᠨ ᠲᠦᠰᠢᠮᠡᠳ ᠶᠠᠪᠤᠪᠠᠰᠤ ᠮᠥᠨ ᠣᠬ ᠬᠡᠪ ᠶ᠋ᠢᠡᠷ ᠬᠥᠭᠡᠷᠴᠦ ᠨᠠᠭᠠᠲᠤᠮᠤᠢ ᠃
《 ᠼᠤᠤ ᠮᠦ᠍ ᠽᠢ 》 ᠬᠡᠮᠡᠬᠦ ᠪᠢᠴᠢᠭ ᠲᠤᠷ ᠦᠭᠦᠯᠡᠭᠰᠡᠨ ᠢᠨᠤ ᠄ 《 ᠲᠣᠬᠣᠨᠲᠡᠮᠦᠷ ᠬᠠᠭᠠᠨ ᠪᠢᠴᠢᠬᠠᠨ ᠳ᠋ᠤᠷ ᠡᠮᠦᠨ᠎ᠡ ᠭᠠᠵᠠᠷ ᠴᠦᠯᠡᠭᠳᠡᠪᠡᠢ᠃ ᠣᠩᠭᠣᠴᠠ ᠠᠨᠤ ᠴᠢᠩ ᠵᠢᠶᠠᠩ ᠮᠥᠷᠡᠨ ᠬᠦᠷᠬᠦᠢ ᠳ᠋ᠤᠷ ᠭᠡᠨᠡᠤᠠᠲᠡ ᠬᠣᠶᠠᠷ ᠬᠥᠭᠰᠢᠨ ᠰᠠᠷᠮᠠᠭᠴᠢᠠ ᠣᠩᠭᠤᠴᠠᠨᠠ ᠠᠪᠠᠷᠢᠨ ᠵᠢᠮᠢᠰ ᠡᠷᠭᠦᠨ ᠮᠥᠷᠬᠦᠪᠠᠢ ᠃ ᠦᠵᠡᠪᠡᠰᠦ ᠱᠠᠨᠲᠦ᠋ᠩ ᠭᠠᠵᠠᠷ ᠦ᠋ᠨ ᠵᠢᠮᠢᠰ ᠪᠠᠶ᠋ᠢᠬᠰᠠᠨ ᠲᠤᠯᠠ ᠪᠦᠭᠦᠲᠡᠭᠡᠷ ᠶᠡᠬᠡᠲᠡ ᠭᠠᠶ᠋ᠢᠬᠠᠵᠤᠬᠤᠢ ᠃ ᠲᠡᠷᠡ ᠬᠣᠶᠠᠷ ᠬᠥᠭᠰᠢᠨ ᠰᠠᠷᠮᠠᠭᠴᠢᠨ ᠊ᠢ ᠳᠠᠭᠠᠵᠤ ᠠᠭᠤᠯᠠᠨ ᠠᠭᠤᠢ ᠳ᠋ᠦ᠍ᠷ ᠤᠴᠢᠪᠠᠰᠦ ᠲᠦᠷᠪᠡ ᠲᠠᠪᠤᠨ ᠵᠠᠭᠤᠨ ᠰᠠᠷᠮᠠᠭᠴᠢᠨ ᠰᠦᠷᠦᠭᠯᠡᠨ ᠠᠮᠤᠢ ᠃ ᠡᠵᠡᠨ ᠪᠡᠷ ᠬᠤᠤᠱᠠᠩ ᠨᠠᠷ ᠲᠤᠷ ᠵᠠᠷᠯᠠᠵᠤ ᠡᠲᠦᠷ ᠪᠦᠷᠢ ᠢᠲᠡᠰᠢ ᠬᠣᠭᠣᠯᠠ ᠥᠭᠴᠦ ᠲᠡᠵᠢᠭᠡᠯᠭᠡᠪᠡ ᠃ ᠬᠠᠷᠠᠭᠴᠢᠨ ᠲᠠᠬᠢᠶ᠎ᠠ ᠵᠢᠯ ᠡᠵᠡᠨ ᠪᠡᠷ ᠨᠡᠶ᠋ᠢᠰᠯᠡᠯ ᠳ᠋ᠦ᠍ᠷ ᠪᠤᠴᠠᠬᠤ ᠦᠶ᠎ᠡ ᠣᠯᠠᠨ ᠰᠠᠷᠮᠠᠭᠴᠢᠨ ᠣᠪᠤᠨ ᠴᠣᠪᠤᠨ ᠢᠷᠡᠵᠦ ᠮᠦᠷᠭᠦᠨ ᠬᠦᠷᠭᠡᠪᠡ 》 ᠬᠡᠮᠡᠵᠦᠬᠦᠢ ᠃
ᠲᠡᠨᠲᠡᠴᠡ ᠲᠣᠬᠤᠨᠲᠡᠮᠦᠷ ᠂ ᠵᠢᠩ ᠵᠢᠶᠠᠩ ᠦ᠋ᠨ ᠭᠠᠵᠠᠷ ᠠ᠋ᠴᠠ ᠦᠷᠲᠡᠭᠡ ᠤᠯᠠᠬ᠋ᠠ ᠳᠠᠮᠵᠢᠬᠰᠠᠭᠠᠷ ᠲᠠᠶ᠋ᠢᠲᠦ ᠬᠣᠲᠠ ᠶ᠋ᠢᠨ ᠲᠡᠭᠦᠷᠭᠡ ᠳ᠋ᠦ᠍ᠷ ᠬᠦᠷᠴᠦ ᠢᠷᠡᠭᠰᠡᠨ᠎ᠡ ᠪᠣᠲᠠᠰᠢᠷᠢ ᠬᠠᠲᠤᠨ ᠳᠠᠶ᠋ᠢᠯᠬ᠋ᠠ ᠪᠣᠯᠤᠨ ᠶᠣᠰᠣᠯᠠᠯ ᠦ᠋ᠨ ᠬᠡᠷᠡᠭ ᠊ᠢ ᠡᠷᠬᠢᠯᠡᠭᠰᠡᠨ ᠲᠦᠰᠢᠮᠡᠯ ᠊ᠢ ᠵᠠᠷᠯᠠᠵᠤ ᠬᠠᠭᠠᠨ ᠪ ᠵᠢᠬᠰᠠᠭᠠᠯ ᠊ᠢ ᠪᠡᠯᠡᠤᠠᠬᠡᠨ ᠤᠭᠲᠤᠭᠤᠯᠪᠠ ᠃ ᠡᠨᠡ ᠬᠢᠷᠢ ᠡᠯᠲᠡᠮᠦᠷ ᠦ᠋ᠨ ᠡᠪᠡᠤᠠᠴᠢᠨ ᠪᠠᠬᠠᠨ ᠢᠯᠠᠷᠢ ᠪᠣᠯᠤᠭᠰᠠᠨ ᠲᠤᠯᠠ ᠪᠢᠴᠢᠭ᠌ ᠴᠡᠷᠢᠭ ᠦ᠋ᠨ ᠲᠦᠰᠢᠮᠡᠳ ᠊ᠢ ᠳᠠᠭᠠᠭᠤᠯᠤᠨ ᠯᠢᠶᠠᠩ ᠰᠢᠶᠠᠩ ( ᠣᠲᠣ ᠶ᠋ᠢᠨ ᠪᠡᠭᠡᠵᠢᠩ ᠦ᠋ᠨ ᠹᠡᠩ ᠱᠠᠨ ᠲᠣᠭᠣᠷᠢᠬ ) ᠳ᠋ᠤᠷ ᠬᠦᠷᠴᠦ ᠤᠭᠲᠤᠪᠠ ᠃
ᠤᠷᠢᠲᠤ ᠲᠣᠬᠤᠨᠲᠡᠮᠦᠷ ᠪᠠᠷ ᠡᠯᠲᠡᠮᠦᠷ ᠊ᠢ ᠦᠵᠡᠵᠦ ᠪᠠᠶ᠋ᠢᠬᠰᠠᠨ ᠪᠣᠯᠪᠠᠴᠤ ᠣᠲᠣ ᠶ᠋ᠢᠨ ᠬᠢᠷᠢ ᠰᠦᠷ ᠦᠭᠡᠢ ᠪᠣᠯᠤᠯᠲᠠᠢ ᠃ ᠣᠲᠣ ᠬᠠᠷᠢᠨ ᠬᠦᠨᠲᠡᠯᠡᠨ ᠮᠢᠬᠠᠨ ᠰᠢᠷᠬᠡᠭᠯᠡᠭᠡᠳ ᠬᠥᠮᠦᠨ ᠠᠶᠤᠮᠠᠷ ᠴᠢᠷᠠᠶ᠋ᠢᠯᠠᠭᠠᠳ ᠲᠡᠭᠦᠨ ᠯᠤᠭᠡ ᠡᠩ ᠵᠡᠷᠭᠡᠴᠡᠨ ᠶᠠᠪᠤᠬᠤ ᠪᠦᠭᠡᠳ ᠤᠷᠠᠯᠢᠬ ᠬᠢᠴᠡᠲᠡᠢ ᠮᠢᠯᠠᠬ᠋ᠠ ᠪᠠᠨ ᠡᠶ᠋ᠢᠰᠢ ᠲᠡᠶ᠋ᠢᠰᠢ ᠡᠷᠭᠢᠭᠦᠯᠦᠨ ᠠᠰᠠᠭᠤᠷᠤᠨ ᠄ 《 ᠴᠢᠮ᠎ᠠ ᠶ᠋ᠢ ᠵᠢᠩ ᠵᠢᠶᠠᠩ ᠦ᠋ᠨ ᠭᠠᠵᠠᠷ ᠠ᠋ᠴᠠ ᠤᠭᠲᠤᠨ ᠠᠪᠴᠢᠷᠠᠭᠰᠠᠨ ᠰᠠᠨᠠᠬ᠋᠎ᠠ ᠶ᠋ᠢ ᠣᠶ᠋ᠢᠯᠠᠭᠠᠨᠠ ᠪᠢᠵᠡ ? 》 ᠬᠡᠮᠡᠬᠦ ᠳ᠋ᠦ᠍ᠷ ᠲᠣᠬᠤᠨᠲᠡᠮᠦᠷ ᠬᠠᠷᠢᠭᠤ ᠡᠰᠡ ᠦᠴᠢᠪᠡ ᠃
ᠡᠯᠲᠡᠮᠦᠷ ᠦᠭᠦᠯᠡᠷᠦᠨ ᠄ 《 ᠡᠨᠡ ᠪᠣᠯᠪᠠᠰᠤ ᠲᠠᠶ᠋ᠢᠭᠡᠦ ᠶ᠋ᠢᠨ ᠰᠠᠨᠠᠬ᠋᠎ᠠ ᠪᠣᠯᠠᠢ ᠃ ᠤᠷᠢᠲᠤ ᠵᠠᠶᠠᠭᠠᠲᠤ ᠬᠠᠭᠠᠨ ᠬᠦᠨᠲᠦ ᠡᠪᠡᠲᠦᠭᠡᠳ ᠪᠠᠶ᠋ᠢᠬᠤᠢ ᠳᠤ ᠪᠠᠨ ᠹᠦ᠋ ᠸᠠᠩ ᠷᠢᠨᠴᠢᠨᠪᠠᠯ ᠳ᠋ᠦ᠍ᠷ ᠰᠠᠭᠤᠷᠢᠨ ᠶ᠋ᠢᠠᠨ ᠵᠠᠯᠭᠠᠮᠵᠢᠯᠠᠭᠤᠯᠬᠤ ᠪᠠᠷ ᠭᠡᠷᠢᠶᠡᠰ ᠵᠠᠷᠯᠢᠬ ᠦᠯᠡᠲᠡᠭᠡᠪᠡ ᠃ ᠠᠵᠠ ᠪᠤᠰᠤ ᠪᠠᠷ ᠹᠦ᠋ ᠸᠠᠩ ᠰᠠᠭᠤᠷᠢᠨ᠎ᠠ ᠬᠡᠲᠦᠬᠡᠨ ᠰᠠᠷ᠎ᠠ ᠰᠠᠭᠤᠭᠠᠳ ᠥᠭᠡᠲᠡ ᠪᠣᠯᠪᠠ ᠃ ᠲᠠᠶ᠋ᠢᠭᠡᠦ ᠪᠡᠷ ᠵᠠᠶᠠᠭᠠᠲᠤ ᠬᠠᠭᠠᠨ ᠪ ᠭᠡᠷᠢᠶᠡᠰ ᠵᠠᠷᠯᠢᠬ ᠊ᠢ ᠳᠠᠭᠠᠵᠤ ᠳᠡᠭᠦᠦ ᠢᠨᠦ ᠦᠭᠡᠢ ᠪᠣᠯᠤᠭᠰᠠᠨ ᠴᠦ᠍ ᠠᠬ᠎ᠠ ᠠᠨᠤ ᠪᠣᠢ ᠲᠤᠯᠠ ᠡᠯᠴᠢᠨ ᠲᠣᠮᠢᠯᠠᠨ ᠤᠭᠲᠤᠨ ᠠᠪᠴᠢᠷᠠᠭᠤᠯᠤᠨ ᠶᠡᠬᠡ ᠰᠠᠭᠤᠷᠢᠨ ᠊ᠢ ᠵᠠᠯᠭᠠᠮᠵᠢᠯᠠᠭᠤᠯᠬᠤ ᠪᠠᠷ ᠲᠣᠭᠲᠠᠭᠠᠵᠤᠬᠤᠢ ᠁ 》 ᠬᠡᠮᠡᠪᠡᠢ ᠃ ᠲᠣᠬᠤᠨᠲᠡᠮᠦᠷ ᠪᠠᠰᠠ ᠴᠤ᠌ ᠦᠭᠡ ᠳᠠᠭᠤᠨ ᠦᠭᠡᠢ ᠶᠠᠪᠤᠮᠤᠢ ᠃
