ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –1 Монгол оньсгын түүвэр –Хоёрдугаар бүлэг–1
ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ
ᠡᠷᠬᠡᠲᠡᠨ ᠮᠠᠬᠠᠪᠣᠳ ᠲᠤ᠌ ᠬᠣᠯᠪᠣᠭᠳᠠᠭᠰᠠᠨ ᠵᠦᠢᠯ
ᠭᠦᠶᠦᠮᠡᠯ ᠰᠢᠷᠡᠭᠡ
ᠰᠠᠭᠤᠮᠠᠯ ᠨᠣᠶᠠᠨ
( ᠮᠣᠷᠢᠲᠠᠢ ᠬᠥᠮᠦᠨ)
ᠵᠤᠰᠠᠭ ᠢᠮᠠᠬ᠋ᠠ
ᠵᠢᠷᠭᠤᠭᠠᠨ ᠡᠪᠡᠷ ᠲᠡᠢ
ᠵᠤᠳ ᠢᠷᠡᠪᠡᠯ
ᠬᠣᠶᠠᠷ ᠡᠪᠡᠷ ᠲᠡᠢ
( ᠬᠠᠷᠢ ᠳᠤ ᠮᠣᠷᠲᠠᠭᠰᠠᠨ ᠬᠡᠦᠬᠡᠨ )
ᠠᠯᠲᠠᠨ ᠪᠤᠯᠠᠭ ᠦ᠋ᠨ ᠭᠥᠪᠡᠭᠡᠨ ᠳᠡᠭᠡᠷ᠎ᠡ
ᠠᠯᠠᠭ ᠱᠠᠬ᠋ᠠ ᠪᠤᠯᠠᠬ᠋ᠠ ᠲᠠᠢ ᠪᠠᠶ᠋ᠢᠨ᠎ᠠ
ᠠᠯᠲᠠ ᠪᠠ ᠮᠥᠩᠭᠥ ᠶ᠋ᠢ ᠮᠡᠲᠡᠬᠦ ᠦᠭᠡᠢ
ᠠᠬ᠎ᠠ ᠳᠡᠭᠦᠦ ᠨᠡᠷ ᠮᠢᠨᠢ ᠳᠠᠭᠠᠪᠠᠯ
ᠪᠤᠭᠤᠷᠤᠯ ᠮᠣᠷᠢᠨ ᠠ᠋ᠴᠠ ᠪᠠᠨ ᠪᠠᠭᠤᠵᠤ ᠥᠭᠭᠦᠶ᠎ᠡ
ᠪᠤᠯᠠᠭᠠᠨ ᠳᠠᠬᠤ ᠪᠠᠨ ᠲᠠᠶ᠋ᠢᠯᠵᠤ ᠥᠭᠭᠦᠶ᠎ᠡ
( ᠲᠦᠷᠦᠭᠡ ᠦᠭᠡᠢ ᠬᠡᠦᠬᠡᠳ )
ᠳᠡᠭᠡᠷ᠎ᠡ ᠲᠢᠪ ᠦ᠋ᠨ ᠣᠷᠣᠨ ᠠ᠋ᠴᠠ
ᠳᠡᠭᠦᠵᠢᠩ ᠦᠭᠡᠢ ᠪᠦᠲᠦᠵᠡᠢ
ᠳᠥᠷᠪᠡᠨ ᠲᠢᠪ ᠦ᠋ᠨ ᠣᠷᠣᠨ ᠠ᠋ᠴᠠ
ᠲᠤᠯᠭᠠᠭᠤᠷᠢ ᠦᠭᠡᠢ ᠪᠦᠲᠦᠵᠡᠢ
ᠴᠠᠪᠴᠢᠮᠠᠯ ᠬᠠᠲᠠᠨ ᠪ ᠨᠢᠭᠤᠷ ᠨᠢ
ᠢᠨᠠᠭᠰᠢ ᠬᠠᠨᠲᠤᠵᠠᠢ
ᠴᠢᠤᠠᠬᠤᠯᠠᠩ ᠦ᠋ᠨ ᠡᠬᠢᠨ ᠳᠡᠭᠡᠷ᠎ᠡ
ᠥᠯᠵᠡᠢ ᠵᠠᠩᠬᠢ ᠵᠠᠩᠭᠢᠤᠠᠴᠠᠢ
( ᠬᠡᠦᠬᠡᠳ ᠪᠦᠲᠦᠬᠦ )
ᠨᠠᠲᠠᠲᠤ ᠨᠢᠭᠡ ᠶᠠᠭᠤᠮ᠎ᠠ ᠪᠠᠶ᠋ᠢᠨ᠎ᠠ
ᠲᠡᠭᠦᠨ ᠊ᠢ ᠬᠥᠮᠦᠨ ᠶᠡᠬᠡ ᠬᠡᠷᠡᠭᠯᠡᠨ᠎ᠡ
ᠪᠢ ᠬᠠᠶᠠ ᠨᠢᠭᠡ ᠬᠡᠷᠡᠭᠯᠡᠨ᠎ᠡ
( ᠬᠥᠮᠦᠨ ᠪ ᠨᠡᠷ᠎ᠡ )
ᠠᠪᠲᠠᠷ᠎ᠠ ᠳᠦᠭᠦᠷᠡᠩ
ᠠᠬᠠᠢ ᠪᠢᠴᠢᠭ᠌
( ᠬᠥᠮᠦᠨ ᠪ ᠤᠬᠠᠭᠠᠨ )
ᠡᠷᠬᠡ ᠮᠥᠩᠭᠥᠨ ᠴᠣᠣᠵᠢ
ᠪᠡᠷᠬᠡ ᠮᠥᠩᠭᠥᠨ ᠲᠦᠯᠬᠢᠭᠦᠷ ᠲᠡᠢ
( ᠣᠶᠤᠨ ᠤᠬᠠᠭᠠᠨ )
ᠴᠢᠮ᠎ᠠ ᠠ᠋ᠴᠠ ᠪᠠᠬ᠋᠎ᠠ
ᠴᠢᠮᠠᠶ᠋ᠢ ᠮᠡᠬᠡᠯᠡᠨᠡ
( ᠨᠣᠶ᠋ᠢᠷ )
ᠴᠢᠮᠠᠲᠤ ᠦᠵᠡᠭᠳᠡᠬᠦ ᠦᠭᠡᠢ ᠮᠥᠷᠲᠡᠭᠡᠨ
ᠴᠢᠮᠠᠶ᠋ᠢ ᠴᠣᠬᠢᠭᠠᠳ ᠤᠨᠠᠭᠠᠴᠢᠨᠠ
( ᠨᠣᠶ᠋ᠢᠷ )
