ᠡᠷᠡᠬᠡᠢ ᠮᠡᠷᠭᠡᠨ-ᠬᠡᠦᠬᠡᠯᠳᠡᠢ ᠶᠢᠨ ᠺᠢᠨᠣ᠋Эрхий мэргэн (Erkhii mergen) хүүхэлдэйн кино ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠡᠬᠡᠢ ᠮᠡᠷᠭᠡᠨ-ᠬᠡᠦᠬᠡᠯᠳᠡᠢ ᠶᠢᠨ ᠺᠢᠨᠣ᠋Эрхий мэргэн (Erkhii mergen) хүүхэлдэйн кино

ᠡᠷᠡᠬᠡᠢ ᠮᠡᠷᠭᠡᠨ-ᠬᠡᠦᠬᠡᠯᠳᠡᠢ ᠶᠢᠨ ᠺᠢᠨᠣ᠋Эрхий мэргэн (Erkhii mergen) хүүхэлдэйн кино

2023-03-22

509

ᠡᠷᠡᠬᠡᠢ ᠮᠡᠷᠭᠡᠨ

  ᠡᠷᠲᠡ ᠤᠷᠢᠳᠤ ᠶ᠋ᠢᠨ ᠴᠠᠭ ᠲᠤ᠌ ᠡᠨᠡ ᠳᠡᠯᠡᠬᠡᠢ ᠳ᠋ᠦ᠍ ᠳᠣᠯᠣᠭᠠᠨ ᠨᠠᠷᠠ ᠭᠠᠷᠤᠭᠠᠳ ᠂ ᠭᠠᠩ ᠭᠠᠴᠢᠭ ᠪᠣᠯᠵᠤ ᠂ ᠭᠠᠵᠠᠷ ᠤ᠋ᠨ ᠬᠥᠷᠥᠰᠥ ᠤᠯᠠᠢᠭᠠᠳ ᠂ ᠭᠣᠣᠯ ᠮᠥᠷᠡᠨ ᠰᠢᠷᠭᠢᠭᠡᠳ ᠂ ᠤᠷᠭᠤᠮᠠᠯ ᠮᠣᠳᠣ ᠬᠠᠲᠠᠭᠠᠳ ᠂ ᠬᠥᠮᠦᠨ ᠠᠮᠢᠲᠠᠨ ᠬᠠᠯᠠᠭᠤᠴᠠᠭᠠᠳ ᠂ ᠠᠳᠤᠭᠤ ᠮᠠᠯ ᠬᠠᠷᠠᠩᠭᠤᠢᠳᠠᠭᠠᠳ ᠂ ᠰᠠᠭᠤᠬᠤ ᠶ᠋ᠢᠨ ᠠᠷᠭ᠎ᠠ ᠦᠭᠡᠢ ᠪᠣᠯᠵᠤ ᠭᠡᠨ᠎ᠡ ᠃ ᠲᠡᠭᠡᠭᠡᠳ ᠲᠡᠷᠡ ᠨᠤᠲᠤᠭ ᠲᠤ᠌ ᠡᠷᠡᠬᠡᠢ ᠮᠡᠷᠭᠡᠨ ᠭᠡᠳᠡᠭ ᠬᠠᠷᠠᠭᠰᠠᠨ ᠢ᠋ᠶ᠋ᠠᠨ ᠬᠠᠷᠪᠤᠳᠠᠭ ᠂ ᠬᠠᠷᠪᠤᠭᠰᠠᠨ ᠢ᠋ᠶ᠋ᠠᠨ ᠣᠨᠣᠭᠠᠳᠠᠭ ᠬᠠᠪᠤᠲᠠᠢ ᠮᠡᠷᠭᠡᠨ ᠬᠠᠷᠪᠤᠭᠠᠴᠢ ᠪᠠᠢᠭᠰᠠᠨ ᠭᠡᠨ᠎ᠡ ᠃ ᠣᠭᠲᠠᠷᠭᠤᠢ ᠳ᠋ᠤ᠌ ᠭᠠᠷᠤᠭᠰᠠᠨ ᠣᠯᠠᠨ ᠨᠠᠷᠠ ᠶ᠋ᠢ ᠬᠠᠷᠪᠤᠵᠤ ᠤᠨᠠᠭᠠᠭᠠᠴᠢ ! ᠭᠡᠵᠦ ᠣᠯᠠᠨ ᠢ᠋ᠶ᠋ᠠᠷ ᠢ᠋ᠶ᠋ᠠᠨ ᠣᠴᠢᠵᠤ ᠭᠤᠶᠤᠵᠠᠢ ᠃ ᠡᠷ᠎ᠡ ᠶ᠋ᠢᠨ ᠡᠷ᠎ᠡ ᠲᠥᠷᠥᠭᠰᠡᠨ ᠡᠷᠡᠬᠡᠢ ᠮᠡᠷᠭᠡᠨ ᠬᠠᠷᠪᠤᠭᠠᠴᠢ ᠡᠷᠡᠬᠡᠢ ᠳ᠋ᠦ᠍ ᠪᠡᠨ ᠡᠷᠴᠢᠮ ᠲᠡᠢ ᠂ ᠡᠯᠢᠭᠡᠨ ᠳ᠋ᠦ᠍ ᠪᠡᠨ ᠰᠥᠰᠥ ᠲᠡᠢ ᠂ ᠵᠠᠯᠠᠭᠤ ᠨᠠᠰᠤ ᠲᠠᠢ ᠂ ᠬᠠᠯᠠᠭᠤᠨ ᠴᠢᠰᠤ ᠲᠠᠢ ᠬᠥᠮᠦᠨ ᠪᠣᠯᠬᠣᠷ ᠮᠡᠷᠭᠡᠨ ᠬᠠᠷᠪᠤᠳᠠᠭ ᠲᠤ᠌ ᠪᠠᠨ ᠡᠷᠳᠦᠵᠦ ᠂ ᠳᠣᠯᠣᠭᠠᠨ ᠨᠠᠷᠠ ᠶ᠋ᠢ ᠪᠢ ᠳᠣᠯᠣᠭᠠᠨ ᠰᠤᠮᠤ ᠪᠠᠷ ᠢ᠋ᠶ᠋ᠠᠨ ᠨᠢᠭᠡ ᠨᠢᠭᠡ ᠬᠠᠷᠪᠤᠭᠠᠳ ᠣᠨᠣᠭᠠᠵᠤ ᠴᠢᠳᠠᠬᠤ ᠦᠭᠡᠢ ᠪᠣᠯ ᠡᠷᠡᠬᠡᠢ ᠬᠤᠷᠤᠭᠤ ᠪᠠᠨ ᠣᠭᠲᠣᠯᠤᠭᠠᠳ ᠂ ᠡᠷ᠎ᠡ ᠬᠥᠮᠦᠨ ᠢ᠋ᠶ᠋ᠡᠨ ᠪᠠᠢᠭᠠᠳ ᠂ ᠬᠠᠷ᠎ᠠ ᠤᠰᠤ ᠤᠤᠭᠤᠬᠤ ᠦᠭᠡᠢ ᠂ ᠬᠠᠭᠳᠠ ᠡᠪᠡᠰᠦ ᠢᠳᠡᠬᠦ ᠦᠭᠡᠢ ᠠᠮᠢᠲᠠᠨ — ᠲᠠᠷᠪᠠᠭ᠎ᠠ ᠪᠣᠯᠤᠭᠠᠳ ᠂ ᠬᠠᠷᠠᠩᠭᠤᠢ ᠨᠦᠬᠡᠨ ᠳ᠋ᠦ᠍ ᠠᠮᠢᠳᠤᠷᠠᠨ᠎ᠠ ᠭᠡᠵᠦ ᠠᠮᠠ ᠠᠯᠳᠠᠵᠤ ᠂ ᠠᠨᠳᠠᠭᠠᠢ ᠲᠠᠩᠭᠠᠷᠢᠭ ᠬᠢᠵᠦ ᠭᠡᠨ᠎ᠡ ᠃ ᠲᠡᠭᠡᠭᠡᠳ ᠳᠣᠷᠣᠨ᠎ᠠ᠎ ᠡᠴᠡ ᠥᠷᠥᠨ᠎ᠡ ᠬᠦᠷᠲᠡᠯ᠎ᠡ ᠣᠭᠲᠠᠷᠭᠤᠢ ᠳ᠋ᠤ᠌ ᠴᠤᠪᠤᠷᠠᠭᠰᠠᠨ ᠳᠣᠯᠣᠭᠠᠨ ᠨᠠᠷᠠ ᠶ᠋ᠢ ᠵᠡᠭᠦᠨ ᠡᠴᠡ ᠬᠠᠷᠪᠤᠵᠤ ᠭᠠᠷᠴᠠᠢ ᠃ ᠵᠢᠷᠭᠤᠭᠠᠨ ᠰᠤᠮᠤ ᠨᠠᠷᠠ ᠶ᠋ᠢ ᠤᠰᠠᠳᠬᠠᠭᠠᠳ ᠳᠣᠯᠤᠭᠠᠳᠡᠬᠢ ᠨᠠᠷᠠ ᠶ᠋ᠢ ᠬᠠᠷᠪᠤᠬᠤ ᠪᠠᠷ ᠪᠡᠯᠡᠳᠴᠦ ᠪᠠᠢᠲᠠᠯ᠎ᠠ ᠬᠠᠷᠢᠶᠠᠴᠠᠢ ᠬᠣᠭᠣᠷᠣᠨᠳᠣᠭᠤᠷ ᠨᠢ ᠣᠷᠣᠵᠤ ᠬᠠᠯᠬᠠᠯᠠᠭᠰᠠᠨ ᠳ᠋ᠤ᠌ ᠬᠠᠷᠢᠶᠠᠴᠠᠢ ᠶ᠋ᠢᠨ ᠰᠡᠭᠦᠯ ᠢ᠋ ᠰᠡᠳᠡ ᠤᠨᠤᠭᠰᠠᠨ ᠤᠴᠢᠷ᠎ ᠡᠴᠡ ᠠᠯᠲᠠᠨ ᠬᠠᠷᠢᠶᠠᠴᠠᠢ ᠶ᠋ᠢᠨ ᠰᠡᠭᠦᠯ ᠬᠣᠶᠠᠷ ᠰᠠᠯᠠᠭ᠎ᠠ ᠪᠣᠯᠴᠢᠬᠠᠭᠰᠠᠨ ᠭᠡᠨ᠎ᠡ ᠃ ᠥᠨᠥᠬᠢ ᠦᠯᠡᠳᠡᠭᠰᠡᠨ ᠨᠢᠭᠡ ᠨᠠᠷᠠ ᠨᠢ ᠬᠠᠷᠪᠤᠭᠠᠴᠢ᠎ ᠡᠴᠡ ᠠᠶᠤᠭᠠᠳ ᠪᠠᠷᠠᠭᠤᠨ ᠠᠭᠤᠯᠠ ᠶ᠋ᠢᠨ ᠴᠠᠭᠠᠭᠤᠷ ᠳᠠᠯᠳᠠ ᠣᠷᠣᠴᠢᠬᠠᠵᠠᠢ ᠃ ᠡᠷᠡᠬᠡᠢ ᠮᠡᠷᠭᠡᠨ ᠬᠠᠷᠪᠤᠭᠠᠴᠢ ᠬᠠᠷᠢᠶᠠᠴᠠᠢ ᠰᠢᠪᠠᠭᠤ ᠶ᠋ᠢ ᠰᠠᠭᠠᠳ ᠪᠣᠯᠤᠯ᠎ᠠ ᠭᠡᠵᠦ ᠬᠠᠷᠴᠠᠭᠠᠢ ᠠᠯᠠᠭ ᠮᠣᠷᠢ ᠪᠠᠷ ᠢ᠋ᠶ᠋ᠠᠨ ᠬᠥᠭᠡᠭᠡᠵᠦ ᠠᠯᠠᠬᠤ ᠭᠡᠰᠡᠨ ᠳ᠋ᠦ᠍ ᠮᠣᠷᠢ ᠨᠢ ᠪᠢ ᠬᠡᠷᠪᠡ ᠬᠠᠷᠢᠶᠠᠴᠠᠢ ᠰᠢᠪᠠᠭᠤ ᠶ᠋ᠢ ᠬᠥᠭᠡᠭᠡᠵᠦ ᠭᠦᠢᠴᠡᠬᠦ ᠦᠭᠡᠢ ᠶᠦ᠍ᠮ ᠪᠣᠯ ᠬᠥᠯ ᠮᠥᠴᠢ ᠶ᠋ᠢ ᠮᠢᠨᠢ ᠣᠭᠲᠣᠯᠤᠭᠠᠳ ᠬᠥᠳᠡᠭᠡ ᠭᠠᠵᠠᠷ ᠬᠠᠶᠠᠭᠠᠷᠠᠢ ! ᠪᠢ ᠡᠮᠡᠭᠡᠯᠲᠦ ᠮᠣᠷᠢ ᠪᠠᠨ ᠪᠠᠢᠭᠠᠳ ᠡᠩᠬᠦᠯ ᠳᠤᠩᠬᠤᠯ ᠭᠠᠵᠠᠷ ᠠᠮᠢᠳᠤᠷᠠᠬᠤ ᠪᠣᠯᠤᠨ᠎ᠠ ᠭᠡᠵᠦ ᠠᠮᠠᠨ ᠲᠠᠩᠭᠠᠷᠢᠭ ᠢ᠋ᠶ᠋ᠠᠨ ᠥᠭᠴᠡᠢ ᠃ ᠬᠠᠷᠢᠶᠠᠴᠠᠢ ᠰᠢᠪᠠᠭᠤ ᠶ᠋ᠢ ᠬᠥᠭᠡᠭᠡᠭᠡᠳ ᠭᠦᠢᠴᠡᠬᠦ ᠶ᠋ᠢᠨ ᠳᠠᠪᠠᠭᠠᠨ ᠳᠡᠭᠡᠷ᠎ᠡ ᠬᠠᠷᠢᠶᠠᠴᠠᠢ ᠰᠢᠪᠠᠭᠤ ᠬᠠᠯᠲᠤ ᠪᠤᠯᠲᠤ ᠦᠰᠦᠷᠦᠭᠡᠳ ᠠᠷᠠᠢ ᠭᠦᠢᠴᠡᠭᠳᠡᠬᠦ ᠦᠭᠡᠢ ᠵᠢᠭᠤᠲᠠᠭᠰᠠᠭᠠᠷ ᠦᠷ ᠦ᠋ᠨ ᠬᠠᠷ᠎ᠠ ᠪᠦᠷᠦᠢ ᠬᠦᠷᠭᠡᠴᠢᠬᠡᠵᠡᠢ ᠃ ᠡᠷᠡᠬᠡᠢ ᠮᠡᠷᠭᠡᠨ ᠠᠭᠤᠷᠯᠠᠭᠠᠳ ᠬᠠᠷᠴᠠᠭᠠᠢ ᠠᠯᠠᠭ ᠮᠣᠷᠢ ᠶ᠋ᠢᠨ ᠤᠷᠲᠤ ᠬᠣᠶᠠᠷ ᠬᠥᠯ ᠢ᠋ ᠨᠢ ᠣᠭᠲᠣᠯᠤᠭᠠᠳ ᠂ ᠬᠣᠢᠲᠤ ᠬᠥᠯ ᠡᠴᠡ ᠨᠢ ᠪᠣᠭᠣᠨᠢ ᠪᠣᠯᠭᠠᠭᠰᠠᠨ ᠭᠡᠨ᠎ᠡ ᠃ ᠪᠠᠰᠠ ᠬᠠᠷᠢᠶᠠᠴᠠᠢ ᠰᠢᠪᠠᠭᠤ ᠬᠠᠷ᠎ᠠ ᠪᠦᠷᠦᠢ ᠪᠡᠷ ᠮᠣᠷᠢᠲᠠᠢ ᠬᠥᠮᠦᠨ ᠦ᠌ ᠤᠷᠳᠤᠭᠤᠷ ᠬᠣᠢᠭᠤᠷ ᠡᠷᠭᠢᠨ ᠲᠣᠭᠣᠷᠢᠨ ᠨᠢᠰᠳᠡᠭ ᠨᠢ ᠨᠠᠮ᠎ᠠ ᠶ᠋ᠢ ᠭᠦᠢᠴᠡᠬᠦ ᠦᠭᠡᠢ ᠦᠦ ! ᠭᠦᠢᠴᠡᠬᠦ ᠦᠭᠡᠢ ᠦᠦ ! ᠢᠩᠭᠢᠵᠦ ᠳᠣᠭᠣᠭᠢᠯᠠᠵᠤ ᠪᠠᠢᠭ᠎ᠠ ᠨᠢ ᠲᠡᠷᠡ ᠭᠡᠨ᠎ᠡ ᠃ ᠡᠷᠡᠬᠡᠢ ᠮᠡᠷᠭᠡᠨ ᠥᠪᠡᠷ ᠢ᠋ᠶ᠋ᠡᠨ ᠡᠷ᠎ᠡ ᠬᠥᠮᠦᠨ ᠦ᠌ ᠠᠮᠠᠨ ᠲᠠᠩᠭᠠᠷᠢᠭ ᠤ᠋ᠨ ᠶᠣᠰᠣᠭᠠᠷ ᠢ᠋ᠶ᠋ᠠᠨ ᠡᠷᠡᠬᠡᠢ ᠬᠤᠷᠤᠭᠤ ᠪᠠᠨ ᠣᠭᠲᠣᠯᠵᠤ ᠬᠠᠶᠠᠭᠠᠳ ᠂ ᠡᠷ᠎ᠡ ᠬᠥᠮᠦᠨ ᠢ᠋ᠶ᠋ᠡᠨ ᠪᠠᠢᠭᠠᠳ ᠂ ᠬᠠᠷ᠎ᠠ ᠤᠰᠤ ᠤᠤᠭᠤᠳᠠᠭ ᠦᠭᠡᠢ ᠂ ᠬᠠᠭᠳᠠ ᠡᠪᠡᠰᠦ ᠢᠳᠡᠳᠡᠭ ᠦᠭᠡᠢ ᠲᠠᠷᠪᠠᠭ᠎ᠠ ᠪᠣᠯᠤᠭᠠᠳ ᠬᠠᠷᠠᠩᠭᠤᠢ ᠨᠦᠬᠡᠨ ᠳ᠋ᠦ᠍ ᠠᠮᠢᠳᠤᠷᠠᠳᠠᠭ ᠪᠣᠯᠤᠭᠰᠠᠨ ᠭᠡᠨ᠎ᠡ ᠃ ᠲᠠᠷᠪᠠᠭᠠᠨ ᠤ᠋ ᠬᠥᠯ ᠦ᠋ᠨ ᠰᠠᠷᠪᠠᠭᠤ ᠳᠥᠷᠪᠡ ᠪᠠᠢᠳᠠᠭ ᠨᠢ ᠡᠭᠦᠨ ᠡᠴᠡ ᠪᠣᠯᠵᠠᠢ ᠃ ᠪᠠᠰᠠ ᠡᠷᠡᠬᠡᠢ ᠮᠡᠷᠭᠡᠨ — ᠲᠠᠷᠪᠠᠭ᠎ᠠ ᠨᠠᠷᠠ ᠶ᠋ᠢ ᠬᠠᠷᠪᠤᠨ᠎ᠠ ᠭᠡᠵᠦ ᠣᠷᠣᠢ ᠪᠣᠯᠬᠤ ᠪᠦᠷᠢ ᠨᠦᠬᠡᠨ ᠡᠴᠡ ᠪᠡᠨ ᠭᠠᠷᠴᠤ ᠢᠷᠡᠳᠡᠭ ᠪᠣᠯᠬᠣᠷ ᠡᠨᠡ ᠳᠡᠯᠡᠬᠡᠢ ᠳ᠋ᠦ᠍ ᠦᠯᠡᠳᠡᠭᠰᠡᠨ ᠭᠠᠭᠴᠠ ᠨᠠᠷᠠ ᠬᠠᠷᠪᠤᠭᠳᠠᠬᠤ᠎ ᠡᠴᠡ ᠪᠠᠨ ᠠᠶᠤᠬᠤ ᠳ᠋ᠤ᠌ ᠪᠠᠨ ᠠᠭᠤᠯᠠ ᠶ᠋ᠢᠨ ᠴᠠᠭᠠᠭᠤᠷ ᠣᠷᠣᠳᠠᠭ ᠤᠴᠢᠷ᠎ ᠡᠴᠡ ᠡᠳᠦᠷ ᠰᠥᠨᠢ ᠡᠭᠡᠯᠵᠢᠯᠡᠳᠡᠭ ᠪᠣᠯᠤᠭᠰᠠᠨ ᠭᠡᠨ᠎ᠡ ᠃

  ᠦᠰᠦᠭ ᠠᠮᠢᠯᠠᠭᠤᠯᠤᠭᠰᠠᠨ ᠨᠢ ᠄ ᠮᠥᠩᠭᠦᠨᠴᠡᠴᠡᠭ
  ᠦᠰᠦᠭ ᠬᠠᠲᠠᠭᠰᠠᠨ ᠨᠢ ᠄ ᠮᠥᠩᠭᠦᠨᠴᠡᠴᠡᠭ
  ᠬᠢᠨᠠᠭᠴᠢ ᠪᠠᠭᠰᠢ ᠄ ᠣᠳᠤᠨᠭᠡᠷᠡᠯ ᠂ ᠠᠵᠠᠵᠠᠶᠠᠭ᠎ᠠ