ᠡᠯᠲᠡᠮᠦᠷ ᠦᠭᠦᠯᠡᠷᠦᠨ ᠄ 《 ᠦᠲᠡᠭᠦᠦ ᠲᠦᠰᠢᠮᠡᠯ ᠪᠢ ᠭᠤᠷᠪᠠᠨ ᠳᠦᠷᠦ ᠶ᠋ᠢᠨ ᠬᠠᠭᠠᠨ᠎ᠠ ᠦᠢᠯᠡᠴᠢᠯᠡᠵᠦ ᠡᠵᠡᠨ ᠪ ᠢᠲᠡᠭᠡᠯ ᠬᠠᠶ᠋ᠢᠷ᠎ᠠ ᠶ᠋ᠢ ᠭᠦᠨ ᠣᠯᠪᠠᠢ ᠃ ᠵᠠᠶᠠᠭᠠᠲᠤ ᠬᠠᠭᠠᠨ ᠪ ᠤᠯᠤᠰ ᠲᠥᠷᠥ ᠶ᠋ᠢᠨ ᠲᠥᠯᠥᠭᠡ ᠭᠤᠶᠠᠴᠢ ᠦᠭᠡᠢ ᠶ᠋ᠢ ᠰᠠᠨᠠᠭᠠᠯᠵᠠᠬᠤ ᠪᠦᠷᠢ ᠮᠠᠰᠢᠲᠠ ᠢᠭᠳᠦᠯᠦᠨ ᠪᠢᠰᠢᠷᠡᠮᠦᠢ ᠃ ᠲᠡᠶ᠋ᠢᠨ ᠬᠦ ᠵᠠᠷᠯᠢᠬ ᠶ᠋ᠢᠠᠷ ᠹᠦ᠋ ᠸᠠᠩ ᠊ᠢ ᠪᠠᠶ᠋ᠢᠭᠤᠯᠬᠤ ᠬᠡᠮᠡᠭᠰᠡᠨ ᠊ᠢ ᠦᠲᠡᠭᠦᠦ ᠲᠦᠰᠢᠮᠡᠯ ᠠᠶᠤᠮᠰᠢᠬ ᠦᠭᠡᠢ ᠡᠰᠡ ᠵᠦᠷᠢᠮᠣᠢ ᠃ ᠡᠲᠦᠭᠡ ᠵᠠᠶᠠᠭᠠᠲᠤ ᠬᠠᠭᠠᠨ ᠪ ᠵᠠᠷᠯᠢᠬ ᠊ᠢ ᠳᠠᠭᠠᠵᠤ ᠲᠠᠨ ᠊ᠢ ᠤᠭᠲᠤᠨ ᠠᠪᠴᠢᠷᠠᠵᠤ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠭᠤᠯᠬᠤ ᠬᠡᠮᠡᠭᠰᠡᠨ ᠲᠠᠶ᠋ᠢᠭᠡᠦ ᠶ᠋ᠢᠨ ᠰᠠᠨᠠᠬ᠋᠎ᠠ ᠶ᠋ᠢ ᠦᠲᠡᠭᠦᠦ ᠲᠦᠰᠢᠮᠡᠯ ᠪᠢ ᠪᠡᠷ ᠮᠠᠰᠢᠲᠠ ᠰᠠᠶ᠋ᠢᠰᠢᠶᠠᠵᠤᠬᠤᠢ 》 ᠬᠡᠮᠡᠨ ᠲᠣᠬᠤᠨᠲᠡᠮᠦᠷ ᠦ᠋ᠨ ᠶᠠᠭᠤ ᠬᠡᠯᠡᠬᠦ ᠶ᠋ᠢ ᠠᠩᠬᠠᠷᠤᠨ ᠦᠵᠡᠪᠡᠰᠦ ᠲᠣᠬᠤᠨᠲᠡᠮᠦᠷ ᠮᠦᠨ ᠯᠡ ᠳᠠᠭᠤᠨ ᠭᠠᠷᠤᠭᠰᠠᠨ ᠦᠭᠡᠢ ᠃
ᠡᠯᠲᠡᠮᠦᠷ ᠲᠣᠲᠤᠷ᠎ᠠ ᠪᠠᠨ ᠰᠠᠨᠠᠷᠤᠨ ᠄ 《 ᠨᠢᠭᠡ ᠴᠦ᠍ ᠦᠭᠡ ᠦᠭᠡᠢ ᠪᠠᠶ᠋ᠢᠬ᠋᠎ᠠ ᠪᠠᠷ ᠦᠵᠡᠪᠡᠰᠦ ᠲᠣᠬᠤᠨᠲᠡᠮᠦᠷ ᠬᠡᠮᠡᠭᠴᠢ ᠦᠵᠡᠯ ᠪᠣᠲᠣᠯ ᠦᠭᠡᠢ ᠮᠠᠨᠠᠭᠤᠯ ᠪᠢᠰᠢ ᠃ ᠲᠡᠷᠡ ᠶᠡᠬᠡ ᠣᠷᠣ ᠰᠠᠭᠤᠭᠰᠠᠨ ᠪ ᠬᠣᠶ᠋ᠢᠨ᠎ᠠ ᠬᠣᠲᠤᠭᠲᠦ ᠬᠠᠭᠠᠨ ᠪ ᠬᠣᠣᠷᠯᠠᠭᠲᠠᠭᠰᠠᠨ ᠬᠡᠷᠡᠭ ᠊ᠢ ᠨᠡᠬᠡᠮᠵᠢᠯᠡᠵᠦ ᠮᠠᠭᠠᠳ 》 ᠬᠡᠮᠡᠭᠡᠳ ᠨᠡᠶ᠋ᠢᠰᠯᠡᠯ ᠬᠣᠲᠠᠨ᠎ᠠ ᠢᠷᠡᠭᠰᠡᠨ ᠪ ᠬᠣᠶ᠋ᠢᠨ᠎ᠠ ᠬᠡᠲᠦ ᠬᠡᠲᠦᠨ ᠰᠠᠷ᠎ᠠ ᠦᠩᠭᠡᠷᠡᠲᠡᠯ᠎ᠡ ᠲᠣᠬᠤᠨᠲᠡᠮᠦᠷ ᠊ᠢ ᠪᠠᠶ᠋ᠢᠭᠤᠯᠤᠭᠰᠠᠨ ᠦᠭᠡᠢ ᠃
ᡁᠢ ᠱᠦᠨ ᠪ ᠳᠦᠷᠪᠡᠳᠦᠭᠡᠷ ᠣᠨ (1333 ᠣᠨ ) ᠪ ᠬᠠᠪᠤᠷ ᠦ᠋ᠨ ᠰᠡᠭᠦᠯ ᠰᠠᠷ᠎ᠠ ᠳ᠋ᠦ᠍ᠷ ᠡᠯᠲᠡᠮᠦᠷ ᠦᠬᠦᠪᠡ ᠃ ᠪᠣᠲᠠᠰᠢᠷᠢ ᠬᠠᠲᠤᠨ ᠪᠠᠷ ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠦ᠋ᠨ ᠵᠠᠬᠢᠷᠤᠭᠴᠢ ᠪᠠᠶᠠᠨ ᠯᠤᠬ᠋᠎ᠠ ᠵᠦᠪᠯᠡᠵᠦ ᠲᠣᠬᠤᠨᠲᠡᠮᠦᠷ ᠊ᠢ ᠶᠡᠬᠡ ᠬᠠᠭᠠᠨ ᠪ ᠣᠷᠣ ᠳᠤ ᠰᠠᠭᠤᠯᠭᠠᠬᠤ ᠪᠠᠷ ᠲᠣᠭᠲᠠᠵᠦ ᠂ 《 ᠴᠢ ᠬᠡᠵᠢᠶ᠎ᠡ ᠲᠦᠮᠡᠨ ᠨᠠᠰᠤᠲᠤ ᠪᠣᠯᠤᠭᠰᠠᠨ ᠴᠠᠭ ᠲᠤᠷ ᠬᠥᠯᠥᠭ ᠬᠠᠭᠠᠨ ᠂ ᠪᠣᠶᠠᠨᠲᠦ ᠬᠠᠭᠠᠨ ᠮᠡᠲᠦ ᠴᠢᠨᠦ ᠰᠠᠭᠤᠷᠢᠨ ᠊ᠢ ᠡᠯᠲᠡᠭᠦᠰ ᠲᠤᠷ ᠵᠠᠯᠭᠠᠮᠵᠢᠯᠠᠭᠤᠯ 》 ᠬᠡᠮᠡᠨ ᠵᠠᠷᠯᠢᠬ ᠪᠣᠯᠵᠤ ᠶᠡᠬᠡ ᠬᠠᠭᠠᠨ ᠪ ᠬᠠᠰ ᠲᠠᠮᠠᠬ᠋᠎ᠠ ᠶ᠋ᠢ ᠲᠣᠬᠤᠨᠲᠡᠮᠦᠷ ᠲᠤ ᠲᠤᠰᠢᠶᠠᠨ ᠥᠭᠭᠦᠭᠡᠳ ᠲᠥᠷᠥᠯ ᠦ᠋ᠨ ᠨᠣᠶᠠᠳ ᠪᠢᠴᠢᠭ ᠴᠡᠷᠢᠭ ᠦ᠋ᠨ ᠲᠦᠰᠢᠮᠡᠳ ᠴᠦᠮ ᠶ᠋ᠢᠡᠷ ᠪᠠᠶᠠᠷ ᠦ᠋ᠨ ᠶᠣᠰᠣ ᠪᠠᠷ ᠮᠦᠷᠭᠦᠵᠦ ᡁᠢ ᠱᠦᠨ ᠪ ᠲᠥᠷᠪᠡᠲᠦᠭᠡᠷ ᠣᠨ ᠪ ᠵᠢᠷᠭᠤᠲᠤᠭᠠᠷ ᠰᠠᠷ᠎ᠠ ᠶ᠋ᠢᠨ ᠨᠠᠢ᠍ᠮᠠᠨ ᠪ ᠡᠲᠦᠷ ᠲᠣᠬᠤᠨᠲᠡᠮᠦᠷ ᠱᠠᠩᠲᠤ ᠬᠣᠲᠠᠨ᠎ᠠ ᠶᠡᠬᠡ ᠣᠷᠣ ᠰᠠᠭᠤᠪᠠ ᠃ ᠮᠣᠩᠭᠣᠯ ᠶ᠋ᠢᠠᠷ ᠤᠬᠠᠭᠠᠨᠲᠤ ᠬᠠᠭᠠᠨ ᠬᠡᠮᠡᠮᠦᠢ ᠃ ᠤᠬᠠᠭᠠᠨᠲᠤ ᠬᠠᠭᠠᠨ ᠶᠡᠬᠡ ᠣᠷᠣ ᠳᠤ ᠰᠠᠭᠤᠭᠰᠠᠨ ᠪ ᠳᠠᠷᠠᠬ᠋᠎ᠠ ᠵᠣᠣ ᠪᠢᠴᠢᠭ ᠪᠠᠭᠤᠯᠭᠠᠷᠤᠨ ᠂ ᠲᠡᠷᠡ ᠵᠣᠣ ᠪᠢᠴᠢᠭ ᠦ᠋ᠨ ᠦᠭᠡ ᠢᠨᠦ ᠄
ᠮᠢᠨᠦ ᠶᠡᠬᠡ ᠲᠠᠶ᠋ᠢᠽᠦ ᠪᠣᠭᠲᠠ ᠂ ᠲᠩᠷᠢ ᠶ᠋ᠢᠨ ᠢᠪᠡᠭᠡᠯ ᠳ᠋ᠤᠷ ᠶᠡᠬᠡ ᠲᠥᠷᠥ ᠶ᠋ᠢ ᠲᠤᠯᠭᠤᠷ ᠪᠠᠶ᠋ᠢᠭᠤᠯᠪᠠᠢ ᠃ ᠱ᠌ᠢᠽᠦ ᠬᠠᠭᠠᠨ ᠳᠥᠷᠪᠡᠨ ᠳᠠᠯᠠᠢ ᠳᠣᠲᠣᠷᠠᠬᠢ ᠶ᠋ᠢ ᠨᠢᠭᠡᠤᠠᠬᠡᠵᠦ ᠂ ᠶᠡᠬᠡ ᠭᠠᠪᠢᠶ᠎ᠠ ᠴᠣᠯᠠ ᠶ᠋ᠢ ᠪᠦᠲᠦᠭᠡᠪᠡᠢ ᠃ ᠣᠯᠠᠨ ᠪᠣᠭᠲᠠ ᠳᠡᠳ᠋ ᠳᠡᠳ᠋ ᠶ᠋ᠢᠡᠷ ᠵᠠᠯᠭᠠᠮᠵᠢᠯᠠᠵᠤ ᠤᠷᠢᠲᠤ ᠶᠡᠬᠡ ᠨᠡᠷ᠎ᠡ ᠳ᠋ᠤᠷ ᠶᠡᠭᠦᠤᠠᠴᠦᠬᠦᠢ ᠃ ᠡᠪᠦᠭᠡ ᠦᠽᠦ᠋ᠩ ᠬᠠᠭᠠᠨ ᠶᠡᠬᠡ ᠰᠠᠭᠤᠷᠢᠨ᠎ᠠ ᠰᠠᠭᠤᠵᠤ ᠂ ᡁᠢ ᠾᠧ ᠶ᠋ᠢᠨ ᠰᠡᠭᠦᠯ ᠦ᠋ᠨ ᠣᠨ ᠳ᠋ᠤᠷ ᠬᠦᠷᠴᠦ ᠢᠷᠡᠭᠰᠡᠨ ᠪ ᠬᠣᠶ᠋ᠢᠨ᠎ᠠ ᠂ ᠮᠢᠨᠦ ᠡᠴᠢᠭᠡ ᠮᠢᠩᠽᠦ᠋ᠩ ᠬᠠᠭᠠᠨ ᠭᠣᠪᠢ ᠶ᠋ᠢᠨ ᠤᠮᠠᠷᠠᠲᠤ ᠳᠤ ᠬᠣᠯᠠ ᠰᠠᠭᠤᠬᠤ ᠪᠥᠯᠥᠭᠡ ᠃ ᠵᠠᠶᠠᠭᠠᠲᠤ ᠬᠠᠭᠠᠨ ᠳᠣᠲᠣᠭᠠᠳᠤ ᠰᠠᠮᠠᠭᠤᠨ ᠊ᠢ ᠲᠣᠭᠲᠠᠭᠠᠵᠤ ᠰᠠᠭᠤᠷᠢᠨ ᠊ᠢ ᠨᠠᠶ᠋ᠢᠷ ᠲᠠᠯᠪᠢᠵᠤᠬᠤᠢ ᠃ ᠮᠢᠨᠦ ᠡᠴᠢᠭᠡ ᠲᠥᠷᠥᠯ ᠶᠡᠭᠦᠳᠬᠡᠭᠰᠡᠨ ᠪ ᠬᠣᠶ᠋ᠢᠨ᠎ᠠ ᠵᠠᠶᠠᠭᠠᠲᠤ ᠬᠠᠭᠠᠨ ᠳᠠᠬᠢᠨ ᠶᠡᠬᠡ ᠣᠷᠣ ᠳ᠋ᠤᠷ ᠰᠠᠭᠤᠵᠤ ᠲᠥᠷᠥ ᠤᠯᠤᠰ ᠰᠠᠶᠢᠬᠠᠨ ᠳᠡᠭᠵᠢᠷᠡᠲᠡᠯᠡ ᠬᠠᠭᠠᠨ ᠪᠠᠰᠠ ᠲᠩᠷᠢ ᠳ᠋ᠤᠷ ᠬᠠᠯᠢᠪᠠᠢ ᠃ ᠡᠲᠦᠭᠡ ᠬᠤᠸᠠᠩ ᠲᠠᠶ᠋ᠢᠬᠡᠦ ᠪᠡᠷ ᠡᠷᠬᠢᠨ ᠲᠦᠰᠢᠮᠡᠯ ᠡᠯᠲᠡᠮᠦᠷ ᠂ ᠪᠠᠶᠠᠨ ᠲᠠᠨ ᠳ᠋ᠤᠷ ᠦᠭᠦᠯᠡᠭᠰᠡᠨ ᠢᠨᠦ ᠄ 《 ᠤᠷᠢᠲᠤ ᠬᠦᠴᠡᠪᠡᠢ ᠂ ᠲᠣᠭᠲᠠᠮᠠᠯ ᠂ ᠵᠢᠷᠭᠠᠯᠠᠩ ( ᠪᠡᠯᠭᠦᠲᠡᠢ ᠶ᠋ᠢᠨ ᠬᠣᠶ᠋ᠢᠴᠢᠰ ᠂ ᠬᠠᠨᠲᠤᠬᠤ ᠶ᠋ᠢᠨ ᠬᠥᠪᠡᠭᠦᠨ ᠪᠣᠯᠤᠮᠤᠢ ) ᠲᠠᠨ ᠰᠦᠯᠪᠡᠭᠡᠯᠡᠵᠦ ᠂ᠮᠢᠩᠽᠦ᠋ᠩ ᠬᠠᠭᠠᠨ ᠪ ᠬᠥᠪᠡᠭᠦᠨ ᠊ᠢ ᠪᠠᠶ᠋ᠢᠭᠤᠯᠬᠤ ᠬᠡᠮᠡᠬᠦ ᠨᠡᠷ᠎ᠡ ᠪᠡᠷ ᠰᠠᠮᠠᠭᠤᠨ ᠊ᠢ ᠡᠭᠦᠰᠭᠡᠪᠠᠢ᠃ ᠪᠠᠰᠠ ᠪᠠᠪᠤᠱ᠌ᠠ ᠬᠠᠲᠤᠨ ᠊ᠢ ᠵᠢᠲᠥᠭᠡᠷᠬᠡᠵᠦ ᠬᠣᠣᠷᠯᠠᠪᠠ ᠭᠡᠮᠡᠨ ᠬᠠᠭᠤᠷᠮᠠᠭ ᠥᠭᠦᠯᠡᠵᠦ ᠂ ᠡᠬᠡ ᠬᠥᠪᠡᠭᠦᠨ ᠊ᠢ ᠠᠯᠤᠰ ᠴᠦᠯᠡᠵᠦ ᠰᠠᠯᠭᠠᠪᠠᠢ ᠬᠡᠮᠡᠭᠰᠡᠨ ᠪ ᠤᠴᠢᠷ᠎ᠠ ᠠᠯᠠᠪᠠᠢ ᠃ ᠵᠠᠶᠠᠭᠠᠲᠤ ᠬᠠᠭᠠᠨ ᠬᠣᠵᠢᠮ ᠠᠨᠤ ᠡᠭᠦᠨ ᠪ ᠬᠠᠭᠤᠷᠮᠠᠭ ᠪᠣᠯᠬᠤ ᠶ᠋ᠢ ᠮᠡᠲᠡᠭᠡᠳ ᠡᠪᠡᠤᠠᠴᠢᠨ ᠬᠦᠨᠳᠦᠷᠡᠭᠰᠡᠨᠡ ᠭᠡᠷᠢᠶᠡᠰᠦᠯᠡᠨ ᠦᠭᠦᠯᠡᠭᠰᠡᠨ ᠢᠨᠦ ᠄ ᠮᠢᠨᠦ ᠶᠡᠬᠡ ᠰᠠᠭᠤᠷᠢᠨ ᠊ᠢ ᠠᠬ᠎ᠠ ᠶ᠋ᠢᠨ ᠬᠥᠪᠡᠭᠦᠨ ᠳ᠋ᠤᠷ ᠵᠠᠯᠭᠠᠮᠵᠢᠯᠠᠭᠤᠯ ᠬᠡᠮᠡᠵᠦᠬᠦᠢ ᠃ ᠲᠡᠷᠡ ᠴᠠᠭ ᠲᠤᠷ ᠪᠢ ᠪᠡᠷ ᠡᠮᠦᠨᠡᠲᠦ ᠭᠠᠵᠠᠷ ᠪᠠᠶ᠋ᠢᠬᠰᠠᠨ ᠲᠤᠯᠠᠲᠠ ᠳᠡᠭᠦᠦ ᠷᠢᠨᠴᠢᠨᠪᠠᠯ ᠊ᠢ ᠶᠡᠬᠡ ᠰᠠᠭᠤᠷᠢᠨ ᠳ᠋ᠤᠷ ᠰᠠᠭᠤᠯᠭᠠᠵᠤ ᠢᠷᠭᠡᠨ ᠪ ᠰᠡᠤᠠᠬᠢᠯ ᠊ᠢ ᠲᠣᠭᠲᠠᠭᠠᠪᠠ ᠃ ᠤᠲᠠᠯ ᠦᠭᠡᠢ ᠨᠢᠩᠽᠦ᠋ᠩ ᠬᠠᠭᠠᠨ ᠪᠠᠰᠠ ᠥᠩᠭᠡᠷᠡᠯᠦᠭᠡ ᠃ ᠬᠤᠸᠠᠩ ᠲᠠᠶ᠋ᠢᠬᠡᠦ ᠪᠡᠷ ᠵᠠᠶᠠᠭᠠᠲᠤ ᠬᠠᠭᠠᠨ ᠪ ᠭᠡᠷᠢᠶᠡᠰ ᠵᠠᠷᠯᠢᠬ ᠶ᠋ᠢᠠᠷ ᠨᠠᠮ᠎ᠠ ᠶ᠋ᠢ ᠦᠽᠦ᠋ᠩ ᠬᠠᠭᠠᠨ ᠪ ᠶᠡᠬᠡ ᠠᠴᠢ ᠂ᠮᠢᠩᠽᠦ᠋ᠩ ᠬᠠᠭᠠᠨ ᠪ ᠠᠬᠠᠮᠠᠳ ᠬᠥᠪᠡᠭᠦᠨ ᠮᠡᠷᠭᠡᠨ ᠪᠥᠭᠡᠳ ᠤᠬᠠᠭᠠᠨᠲᠤ ᠭᠡᠮᠡᠨ ᠢᠯᠭᠠᠨ ᠥᠭᠦᠯᠡᠵᠦ ᠬᠦᠮᠦᠨ ᠢᠯᠡᠭᠡᠵᠦ ᠤᠭᠲᠤᠨ ᠠᠪᠴᠢᠷᠠᠪᠠᠢ ᠃ ᠲᠥᠷᠥᠯ ᠦ᠋ᠨ ᠨᠣᠶᠠᠨ ᠪᠦᠭᠦᠲᠡᠭᠡᠷ ᠴᠤᠭᠯᠠᠷᠠᠵᠤ ᠬᠠᠭᠠᠨ ᠣᠷᠣ ᠳᠤ ᠰᠠᠭᠤᠬᠤ ᠶ᠋ᠢ ᠱᠠᠭᠠᠷᠲᠠᠪᠠ ᠃ ᠪᠢ ᠪᠡᠷ ᠬᠤᠸᠠᠩ ᠲᠠᠶ᠋ᠢᠬᠡᠦ ᠶ᠋ᠢᠨ ᠢᠤᠠᠬᠠᠯ ᠪᠠ ᠲᠥᠷᠥᠯ ᠤᠭᠰᠠᠭ᠎ᠠ ᠂ ᠡᠷᠬᠢᠨ ᠲᠦᠰᠢᠮᠡᠳ ᠦ᠋ᠨ ᠳᠠᠬᠢᠨ ᠳᠠᠪᠲᠠᠨ ᠮᠥᠷᠭᠥᠨ ᠭᠤᠶᠤᠯᠬ᠋ᠠ ᠪᠠᠷ ᡁᠢ ᠱᠦᠨ ᠪ ᠳᠥᠷᠪᠡᠳᠦᠭᠡᠷ ᠣᠨ ᠪ ᠵᠤᠨ ᠪ ᠰᠡᠭᠦᠯ ᠰᠠᠷ᠎ᠠ ᠶ᠋ᠢᠨ ᠰᠢᠨ᠎ᠡ ᠶ᠋ᠢᠨ ᠨᠠᠶ᠋ᠮᠠᠨᠠ ᠱᠠᠩᠲᠤ ᠬᠣᠲᠠᠨ ᠳ᠋ᠤᠷ ᠬᠠᠭᠠᠨ ᠰᠠᠭᠤᠷᠢᠨ᠎ᠠ ᠰᠠᠭᠤᠪᠠ ᠃ ᠠᠶ᠎ᠠ ᠂ ᠲᠩᠷᠢ ᠮᠢᠨᠢ ᠡ ! ᠡᠪᠦᠭᠡ ᠳᠡᠭᠡᠳᠦᠰ ᠨᠠᠲᠤᠷ ᠡᠶ᠋ᠢᠮᠦ ᠶᠡᠬᠡ ᠦᠢᠯᠡ ᠶ᠋ᠢ ᠲᠤᠰᠢᠶᠠᠭᠰᠠᠨᠠ ᠂ ᠭᠦᠨ ᠤᠰᠤᠨ ᠨᠢᠮᠭᠡᠨ ᠮᠦᠯᠰᠤᠨ ᠊ᠢ ᠭᠡᠲᠦᠯᠬᠦ ᠮᠡᠲᠦ ᠠᠶᠤᠨ ᠡᠮᠢᠶᠡᠮᠦᠢ ᠃ ᠲᠥᠷᠥᠯ ᠲᠥᠷᠥᠭᠰᠡᠳ ᠡᠷᠬᠢᠨ ᠲᠦᠰᠢᠮᠡᠳ ᠮᠢᠨᠦ ᠥᠯᠦ ᠮᠡᠲᠡᠬᠦᠢ ᠶ᠋ᠢ ᠵᠢᠭᠠᠨ ᠲᠤᠰᠠᠯᠠᠵᠤ ᠤᠯᠤᠰ ᠲᠥᠷᠥ ᠶ᠋ᠢ ᠥᠨᠢᠲᠡ ᠲᠣᠭᠲᠠᠨᠢᠨ ᠮᠠᠨᠲᠤᠭᠤᠯᠬᠤ ᠪᠣᠯᠲᠤᠭᠠᠢ 》 ᠬᠡᠮᠡᠵᠦᠬᠦᠢ ᠃ ᠡᠪᠦᠯ ᠦ᠋ᠨ ᠲᠡᠷᠢᠭᠦᠨ ᠰᠠᠷ᠎ᠠ ᠳ᠋ᠤᠷ ᡁᠢ ᠱᠦᠨ ᠪ ᠳᠥᠷᠪᠡᠳᠦᠭᠡᠷ ᠤᠨ ᠊ᠢ ᠶᠤᠸᠠᠨ ᠲᠥᠩ ᠦ᠋ᠨ ᠲᠡᠷᠢᠭᠦᠨ ᠤᠨ ᠬᠡᠮᠡᠨ ᠬᠠᠯᠠᠪᠠ ᠃