ᠣᠢ ᠮᠥᠷᠡᠨ ᠊ᠢ ᠭᠡᠳᠦᠯᠦᠭᠰᠡᠨ ᠴᠤ᠌
ᠣᠶ᠋ᠢᠮᠣᠰᠤ ᠱᠠᠬᠠᠢ ᠨᠣᠷᠤᠭᠰᠠᠨ ᠦᠭᠡᠢ
ᠤᠷᠤᠭ ᠰᠠᠷᠠᠯ ᠊ᠢ ᠠᠯᠠᠭᠰᠠᠨ ᠴᠤ᠌
ᠤᠷᠤᠭᠤᠯ ᠠᠮᠠ ᠲᠣᠰᠣᠲᠠᠭᠰᠠᠨ ᠦᠭᠡᠢ
ᠣᠭᠲᠠᠷᠭᠤᠢ ᠳᠤ ᠵᠢᠭᠦᠷ ᠦᠭᠡᠢ ᠨᠢᠰᠦᠭᠰᠡᠨ ᠴᠤ᠌
ᠣᠶ᠋ᠢᠴᠢᠵᠤ ᠦᠭᠦᠭᠰᠡᠨ ᠣᠰᠣᠯ ᠦᠭᠡᠢ
ᠣᠷᠴᠢᠯᠠᠩ ᠳᠤ ᠠᠶᠤᠯ ᠦᠭᠡᠢ ᠲᠡᠨᠦᠭᠰᠡᠨ ᠴᠤ᠌
ᠣᠷᠣᠨ ᠠ᠋ᠴᠠ ᠪᠠᠨ ᠬᠥᠳᠡᠯᠦᠭᠰᠡᠨ ᠤᠴᠢᠷ ᠦᠭᠡᠢ
( ᠵᠡᠭᠦᠲᠦ )
ᠪᠥᠬᠡᠷ ᠪᠥᠬᠡᠷ ᠠᠯᠬᠤᠲᠠᠯ ᠲᠠᠢ
ᠪᠥᠭᠳᠥᠷ ᠮᠣᠲᠣᠨ ᠳᠤ ᠬᠣᠨᠣᠭ ᠲᠠᠢ
ᠬᠣᠶᠠᠷ ᠳᠠᠯᠢᠩ ᠬᠦᠨᠡᠰᠦ ᠲᠡᠢ
( ᠥᠯᠥᠭᠡᠢ ᠲᠡᠢ ᠬᠡᠦᠬᠡᠳ )
ᠬᠣᠩᠬᠢᠶ᠎ᠠ ᠮᠣᠲᠣᠨ ᠬᠣᠨᠣᠭ ᠲᠠᠢ
ᠬᠣᠶᠠᠷ ᠬᠣᠪᠣᠭᠣ ᠤᠮᠲᠠ ᠲᠠᠢ
( ᠥᠯᠥᠭᠡᠢ ᠲᠡᠢ ᠬᠡᠦᠬᠡᠳ )
ᠳᠣᠪᠣ ᠲᠣᠭᠣᠷᠢᠭᠠᠳ
ᠳᠣᠯᠣᠭᠠᠨ ᠨᠦᠬᠡ
( ᠲᠣᠯᠣᠭᠠᠢ )
ᠪᠤᠮᠪᠠᠨ ᠰᠠᠶ᠋ᠢᠬᠠᠨ ᠪᠤᠲᠤᠩ
ᠪᠢᠲᠡᠭᠦᠦ ᠴᠢᠨᠠᠭᠰᠠᠨ ᠪᠤᠲᠠᠬ᠋᠎ᠠ
ᠪᠢᠯᠢᠭ᠌ ᠦ᠋ᠨ ᠤᠯᠠᠭᠠᠨ ᠳᠠᠩᠰᠠ
ᠪᠡᠭᠡᠵᠢᠩ ᠬᠣᠶᠠᠷ ᠬᠠᠪᠲᠠᠬ᠋ᠠ
ᠴᠠᠪ ᠴᠠᠭᠠᠨ ᠴᠢᠯᠠᠭᠤ
ᠴᠠᠭᠠᠨ ᠠᠯᠠᠭ ᠬᠤᠨᠲᠠᠬ᠋ᠠ
( ᠲᠣᠯᠣᠭᠠᠢ )
ᠦᠰᠦ ᠲᠡᠢ ᠦᠰᠦ ᠦᠭᠡᠢ ᠬᠣᠶᠠᠷ
ᠦᠷ ᠴᠠᠶ᠋ᠢᠲᠠᠯ᠎ᠠ ᠨᠣᠴᠣᠯᠲᠤᠨᠠ ᠃
( ᠳᠡᠷᠡ ᠲᠣᠯᠣᠭᠠᠢ ᠬᠣᠶᠠᠷ )
ᠪᠣᠯᠪᠣᠭᠣᠷ ᠠᠭᠤᠯᠠ ᠶ᠋ᠢᠨ ᠣᠷᠣᠢ
ᠪᠣᠮ ᠲᠦᠮᠡᠨ ᠪᠤᠷᠭᠠᠰᠤ
( ᠲᠣᠯᠣᠭᠠᠢ ᠦᠰᠦ )
ᠪᠣᠮᠪᠣᠷᠴᠠᠭ ᠦ᠋ᠨ ᠣᠷᠣᠢ ᠳᠡᠭᠡᠷ᠎ᠡ
ᠪᠣᠮ ᠲᠦᠮᠡᠨ ᠴᠡᠷᠢᠭ ᠪᠠᠶ᠋ᠢᠨ᠎ᠠ
ᠪᠠᠭᠤᠯᠭᠠᠲᠠᠢ ᠨᠢ ᠭᠠᠭᠴᠠᠬᠠᠨ
ᠶᠠᠩᠭᠠᠲᠠᠢ ᠪᠠᠭᠠᠲᠤᠷ
( ᠲᠣᠯᠣᠭᠠᠢ ᠶ᠋ᠢᠨ ᠦᠰᠦ ᠶ᠋ᠢ ᠠᠪᠬᠤ )
ᠬᠤᠷᠴᠠ ᠨᠠᠷᠠᠨ ᠳᠤ ᠬᠠᠯᠠᠬ᠋ᠠ ᠦᠭᠡᠢ
ᠬᠤᠷ᠎ᠠ ᠤᠰᠤᠨ ᠳᠤ ᠤᠬᠢᠶᠠᠬ᠋ᠠ ᠦᠭᠡᠢ
ᠭᠠᠩ ᠲᠡᠮᠦᠷ ᠬᠦᠷᠦᠭᠡ ᠦᠭᠡᠢ
ᠭᠠᠭᠴᠠ ᠴᠤ᠌ ᠮᠣᠲᠣ ᠤᠷᠭᠤᠬ᠋ᠠ ᠦᠭᠡᠢ
( ᠬᠣᠵᠢᠭᠢᠷ ᠲᠣᠯᠣᠭᠠᠢ )
ᠬᠠᠷ᠎ᠠ ᠪᠤᠤᠷ᠎ᠠ ᠬᠠᠩᠭᠢᠰ ᠭᠡᠬᠦ ᠳᠤ
ᠬᠠᠵᠠᠭᠤ ᠶ᠋ᠢᠨ ᠡᠪᠡᠰᠦ ᠨᠤᠷᠠᠰᠬᠢᠨᠠ
( ᠦᠰᠦ ᠠᠪᠬᠤ )
ᠮᠢᠬ᠎ᠠ ᠪᠠᠷ ᠪᠦᠲᠦᠭᠰᠡᠨ ᠪᠡᠶ᠎ᠡ ᠲᠡᠢ
ᠮᠠᠯᠲᠠᠮᠠᠯ ᠶᠠᠰᠤᠨ ᠭᠡᠷ ᠲᠡᠢ
ᠮᠡᠷᠭᠡᠨ ᠰᠣᠲᠣ ᠤᠬᠠᠭᠠᠨ ᠲᠠᠢ
ᠮᠡᠲᠡᠵᠦ ᠰᠤᠷᠬᠤ ᠪᠢᠯᠢᠭ᠌ ᠲᠡᠢ
( ᠲᠠᠷᠢᠬᠢ )
ᠨᠠᠷᠢᠨ ᠰᠠᠶ᠋ᠢᠬᠠᠨ ᠰᠢᠨ᠎ᠠ ᠳᠡᠭᠡᠷ᠎ᠡ
ᠨᠠᠪᠴᠢ ᠦᠭᠡᠢ ᠰᠢᠯᠤᠭᠤᠨ ᠡᠪᠡᠰᠦ
( ᠰᠠᠬᠠᠯ )
ᠠᠭᠤᠯᠠ ᠶ᠋ᠢᠨ ᠠᠷᠤ ᠳᠤ
ᠤᠷᠲᠤ ᠬᠠᠷ᠎ᠠ ᠬᠥᠮᠦᠨ
( ᠭᠡᠵᠢᠭᠡ )
ᠲᠣᠭᠣᠨᠣ ᠶ᠋ᠢᠨ ᠳᠡᠭᠡᠷ᠎ᠡ ᠲᠣᠬᠣᠮ ᠬᠠᠷ᠎ᠠ
ᠲᠣᠭᠠᠯᠠᠵᠤ ᠪᠣᠯᠲᠠᠭ ᠦᠭᠡᠢ ᠨᠣᠮᠣᠬᠠᠨ ᠬᠠᠷ᠎ᠠ
( ᠦᠰᠦ )
ᠠᠷᠤ ᠳᠤ ᠴᠠᠰᠤ ᠣᠷᠣᠪᠠᠯ
ᠠᠷᠢᠯᠭᠠᠬᠤ ᠳᠤ ᠪᠡᠷᠬᠡ
ᠠᠯᠲᠠᠨ ᠭᠠᠲᠠᠰᠤ ᠮᠤᠷᠤᠶ᠋ᠢᠪᠠᠯ
ᠵᠠᠯᠠᠬᠤ ᠳᠤ ᠪᠡᠷᠬᠡ
( ᠦᠰᠦ ᠴᠠᠶ᠋ᠢᠵᠤ ᠪᠥᠭᠳᠥᠷ ᠪᠣᠯᠬᠤ )
ᠬᠠᠨ ᠠᠭᠤᠯᠠ ᠶ᠋ᠢᠨ ᠣᠷᠣᠢ ᠳᠤ
ᠴᠠᠰᠤ ᠣᠷᠣᠬᠤ ᠨᠢ ᠬᠡᠴᠡᠭᠦᠦ
ᠣᠷᠣᠭᠰᠠᠨ ᠬᠣᠶ᠋ᠢᠨ᠎ᠠ
ᠬᠠᠶ᠋ᠢᠯᠬᠤ ᠨᠢ ᠴᠤ᠌ ᠬᠡᠴᠡᠭᠦᠦ
( ᠦᠰᠦ ᠴᠠᠶ᠋ᠢᠬᠤ )
ᠲᠡᠭᠦᠵᠦ ᠠᠪᠤᠭᠠᠳ
ᠲᠣᠬ᠋᠎ᠠ ᠶ᠋ᠢ ᠨᠢ ᠮᠡᠳᠡᠳᠡᠭ ᠦᠭᠡᠢ
( ᠦᠰᠦ )
ᠬᠠᠨ ᠤᠯᠤᠰ ᠪᠤᠲᠠᠷᠠᠭᠰᠠᠨ ᠳᠤ
ᠬᠠᠷᠢᠭᠤᠯᠬᠤ ᠬᠥᠮᠦᠨ ᠦᠭᠡᠢ
ᠬᠠᠰᠠᠭ ᠲᠡᠷᠭᠡ ᠨᠢ ᠡᠪᠳᠡᠷᠡᠭᠰᠡᠨ ᠳᠤ
ᠡᠪᠯᠡᠬᠦ ᠬᠥᠮᠦᠨ ᠦᠭᠡᠢ
( ᠦᠰᠦ ᠴᠠᠶ᠋ᠢᠵᠤ ᠰᠢᠲᠦ ᠤᠨᠠᠬᠤ )
ᠬᠠᠩᠭᠠᠢ ᠳᠤ ᠣᠷᠣᠭᠰᠠᠨ ᠴᠠᠰᠤ ᠬᠠᠶ᠋ᠢᠯᠬᠤ ᠳᠤ ᠪᠡᠷᠬᠡ
ᠬᠠᠷᠠᠭᠤᠯ ᠳᠤ ᠮᠣᠷᠲᠠᠭᠰᠠᠨ ᠬᠥᠮᠦᠨ ᠢᠷᠡᠬᠦ ᠳᠤ ᠪᠡᠷᠬᠡ
( ᠦᠰᠦ ᠴᠠᠶ᠋ᠢᠬᠤ ᠪᠠ ᠦᠬᠦᠭᠰᠡᠨ ᠬᠥᠮᠦᠨ )
ᠭᠡᠷ ᠦ᠋ᠨ ᠭᠠᠲᠠᠨ᠎ᠠ
ᠭᠡᠲᠡᠩ ᠭᠣᠲᠣᠩ
( ᠭᠡᠵᠢᠭᠡ )
ᠠᠷᠵᠠᠭᠠᠢ ᠪᠠᠷ ᠠᠷᠢᠯᠭᠠᠵᠤ
ᠰᠠᠷᠵᠠᠭᠠᠢ ᠪᠠᠷ ᠰᠠᠮᠨᠠᠵᠤ
ᠭᠤᠷᠪᠠ ᠪᠠᠷ ᠮᠤᠰᠬᠢᠵᠤ
ᠭᠣᠶᠣᠯᠠᠨ ᠬᠠᠮᠠᠭᠠᠯᠠᠨ᠎ᠠ
( ᠭᠡᠵᠢᠭᠡ )
ᠥᠨᠲᠥᠷ ᠠᠭᠤᠯᠠ ᠶ᠋ᠢᠨ ᠠᠷᠤ ᠳᠤ
ᠥᠨᠥᠴᠢᠨ ᠲᠠᠤᠯᠠᠢ ᠶ᠋ᠢᠨ ᠬᠡᠪᠲᠡᠰᠢ
( ᠴᠢᠮᠠᠯᠠᠬᠠᠢ )
ᠭᠡᠷ ᠦ᠋ᠨ ᠠᠷᠤ ᠳᠤ
ᠭᠡᠨᠳᠡᠭ ᠬᠤᠤᠠᠲᠤᠭ
( ᠴᠢᠮᠠᠯᠠᠬᠠᠢ )
ᠬᠣᠲᠠ ᠢᠷᠡᠭᠡ
ᠬᠤᠷᠠᠬ᠋ᠠ ᠠᠯᠠᠬ᠋᠎ᠠ
ᠬᠣᠲᠠ ᠨᠢ ᠰᠢᠲᠦ ᠦᠭᠡᠢ
ᠬᠤᠷᠠᠬ᠋ᠠ ᠨᠢ ᠶᠠᠰᠤ ᠦᠭᠡᠢ
( ᠬᠡᠦᠬᠡᠳ ᠬᠥᠬᠥᠬᠦ )
ᠠᠷᠪᠠᠨ ᠰᠠᠶ᠋ᠢᠨ ᠨᠥᠬᠥᠷ