ᠲᠡᠲᠦᠢ ᠳ᠋ᠤᠷ ᠥᠭᠡᠲᠡᠢ ᠬᠠᠭᠠᠨ ᠪ ᠬᠥᠪᠡᠭᠦᠨ ᠮᠢᠩᠯᠢᠭ᠌ ᠦ᠋ᠨ ᠵᠢᠷᠭᠤᠲᠤᠭᠠᠷ ᠦᠶ᠎ᠡ ᠶ᠋ᠢᠨ ᠠᠴᠢ ᠠᠷᠭᠣᠨ ᠰᠠᠭᠠᠷᠢ ᠬᠡᠮᠡᠭᠴᠢ ᠤᠷᠢᠲᠤ ᠬᠣᠱᠶ᠋ᠯᠠ ᠬᠠᠭᠠᠨ ᠪ ᠰᠢᠲᠠᠷ ᠨᠤᠶᠠᠨ ᠪᠠᠶ᠋ᠢᠪᠠ ᠃ ᠲᠡᠷᠡ ᠪᠡᠷ ᠲᠤᠬᠤᠨᠲᠡᠮᠤᠷ ᠬᠠᠭᠠᠨ᠎ᠠ ᠄ 《 ᠳᠡᠯᠡᠬᠡᠢ ᠳ᠋ᠠᠬᠢᠨ ᠪ ᠦᠢᠯᠡ ᠬᠡᠮᠡᠭᠴᠢ ᠬᠦᠨᠲᠦ ᠪᠥᠯᠥᠭᠡ ᠃ ᠭᠠᠭᠴᠠ ᠬᠦ ᠴᠢᠩᠰᠠᠩ ᠨᠠᠷ ᠲᠣᠷ ᠲᠤᠰᠢᠶᠠᠵᠤ ᠪᠦᠷᠢᠤᠠᠭᠡᠭᠦᠯᠪᠡᠰᠤ ᠰᠠᠶᠢ ᠶᠡᠬᠡ ᠨᠡᠷ᠎ᠡ ᠶ᠋ᠢ ᠬᠣᠴᠣᠷᠭᠠᠮᠤᠢ ᠃ ᠬᠡᠷᠪᠡ ᠭᠠᠭᠴᠠᠭᠠᠷ ᠡᠵᠡᠷᠬᠡᠭᠯᠡᠬᠦ ᠪᠣᠯᠪᠠᠰᠤ ᠰᠠᠭᠠᠷ ᠦᠭᠡᠢ ᠮᠠᠭᠤ ᠨᠡᠷ᠎ᠡ ᠦᠯᠡᠲᠡᠮᠦᠢ 》 ᠬᠡᠮᠡᠨ ᠠᠶ᠋ᠢᠯᠠᠤᠠᠬᠠᠭᠰᠠᠨᠠ ᠂ ᠤᠬᠠᠭᠠᠨᠲᠤ ᠬᠠᠭᠠᠨ ᠵᠥᠪᠰᠢᠶᠡᠷᠡᠵᠦ ᠂ ᠪᠠᠶᠠᠨ ᠊ᠢ ᠲᠥᠪ ᠪᠢᠴᠢᠭ ᠦ᠋ᠨ ᠮᠣᠵᠢ ᠶ᠋ᠢᠨ ᠪᠠᠷᠠᠭᠤᠨ ᠭᠠᠷᠤᠨ ᠴᠢᠩᠰᠠᠩ ᠡᠷᠭᠦᠮᠵᠢᠯᠡᠨ ᠠᠯᠢᠪᠠ ᠡᠷᠬᠡ ᠶ᠋ᠢ ᠲᠡᠭᠦᠨ ᠳ᠋ᠤᠷ ᠲᠤᠰᠢᠶᠠᠵᠤ ᠥᠪᠡᠷ ᠶ᠋ᠢᠡᠨ 《 ᠭᠦᠨ ᠣᠷᠲᠤᠨ᠎ᠠ ᠰᠠᠭᠤᠵᠤ ᠬᠠᠮᠤᠭ ᠬᠡᠷᠡᠭ ᠊ᠢ ᠥᠯᠦ ᠬᠠᠮᠢᠶᠠᠷᠤᠮᠤᠢ 》 ᠃ ᠪᠠᠰᠠ ᠡᠯᠲᠡᠮᠤᠷ ᠦ᠋ᠨ ᠥᠬᠢᠨ ᠳ᠋ᠠᠨᠠᠰᠢᠷᠢ ᠶ᠋ᠢ ᠬᠤᠸᠠᠩᠬᠡᠤ ᠡᠷᠭᠦᠮᠵᠢᠯᠡᠪᠡ ᠃ ᠪᠤᠲᠠᠰᠢᠷᠢ ᠲᠠᠶ᠋ᠢᠬᠡᠤ ᠶ᠋ᠢ ᠲᠡᠢ ᠬᠤᠸᠠᠩ ᠲᠠᠶ᠋ᠢᠬᠡᠤ ᠡᠷᠭᠦᠮᠵᠢᠯᠡᠬᠦ ᠬᠡᠮᠡᠬᠦᠶ᠎ᠡ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠶ᠋ᠢᠨ ᠡᠷᠬᠢᠨ ᠰᠠᠶ᠋ᠢᠳ ᠲᠠᠶ᠋ᠢᠪᠤᠬ᠎ᠠ 《 ᠠᠪᠠᠬ᠋᠎ᠠ ᠡᠬᠡ ᠶ᠋ᠢ ᠬᠡᠷᠬᠢᠨ ᠲᠠᠢ ᠬᠤᠸᠠᠩ ᠲᠠᠶ᠋ᠢᠬᠡᠤ ᠡᠷᠭᠦᠮᠵᠢᠯᠡᠵᠦ ᠪᠣᠯᠤᠮᠤᠢ 》 ᠬᠡᠮᠡᠭᠡᠳ ᠪᠠᠶ᠋ᠢᠯᠭᠠᠪᠠ ᠃ ᠲᠤᠬᠤᠨᠲᠡᠮᠤᠷ ᠬᠠᠭᠠᠨ ᠪᠠᠷ ᠪᠤᠲᠠᠰᠢᠷᠢ ᠲᠠᠶ᠋ᠢᠬᠡᠤ ᠶ᠋ᠢ ᠬᠤᠢ ᠵᠸᠩ ᠶᠤᠸᠠᠨ ᠬᠦᠷᠢᠶᠡᠯᠡᠩ ᠳ᠋ᠤᠷ ᠰᠠᠭᠤᠯᠭᠠᠵᠤ ᠭᠤᠷᠪᠠᠨ ᠵᠠᠭᠤ ᠵᠢᠷᠠᠨ ᠬᠥᠮᠦᠨ ᠶ᠋ᠢᠡᠷ ᠰᠣᠪᠢᠯᠠᠭᠤᠯᠪᠠ ᠃ ᠶᠤᠸᠠᠨ ᠲᠦᠩ ᠦ᠋ᠨ ᠬᠣᠶᠠᠲᠤᠭᠠᠷ ᠣᠨ (1334 ᠤᠨ ) ᠪ ᠠᠷᠪᠠᠲᠤᠭᠠᠷ ᠰᠠᠷ᠎ᠠ ᠳ᠋ᠤᠷ ᠪᠤᠲᠠᠰᠢᠷᠢ ᠲᠠᠶ᠋ᠢᠬᠡᠤ ᠳ᠋ᠤᠷ ᠨᠠᠪᠴᠢᠲᠤ ᠡᠷᠭᠦᠮᠡᠯ ᠂ ᠬᠠᠰ ᠲᠠᠮᠠᠬ᠋᠎ᠠ ᠰᠣᠶᠣᠷᠬᠠᠵᠤ ᠂ 《 ᠲᠩᠷᠢ ᠳ᠋ᠤᠷ ᠢᠪᠡᠭᠡᠭᠲᠡᠭᠰᠡᠨ ᠪᠤᠭᠲᠠ ᠶ᠋ᠢ ᠳᠡᠯᠭᠡᠷᠡᠭᠦᠯᠦᠭᠰᠡᠨ ᠥᠨᠢᠲᠡ ᠥᠷᠥᠰᠢᠶᠡᠯᠲᠦ ᠵᠣᠬᠢᠴᠠᠩᠭᠤᠢ ᠡᠷᠲᠡᠮᠲᠦ ᠭᠡᠭᠡᠨ ᠰᠢᠯᠲᠦ ᠬᠤᠸᠠᠩ ᠲᠠᠶ᠋ᠢᠬᠡᠤ 》 ᠬᠡᠮᠡᠨ ᠡᠷᠭᠦᠪᠡ ᠃ ᠪᠠᠰᠠ ᠡᠯᠲᠡᠮᠤᠷ ᠦ᠋ᠨ ᠳᠡᠭᠦᠦ ᠰᠠᠲᠢ ᠶ᠋ᠢ ᠵᠡᠭᠦᠨ ᠭᠠᠷᠤᠨ ᠴᠢᠩᠰᠠᠩ ᠂ ᠡᠯᠲᠡᠮᠤᠷ ᠦ᠋ᠨ ᠬᠥᠪᠡᠭᠦᠨ ᠲᠠᠩᠭᠢᠰ ᠶ᠋ᠢᠠᠷ ᠡᠴᠢᠭᠡ ᠶ᠋ᠢᠨ ᠢᠨᠤ ᠲᠠᠢ ᠫᠢᠩ ᠸᠠᠩ ᠬᠡᠷᠬᠡᠮ ᠊ᠢ ᠵᠠᠯᠭᠠᠮᠵᠢᠯᠠᠭᠤᠯᠵᠤ ᠂ ᠪᠠᠶᠠᠨ ᠳ᠋ᠤᠷ ᠴᠢᠨ ᠸᠠᠩ ᠴᠣᠯᠠ ᠨᠡᠮᠡᠵᠦ ᠰᠣᠶᠣᠷᠬᠠᠪᠠ ᠃
ᠲᠣᠬᠤᠨᠲᠡᠮᠦᠷ ᠤᠬᠠᠭᠠᠨᠲᠤ ᠬᠠᠭᠠᠨ ᠶᠡᠬᠡ ᠬᠠᠭᠠᠨ ᠪ ᠰᠠᠭᠤᠷᠢᠨ᠎ᠠ ᠰᠠᠭᠤᠭᠠᠳ ᠡᠯ᠎ᠡ ᠲᠠᠯ᠎ᠠ ᠶ᠋ᠢᠨ ᠬᠥᠮᠦᠰ ᠦ᠋ᠨ ᠠᠰᠢᠬ ᠲᠤᠰᠠ ᠶ᠋ᠢ ᠨᠡᠯᠢᠶᠡᠳ ᠰᠠᠶ᠋ᠢᠨ ᠵᠣᠬᠢᠴᠠᠭᠤᠯᠤᠨ ᠰᠢᠢᠳᠪᠦᠷᠢᠯᠡᠭᠰᠡᠨ ᠪ ᠤᠯᠠᠮ ᠶ᠋ᠢᠠᠷ ᠤᠯᠤᠰ ᠦ᠋ᠨ ᠳᠣᠲᠣᠭᠠᠳᠤ ᠭᠠᠲᠠᠭᠠᠲᠤ ᠶ᠋ᠢᠨ ᠬᠦᠷᠢᠶᠡᠯᠡᠯ ᠊ᠢ ᠣᠯᠵᠤ ᠨᠢᠭᠡᠨ ᠦᠶ᠎ᠡ ᠡᠩᠬᠡ ᠲᠦᠪᠰᠢᠨ ᠪᠠᠶ᠋ᠢᠲᠠᠯ ᠢᠯᠡᠷᠡᠪᠡ ᠃
ᠦᠰᠦᠭ ᠠᠮᠢᠯᠠᠭᠤᠯᠤᠭᠴᠢ ᠄ ᠡᠷᠲᠡᠨᠢ ᠂ ᠥᠷᠯᠥᠭ ᠂ ᠴᠸᠨ ᠬᠤᠪᠢᠰᠬᠠᠯ ᠂ ᠰᠠᠷᠠᠨ᠎ᠠ ᠂ ᠪᠤᠤ ᠿᠦᠩ ᠬᠤᠸᠠ᠂ ᠪᠦᠷᠢᠨᠵᠢᠷᠭᠠᠯ᠂ ᠣᠳᠬᠤᠨᠬᠤᠸᠠᠷ᠂
ᠬᠢᠨᠠᠭᠴᠢ ᠄ ᠮᠥᠴᠢᠷ ᠪᠠᠭ᠍ᠰᠢ