ᠬᠥᠮᠦᠨ ᠪᠦᠷᠢ ᠳᠤ ᠪᠠᠶ᠋ᠢᠲᠠᠭ
( ᠠᠷᠪᠠᠨ ᠬᠤᠷᠤᠭᠤ )
ᠬᠣᠷᠢᠨ ᠬᠣᠨᠢ ᠬᠣᠯᠪᠣᠬ᠋᠎ᠠ ᠲᠠᠢ
ᠬᠣᠲᠣᠭᠣᠷ ᠤᠯᠠᠭᠠᠭᠴᠢ ᠦᠨᠢᠶ᠎ᠡ ᠤᠶᠠᠬ᠋ᠠ ᠲᠠᠢ
( ᠰᠢᠲᠦ ᠬᠡᠯᠡ )
ᠵᠡᠷᠭᠡᠯᠭᠡ ᠮᠣᠲᠣᠨ ᠪ ᠠᠷᠤ ᠳᠤ
ᠵᠡᠭᠡᠷᠲᠡᠭᠴᠢ ᠭᠡᠭᠦᠦ ᠲᠣᠭᠯᠠᠨ᠎ᠠ
( ᠰᠢᠲᠦ ᠬᠡᠯᠡ )
ᠬᠣᠷᠢᠨ ᠬᠣᠨᠢ ᠬᠣᠯᠪᠣᠬ᠋᠎ᠠ ᠲᠠᠢ
ᠬᠣᠩᠭᠣᠷ ᠵᠡᠭᠡᠷᠲᠡ ᠰᠣᠶ᠋ᠢᠯᠬ᠋ᠠ ᠲᠠᠢ
( ᠰᠢᠲᠦ ᠬᠡᠯᠡ )
ᠴᠠᠭᠠᠲᠠᠢ ᠪᠠᠷ ᠴᠠᠪᠴᠢᠨ᠎ᠠ
ᠤᠯᠠᠭᠠᠲᠠᠢ ᠪᠠᠷ ᠤᠭᠲᠤᠨ᠎ᠠ
( ᠰᠢᠲᠦ ᠬᠡᠯᠡ )
ᠭᠣᠣ ᠳᠤ ᠭᠤᠴᠢᠨ ᠴᠠᠭᠠᠨ ᠥᠷᠭᠥᠭᠡ
( ᠰᠢᠲᠦ )
ᠢᠷᠠᠭ ᠢᠮᠠᠬ᠋ᠠ ᠶᠠᠰᠤᠨ ᠬᠣᠲᠣᠭᠣᠲᠣ ᠲᠠᠢ
( ᠰᠢᠲᠦ ᠠᠮᠠ )
ᠬᠣᠨᠢᠨ ᠴᠢᠨᠡᠭᠡ ᠴᠠᠭᠠᠨ ᠬᠠᠲᠠᠨ ᠳᠤ
ᠬᠣᠩᠭᠣᠷ ᠤᠯᠠᠭᠠᠨ ᠦᠨᠡᠭᠡ ᠬᠠᠪᠴᠢᠬᠲᠠᠪᠠ
ᠦᠨᠡᠭᠡ ᠭᠠᠷᠬᠤ ᠶ᠋ᠢ ᠶᠠᠭᠠᠷᠠᠬᠤ ᠦᠭᠡᠢ ᠪᠠᠶ᠋ᠢᠲᠠᠯ᠎ᠠ
ᠥᠨᠥᠬᠢ ᠬᠠᠲᠠ ᠭᠠᠷᠭᠠᠬᠤ ᠶ᠋ᠢ ᠶᠠᠭᠠᠷᠠᠨ᠎ᠠ
( ᠰᠢᠲᠦᠨ ᠳᠤ ᠮᠢᠬ᠎ᠠ ᠣᠷᠣᠬᠤ )
ᠢᠷᠪᠡᠬᠡᠲᠡᠢ ᠵᠢᠷᠪᠡᠬᠡᠲᠡᠢ ᠳᠤ ᠥᠭᠭᠦᠭᠡ
ᠵᠢᠷᠪᠡᠬᠡᠲᠡᠢ ᠨᠢᠴᠦᠭᠦᠨ ᠳᠤ ᠥᠭᠭᠦᠭᠡ
ᠨᠢᠴᠦᠭᠦᠨ ᠨᠢ ᠨᠦᠬᠡᠨ ᠳᠤ ᠭᠡᠭᠡ
( ᠭᠠᠷ ᠰᠢᠲᠦ ᠬᠡᠯᠡ ᠬᠣᠭᠣᠯᠠᠢ )
ᠠᠷᠵᠠᠭᠠᠬᠠᠢ ᠡᠪᠦᠭᠡᠨ ᠵᠠᠲᠠᠭᠯᠠᠬ᠋ᠠ
ᠠᠷᠪᠠᠨ ᠬᠥᠮᠦᠨ ᠊ᠢ ᠮᠣᠷᠲᠠᠭᠤᠯᠤᠬ᠋ᠠ
ᠱᠣᠨᠲᠣᠭᠣᠢ ᠪᠠᠭᠰᠢ ᠶ᠋ᠢ ᠵᠠᠯᠠᠬ᠋ᠠ
ᠰᠢᠪᠲᠤ ᠨᠡᠪᠲᠡ ᠬᠠᠤᠠᠬᠤᠭᠤᠯᠤᠬ᠋ᠠ
( ᠰᠢᠲᠦ ᠴᠢᠭᠴᠢᠯᠡᠬᠦ)
ᠲᠠᠢ ᠲᠠᠢ ᠬᠠᠲᠤᠨ ᠴᠢᠯᠡᠷᠬᠡᠵᠦ ᠭᠡᠨ᠎ᠡ
ᠲᠠᠪᠤᠨ ᠪᠣᠱᠣᠭᠣ ᠳᠤᠭᠲᠤᠷᠴᠤ ᠭᠡᠨ᠎ᠡ
ᠭᠣᠷᠭᠤᠢ ᠪᠠᠭᠰᠢ ᠶ᠋ᠢ ᠵᠠᠯᠠᠵᠤ ᠭᠡᠨ᠎ᠡ
ᠭᠤᠨᠵᠢᠨ ᠲᠡᠮᠡᠭᠡ ᠶ᠋ᠢ ᠭᠠᠶ᠋ᠢᠲᠤᠭᠤᠯᠵᠤ ᠭᠡᠨ᠎ᠡ
( ᠰᠢᠲᠦ ᠴᠢᠭᠴᠢᠯᠡᠬᠦ)
ᠬᠠᠰᠠᠭ ᠲᠡᠷᠭᠡ ᠡᠪᠲᠡᠷᠡᠬᠦ ᠨᠢ ᠬᠡᠴᠡᠭᠦᠦ
ᠡᠪᠳᠡᠷᠡᠭᠰᠡᠨ ᠬᠣᠶ᠋ᠢᠨ᠎ᠠ ᠪᠠᠨ ᠡᠪᠯᠡᠭᠦᠯᠬᠦ ᠳᠤ ᠴᠤ᠌ ᠬᠡᠴᠡᠭᠦᠦ
( ᠰᠢᠲᠦ ᠤᠨᠠᠬᠤ )
ᠨᠦᠬᠡᠨ ᠳᠣᠲᠣᠷ᠎ᠠ ᠨᠢᠴᠦᠭᠦᠨ ᠬᠦᠦ
( ᠬᠡᠯᠡ )
ᠬᠣᠩᠭᠣᠷ ᠳᠣᠲᠣᠷ᠎ᠠ ᠬᠣᠩᠭᠣᠷ ᠵᠡᠭᠡᠷᠲᠡ ᠤᠶᠠᠭᠠᠲᠠᠢ
( ᠬᠡᠯᠡ )
ᠠᠭᠤᠢ ᠳᠣᠲᠣᠷ᠎ᠠ ᠠᠯᠢᠶ᠎ᠠ ᠤᠯᠠᠭᠠᠨ ᠴᠢᠪᠠᠭᠠᠨᠴᠠ
( ᠬᠡᠯᠡ )
ᠪᠠᠬ᠋᠎ᠠ ᠭᠡᠷ ᠦ᠋ᠨ ᠳᠣᠲᠣᠷ᠎ᠠ
ᠪᠠᠬᠢᠷᠠᠬ᠋ᠠ ᠴᠢᠪᠠᠭᠠᠨᠴᠠ
( ᠬᠡᠯᠡ )
ᠤᠯᠠᠭᠠᠭᠴᠢ ᠭᠡᠭᠦᠦ ᠤᠶᠠᠭᠠᠲᠠᠢ ᠪᠠᠶ᠋ᠢᠨ᠎ᠠ
( ᠬᠡᠯᠡ )
ᠪᠢ ᠮᠡᠲᠡᠶ᠎ᠡ
ᠴᠢ ᠬᠡᠯᠡ
( ᠬᠡᠯᠡ )
ᠨᠣᠭᠣᠭᠠᠨ ᠪ ᠬᠠᠰᠢᠶᠠᠨ ᠳᠣᠲᠣᠷ᠎ᠠ
ᠨᠣᠶ᠋ᠢᠲᠠᠨ ᠤᠯᠠᠭᠠᠨ ᠲᠤᠭᠤᠯ
( ᠬᠡᠯᠡ )
ᠶᠡᠬᠡ ᠭᠡᠷ ᠦ᠋ᠨ ᠳᠣᠲᠣᠷ᠎ᠠ ᠪᠠᠬ᠋᠎ᠠ ᠭᠡᠷ
ᠪᠠᠬ᠋᠎ᠠ ᠭᠡᠷ ᠦ᠋ᠨ ᠳᠣᠲᠣᠷ᠎ᠠ ᠪᠠᠷᠬᠢᠷᠠᠬ᠋ᠠ ᠴᠢᠪᠠᠭᠠᠨᠴᠠ
( ᠬᠡᠯᠡ )
ᠤᠯᠠᠭᠠᠨ ᠦᠬᠡᠷ ᠶᠠᠰᠤᠨ ᠬᠣᠷᠣᠬ᠋᠎ᠠ ᠲᠠᠢ
( ᠬᠡᠯᠡ )
ᠬᠠᠵᠠᠭᠤ ᠳᠡᠭᠡᠷ᠎ᠡ ᠬᠠᠶ᠋ᠢᠪᠢᠨ ᠲᠣᠭᠣᠬ᠋᠎ᠠ
( ᠴᠢᠬᠢ )
ᠬᠠᠵᠠᠭᠤ ᠳᠡᠭᠡᠷ᠎ᠡ ᠬᠠᠵᠠᠭᠠᠢ ᠱᠠᠬᠠᠢ
( ᠴᠢᠬᠢ )
ᠲᠠᠯ᠎ᠠ ᠳᠡᠭᠡᠷ᠎ᠡ ᠲᠠᠯ᠎ᠠ ᠲᠡᠪᠰᠢ
( ᠴᠢᠬᠢ )
ᠬᠡᠯᠲᠡᠷᠬᠡᠢ ᠬᠠᠵᠠᠭᠤ ᠶ᠋ᠢᠨ ᠬᠣᠶᠠᠷ
ᠬᠡᠨ ᠠᠯᠢᠨ ᠶ᠋ᠢᠠᠨ ᠲᠠᠨᠢᠬᠤ ᠦᠭᠡᠢ
ᠬᠡᠩᠭᠡᠷᠭᠡ ᠴᠠᠩ ᠳᠤᠤᠭᠠᠷᠪᠠᠯ
ᠬᠡᠯᠡᠯᠴᠡᠭᠰᠡᠨ ᠰᠢᠭ᠌ ᠴᠣᠭ ᠰᠣᠨᠣᠰᠤᠨ᠎ᠠ
( ᠴᠢᠬᠢ)
ᠡᠵᠢ ᠶ᠋ᠢᠨ ᠥᠭᠭᠥᠭᠰᠡᠨ ᠬᠡᠲᠡᠪᠴᠢ ᠶ᠋ᠢ
ᠡᠲᠦᠢ ᠪᠣᠯᠲᠠᠯ᠎ᠠ ᠦᠵᠡᠭᠡᠲᠦᠢ
( ᠴᠢᠬᠢ)
ᠬᠡᠯᠲᠡᠭᠡᠢ ᠡᠲᠡᠭᠡᠳ ᠦ᠋ᠨ ᠡᠵᠡᠨ
ᠬᠡᠨ ᠠᠯᠢᠨ ᠶ᠋ᠢᠠᠨ ᠲᠠᠨᠢᠬᠤ ᠦᠭᠡᠢ
ᠬᠡᠩᠭᠡᠷᠭᠡ ᠴᠠᠩ ᠳᠤᠤᠭᠠᠷᠪᠠᠯ
ᠬᠡᠨ ᠡᠴᠡ ᠴᠤ᠌ ᠤᠷᠢᠲᠠᠵᠤ ᠰᠣᠨᠣᠰᠤᠨ᠎ᠠ
( ᠴᠢᠬᠢ)
ᠨᠠᠷᠠ ᠦᠭᠡᠢ ᠨᠠᠷᠢᠨ ᠭᠣᠣ
( ᠠᠮᠠ)
ᠤᠯᠠᠭᠠᠨ ᠬᠡᠷᠡᠮ ᠳᠤ ᠴᠠᠭᠠᠨ ᠪᠠᠶ᠋ᠢᠰᠢᠩ
ᠴᠠᠭᠠᠨ ᠪᠠᠶ᠋ᠢᠰᠢᠩ ᠳᠤ ᠴᠠᠶ᠋ᠢᠪᠤᠷ ᠦᠬᠡᠨ
( ᠠᠮᠠ )
ᠤᠯᠠᠭᠠᠨ ᠬᠡᠷᠡᠮ ᠳᠤ ᠴᠠᠭᠠᠨ ᠪᠠᠶ᠋ᠢᠰᠢᠩ
ᠴᠠᠭᠠᠨ ᠪᠠᠶ᠋ᠢᠰᠢᠩ ᠳᠤ ᠴᠠᠶ᠋ᠢᠪᠤᠷ ᠤᠯᠠᠭᠠᠨ ᠥᠬᠢᠨ
( ᠤᠷᠤᠭᠤᠯ ᠰᠢᠲᠤ ᠬᠡᠯᠡ)
ᠳᠣᠪᠣ ᠶ᠋ᠢ ᠲᠣᠭᠣᠷᠢᠭᠠᠳ ᠳᠣᠯᠣᠭᠠᠨ ᠨᠦᠬᠡ
ᠳᠤᠮᠳᠠ ᠨᠢ ᠢᠲᠡᠭᠡ ᠪᠤᠲᠠᠬ᠋᠎ᠠ ᠶ᠋ᠢᠨ ᠨᠦᠬᠡ
(ᠠᠮᠠ ᠬᠠᠮᠠᠷ ᠴᠢᠬᠢ ᠨᠢᠲᠦ)
ᠳᠣᠪᠣ ᠶ᠋ᠢ ᠲᠣᠭᠣᠷᠢᠭᠠᠳ ᠳᠣᠯᠣᠭᠠᠨ ᠨᠦᠬᠡ
ᠳᠣᠷᠣᠭᠰᠢ ᠬᠠᠷᠠᠭᠰᠠᠨ ᠬᠣᠶᠠᠷ ᠨᠦᠬᠡ
( ᠶᠢᠰᠦᠨ ᠰᠦᠪᠡ)
ᠬᠣᠶᠠᠷ ᠲᠠᠰᠤᠯᠬ᠋ᠠ ᠪᠠᠶ᠋ᠢᠰᠢᠩ
ᠨᠢᠭᠡ ᠲᠤᠯᠭᠠᠭᠤᠷᠢ ᠲᠠᠢ
( ᠬᠠᠮᠠᠷ)
ᠬᠣᠶᠠᠷ ᠬᠤᠸᠠ ᠶ᠋ᠢᠨ ᠬᠣᠭᠣᠷᠣᠨᠲᠣ
ᠬᠤᠸᠠ ᠲᠡᠮᠡᠭᠡ ᠬᠡᠪᠲᠡᠵᠦ ᠪᠠᠶ᠋ᠢᠨ᠎ᠠ
( ᠬᠠᠮᠠᠷ)
ᠶᠠᠩᠵᠤ ᠦᠭᠡᠢ ᠭᠠᠵᠠᠷ
ᠰᠢᠨᠵᠢ ᠦᠭᠡᠢ ᠪᠠᠶ᠋ᠢᠰᠢᠩ
( ᠬᠠᠮᠠᠷ)
ᠰᠡᠪᠡᠶ᠋ᠢᠨ ① ᠬᠤᠪᠢᠩ ᠳᠤ ᠵᠠᠪᠠᠭ ② ᠲᠠᠷᠠᠭ
( ᠨᠢᠰᠦ ᠂ ᠬᠠᠮᠠᠷ)
① ᠰᠡᠪᠡᠶ᠋ᠢᠨ — ᠶᠠᠭᠤᠮᠠᠨ ᠪ ᠳᠦᠷᠰᠦ ᠪᠠᠶ᠋ᠢᠲᠠᠯ ᠊ᠢ ᠵᠢᠭᠠᠭᠰᠠᠨ ᠦᠭᠡ ᠃
② ᠵᠠᠪᠠᠭ — ᠵᠠᠪᠠᠬ᠋ᠠ ᠭᠡᠳᠡᠭ ᠲᠡᠢ ᠤᠤᠠᠬ᠎ᠠ ᠨᠢᠭᠡ ᠠᠮᠲᠠ ᠪᠠᠷ ᠠᠨᠠᠢ ᠭᠡᠰᠡᠨ ᠦᠭᠡ ᠃
ᠬᠣᠶᠠᠷ ᠲᠠᠰᠤᠯᠬ᠋ᠠ ᠪᠠᠶ᠋ᠢᠰᠢᠩ
ᠬᠣᠭᠣᠷᠣᠨᠲᠣ ᠪᠠᠨ ᠭᠠᠭᠴᠠᠬᠠᠨ ᠲᠤᠯᠭᠠᠭᠤᠷᠢ ᠲᠠᠢ
( ᠬᠠᠮᠠᠷ)
ᠡᠪᠡᠰᠦ ᠦᠭᠡᠢ ᠭᠠᠵᠠᠷ
ᠦᠵᠡᠭᠡᠷᠢ ᠦᠭᠡᠢ ᠭᠡᠷ
( ᠬᠠᠮᠠᠷ)
ᠡᠷᠬᠢ ᠳᠡᠭᠡᠷ᠎ᠡ ᠡᠪᠲᠡᠶ᠋ᠢᠬᠡᠨ ᠡᠪᠡᠰᠦ
( ᠰᠠᠬᠠᠯ)
ᠬᠦᠷ ᠬᠦᠷ ᠭᠡᠪᠡᠯ ᠬᠦᠷᠬᠦ ᠦᠭᠡᠢ
ᠪᠤᠤ ᠬᠦᠷ ᠪᠤᠤ ᠬᠦᠷ ᠭᠡᠪᠡᠯ ᠬᠦᠷᠬᠦ
( ᠤᠷᠤᠭᠤᠯ)
ᠬᠠᠪᠴᠢᠬ ᠪᠣᠷᠲᠣᠭᠣᠨ ᠳᠤ
ᠭᠠᠰᠢᠯᠤᠭᠰᠠᠨ ᠵᠥᠭᠡᠬᠡᠢ
( ᠨᠢᠰᠦ)
ᠪᠣᠷᠲᠣᠭᠣ ᠳᠦᠭᠦᠷᠡᠩ ᠪᠣᠷᠣ ᠲᠣᠰᠣ
( ᠨᠢᠰᠦ)
ᠬᠣᠶᠠᠷ ᠳᠣᠮᠪᠣ ᠠ᠋ᠴᠠ ᠰᠢᠷ᠎ᠠ ᠲᠣᠰᠣ ᠭᠣᠭᠣᠵᠢᠬᠤ
( ᠨᠢᠰᠦ)
ᠪᠤᠷᠭᠠᠰᠤᠨ ᠬᠠᠰᠢᠶᠠᠨ ᠳᠤ ᠪᠦᠭᠡᠷᠡᠯᠡᠭᠡ ᠳᠣᠭᠣᠯ
( ᠨᠢᠲᠦ)
ᠬᠠᠷ᠎ᠠ ᠪᠢᠷᠠᠭᠤ ᠬᠢᠯᠭᠠᠰᠤᠨ ᠬᠣᠷᠣᠬ᠋᠎ᠠ ᠲᠠᠢ
( ᠨᠢᠲᠦ)
ᠬᠠᠲᠠᠨ ᠡᠩᠭᠡᠷ ᠦ᠋ᠨ ᠬᠣᠶᠠᠷ ᠨᠠᠭᠤᠷ
ᠬᠠᠷ᠎ᠠ ᠭᠠᠯᠠᠭᠤ ᠶ᠋ᠢ ᠰᠠᠭᠤᠯᠭᠠᠬᠤ ᠦᠭᠡᠢ
( ᠨᠢᠲᠦ)
ᠠᠭᠤᠢ ᠳᠣᠲᠣᠷ᠎ᠠ ᠠᠯᠠᠭ ᠴᠢᠨᠣ᠎ᠠ
( ᠨᠢᠲᠦ)
ᠲᠠᠯ᠎ᠠ ᠳᠤᠮᠳᠠ ᠳᠠᠶ᠋ᠢᠪᠠᠯᠵᠠᠭᠤᠷ
ᠳᠠᠪᠠᠭᠠᠨ ᠪ ᠨᠠᠭᠠᠨ᠎ᠠ ᠴᠠᠭᠠᠨ᠎ᠠ ᠪᠦᠮᠪᠦᠯᠵᠡᠭᠦᠷ
ᠲᠠᠨ ᠪ ᠮᠠᠨ ᠪ ᠭᠠᠶ᠋ᠢᠬᠠᠯᠵᠠᠭᠤᠷ
( ᠨᠢᠲᠦ)
ᠠᠷᠠᠰᠤᠨ ᠬᠣᠷᠣᠬ᠋᠎ᠠ ᠲᠠᠢ
ᠠᠯᠠᠭ ᠪᠢᠷᠠᠭᠤ ᠶ᠋ᠢ
ᠠᠤᠠᠬᠤᠪᠠᠯ ᠠᠤᠠᠬᠤ ᠳᠦᠭᠦᠷᠬᠦ ᠦᠭᠡᠢ
ᠲᠠᠯᠪᠢᠪᠠᠯ ᠲᠠᠯ᠎ᠠ ᠳᠦᠭᠦᠷᠦᠨ᠎ᠡ
( ᠨᠢᠲᠦ)
ᠪᠣᠰᠤᠬ᠋᠎ᠠ ᠬᠠᠲᠠᠨ ᠪ ᠡᠩᠭᠡᠷ ᠲᠦ
ᠪᠤᠮᠪᠤᠯᠵᠭᠤᠷ ᠬᠣᠶᠠᠷ ᠨᠠᠭᠤᠷ ᠪᠤᠢ
ᠪᠤᠰᠤᠳ ᠨᠠᠭᠤᠷ ᠲᠠᠢ ᠲᠠᠭᠠᠷᠠᠬᠤ ᠦᠭᠡᠢ
ᠪᠤᠵᠠᠷ ᠪᠤᠷᠲᠠᠭ ᠢ ᠣᠷᠣᠭᠤᠯᠬᠤ ᠦᠭᠡᠢ
( ᠨᠢᠳᠦ )
ᠠᠯᠠᠭ ᠲᠤᠭᠤᠯ ᠬᠢᠯᠭᠠᠰᠤᠨ ᠰᠢᠪᠡᠭᠡ ᠲᠡᠢ
( ᠨᠢᠳᠦ )
ᠰᠠᠭᠤᠯᠠᠭ᠎ᠠ ᠲᠣᠲᠣᠷ᠎ᠠ ᠰᠠᠭᠤᠮᠠᠯ ᠰᠢᠯ
( ᠨᠢᠳᠦ )
ᠤᠯᠠᠭᠠᠨ ᠬᠠᠳᠠᠨ ᠤ ᠡᠩᠭᠡᠷ ᠳᠡᠭᠡᠷ᠎ᠡ
ᠤᠷᠠᠨ ᠠᠯᠠᠭ ᠱᠠᠭᠠᠵᠠᠭᠠᠢ
ᠤᠰᠤ ᠰᠠᠴᠤᠭᠠᠳ ᠦᠷᠭᠦᠬᠦ ᠦᠭᠡᠢ
ᠤᠷᠭ᠎ᠠ ᠲᠠᠯᠪᠢᠭᠠᠳ ᠣᠨᠣᠭᠳᠠᠬᠤ ᠦᠬᠡᠢ
( ᠨᠢᠳᠦ )
ᠪᠢᠴᠢᠬᠠᠨ ᠬᠠᠰᠢᠶᠠᠨ ᠳᠤ ᠪᠥᠭᠡᠷ᠎ᠡ ᠠᠯᠠᠭ ᠲᠤᠭᠤᠯ
( ᠨᠢᠳᠦ )
ᠠᠭᠤᠢ ᠲᠣᠲᠣᠷ᠎ᠠ ᠠᠯᠠᠭ ᠪᠥᠮᠪᠦᠭᠡ
( ᠨᠢᠳᠦ )
ᠪᠥᠭᠡᠷ᠎ᠡ ᠠᠯᠠᠭ ᠰᠢᠪᠠᠭᠤ
ᠪᠥᠭᠦᠳᠡ ᠣᠯᠠᠨ ᠲᠠᠢ ᠬᠠᠷᠢᠯᠴᠠᠨ᠎ᠠ
( ᠨᠢᠳᠦ )
ᠠᠭᠤᠢ ᠲᠣᠲᠣᠷ᠎ᠠ ᠠᠯᠠᠭ ᠢᠮᠠᠭ᠎ᠠ
( ᠨᠢᠳᠦ )
ᠠᠯᠠᠭ ᠪᠢᠷᠠᠭᠤ
ᠠᠷᠭᠠᠯ ᠤᠨ ᠬᠣᠭ ᠢ ᠳᠠᠭᠠᠭᠠᠬᠤ ᠦᠭᠡᠢ
( ᠨᠢᠳᠦ )
ᠢᠬᠡᠷ᠎ᠡ ᠲᠥᠷᠥᠭᠰᠡᠨ ᠡᠭᠡᠴᠢ ᠳᠡᠭᠦᠦ ᠬᠣᠶᠠᠷ
ᠡᠳᠦᠢ ᠪᠣᠯᠲᠠᠯ᠎ᠠ ᠠᠯᠢ ᠠᠯᠢᠨ ᠢᠶ᠋ᠠᠨ ᠦᠵᠡᠭᠡ ᠦᠭᠡᠢ
( ᠨᠢᠳᠦ )
ᠨᠠᠭᠤᠷ ᠲᠤ ᠲᠠᠣᠯᠠᠢ ᠤᠨᠠᠭᠠᠳ
ᠲᠠᠤᠯᠠᠢ ᠨᠢ ᠵᠣᠪᠠᠬᠤ ᠦᠭᠡᠢ
ᠨᠠᠭᠤᠷ ᠨᠢ ᠵᠣᠪᠠᠨ᠎ᠠ
( ᠨᠢᠳᠦ )
ᠪᠤᠷᠬᠠᠨ ᠢᠶ᠋ᠠᠨ ᠪᠤᠷᠭᠠᠰᠤ ᠪᠠᠷ ᠭᠤᠶᠠᠳᠠᠬᠤ
( ᠨᠢᠳᠦ ᠴᠠᠪᠴᠢᠬᠤ )
ᠲᠠᠯ᠎ᠠ ᠳᠡᠭᠡᠷ᠎ᠡ ᠲᠠᠯᠪᠢᠯᠵᠭᠤᠷ
ᠲᠠᠪᠢᠨ ᠯᠠᠩ ᠤᠨ ᠪᠥᠮᠪᠦᠯᠵᠡᠭᠦᠷ
ᠪᠥᠮᠪᠦᠯᠵᠡᠭᠦᠷ ᠦᠨ ᠪᠥᠮᠪᠦᠯᠵᠡᠭᠦᠷ
ᠪᠥᠭᠦᠳᠡ ᠤᠯᠤᠰ ᠤᠨ ᠭᠠᠶ᠋ᠢᠬᠠᠯᠵᠭᠤᠷ
( ᠨᠢᠳᠦ )
ᠠᠷᠠᠮᠠᠭ ᠲᠠᠷᠠᠮᠠᠭ ᠮᠤᠳᠤᠨ ᠴᠠᠭᠠᠨ᠎ᠠ
ᠠᠯᠠᠭ ᠮᠣᠷᠢᠲᠠᠢ ᠡᠷᠭᠢᠭᠦᠯ ᠶᠠᠪᠤᠨ᠎ᠠ
( ᠨᠢᠳᠦ )
ᠭᠣᠷᠯᠣᠰ ᠤᠨ ᠬᠡᠥᠬᠡᠳ
ᠭᠣᠣᠯ ᠬᠠᠪᠴᠢᠨ ᠴᠤᠤᠭᠢᠯᠳᠤᠨᠠ
( ᠨᠢᠳᠦᠨ ᠰᠣᠷᠮᠤᠤᠰᠤ )
ᠭᠦᠨ ᠬᠤᠳᠳᠤᠭ ᠲᠤ
ᠭᠦᠩᠭᠦᠷ ᠠᠯᠠᠭ ᠰᠢᠪᠠᠭᠤ
( ᠨᠢᠳᠦ )
ᠳᠡᠯᠭᠡᠪᠡᠯ ᠳᠡᠯᠡᠬᠡᠢ ᠶ᠋ᠢᠨ ᠴᠢᠨᠡᠭᠡ
ᠬᠣᠮᠢᠪᠡᠯ ᠬᠤᠷᠤᠭᠤᠨ ᠤ ᠴᠢᠨᠡᠭᠡ
( ᠨᠢᠳᠦ )
ᠬᠤᠳᠳᠤᠭ ᠲᠣᠲᠣᠷᠠᠬᠢ
ᠬᠠᠭᠤᠷᠠᠢ ᠴᠢᠯᠠᠭᠤ
( ᠨᠢᠳᠦ )
ᠰᠦᠷᠦᠭ ᠱᠠᠭᠠᠵᠠᠭᠠᠢ
ᠰᠡᠭᠦᠯ ᠢᠶ᠋ᠠᠷ ᠢᠶ᠋ᠠᠨ ᠨᠠᠭᠠᠳᠤᠨ᠎ᠠ
( ᠰᠤᠷᠮᠤᠤᠰᠤ )
ᠨᠠᠭᠠᠳᠤᠬᠢ ᠠᠭᠤᠯᠠ ᠶ᠋ᠢᠨ
ᠬᠡᠷᠡᠮ ᠦ᠋ᠨ ᠳᠡᠭᠡᠷ᠎ᠡ ᠬᠡᠪᠲᠡᠭᠡ ᠯᠤᠤ
( ᠬᠦᠮᠦᠰᠭᠡ )
ᠬᠠᠶᠠᠭᠠᠨ ᠳᠡᠭᠡᠷ᠎ᠡ ᠬᠠᠪᠢᠷᠭᠠᠨ ᠰᠠᠷ᠎ᠠ
(ᠬᠦᠮᠦᠰᠭᠡ )
ᠬᠡᠴᠡ ᠳᠡᠭᠡᠷ᠎ᠡ ᠬᠡᠭᠡᠷ ᠮᠣᠷᠢ
(ᠭᠦᠮᠦᠰᠭᠡ )
ᠬᠡᠴᠡ ᠳᠡᠭᠡᠷ᠎ᠡ ᠬᠡᠲᠦᠨ ᠪᠠᠷᠠᠭᠠᠨ ᠠᠲᠤᠭᠤ
( ᠬᠦᠮᠦᠰᠭᠡ )
ᠨᠢᠮᠭᠡᠨ ᠬᠤᠯᠲᠠᠰᠤ ᠨᠡᠬᠡᠬᠡᠵᠤ ᠪᠤᠯᠲᠠᠬ ᠥᠭᠡᠢ
(ᠬᠢᠮᠤᠰᠤ )
ᠠᠷᠪᠠᠨ ᠴᠡᠷᠢᠭ ᠠᠷᠤ ᠳ᠋ᠠᠭᠠᠨ ᠲᠣᠯᠢ ᠲᠠᠢ
( ᠬᠢᠮᠤᠰᠤ )
ᠠᠷᠪᠠᠨ ᠮᠡᠷᠭᠡᠨ ᠠᠷᠤ ᠥᠭᠡᠲᠡ ᠮᠦᠰᠦ ᠡᠭᠦᠷᠦᠨ᠎ᠡ
( ᠬᠢᠮᠤᠰᠤ )
ᠠᠷᠤ ᠳᠡᠭᠡᠷ᠎ᠡ ᠠᠷᠪᠠᠨ ᠭᠢᠯᠤᠭᠠᠨ ( ᠴᠠᠭᠠᠨ ᠪ ᠴᠡᠭᠡᠷ ᠥᠬᠡ )
( ᠬᠢᠮᠤᠰᠤ )
ᠲᠠᠯ᠎ᠠ ᠳᠡᠭᠡᠷ᠎ᠡ ᠳᠠᠪᠤᠨ ᠭᠢᠯᠤᠭᠠᠨ
(ᠬᠢᠮᠤᠰᠤ )
ᠵᠡᠬᠥᠨᠲᠡᠢ ᠡᠴᠡ ᠢᠷᠡᠭᠰᠡᠨ ᠲᠠᠪᠤᠨ ᠲᠠᠩᠭᠤᠳ
ᠭᠦᠯᠡᠢᠭᠰᠡᠨ ᠭᠦᠯᠡᠢᠭᠰᠡᠨ ᠲᠤᠯᠤᠭᠠᠢ ᠲᠠᠢ
ᠭᠢᠯᠠᠶ᠋ᠢᠬᠰᠠᠨ ᠭᠢᠯᠠᠶ᠋ᠢᠬᠰᠠᠨ ᠭᠡᠵᠢᠭᠡ ᠲᠡᠢ
( ᠬᠤᠷᠤᠭᠤᠨ ᠥᠨᠲᠡᠭᠡ ᠬᠢᠮᠤᠰᠤ)
ᠨᠢᠮᠭᠡᠨ ᠴᠢᠯᠠᠭᠤ ᠶ᠋ᠢ
ᠨᠡᠭᠡᠭᠡᠵᠦ ᠪᠣᠯᠬᠤ ᠦᠭᠡᠢ
ᠨᠡᠭᠡᠭᠡᠭᠰᠡᠨ ᠬᠣᠶ᠋ᠢᠨ᠎ᠠ ᠪᠠᠨ
ᠬᠠᠭᠠᠵᠤ ᠪᠣᠯᠬᠤ ᠦᠭᠡᠢ
( ᠬᠢᠮᠤᠰᠤ)
ᠥᠨᠲᠥᠷ ᠠᠭᠤᠯᠠ ᠶ᠋ᠢᠨ ᠠᠷᠤ ᠳᠤ
ᠥᠨᠲᠡᠭᠡᠨ ᠴᠠᠭᠠᠨ ᠭᠡᠷ
ᠡᠲᠤᠷ ᠤᠲᠠᠭᠠᠨ ᠵᠠᠰᠠᠪᠠᠴᠤ
ᠤᠭ ᠬᠡᠪ ᠶ᠋ᠢᠡᠨ ᠠᠯᠲᠠᠬᠤ ᠦᠭᠡᠢ
( ᠬᠦᠯ ᠭᠠᠷ ᠦ᠋ᠨ ᠬᠢᠮᠤᠰᠤ)
ᠨᠣᠶᠠᠳ ᠦ᠋ᠨ ᠬᠡᠦᠬᠡᠳ
ᠨᠣᠭᠣᠭᠠᠨ ᠲᠣᠷᠭᠠᠨ ᠳᠡᠪᠡᠯ ᠲᠡᠢ
( ᠡᠯᠢᠭᠡ)
ᠬᠥᠭᠡᠷᠦᠬᠦᠨ ᠬᠡᠦᠬᠡᠳ
ᠬᠦᠪᠦᠩ ᠳᠤ ᠬᠤᠴᠢᠭᠠᠰᠤ ᠲᠠᠢ
( ᠪᠥᠭᠡᠷ᠎ᠡ)
ᠬᠠᠭᠠᠨ ᠪ ᠬᠡᠦᠬᠡᠨ
ᠬᠠᠷ᠎ᠠ ᠲᠣᠷᠭᠠᠨ ᠥᠴᠢ( ᠲᠡᠷᠯᠢᠭ) ᠲᠡᠢ
ᠨᠣᠶᠠᠨ ᠪ ᠬᠡᠦᠬᠡᠨ
ᠨᠣᠭᠣᠭᠠᠨ ᠲᠣᠷᠭᠠᠨ ᠦᠴᠢ ᠲᠡᠢ
( ᠡᠯᠢᠭᠡ ᠰᠥᠰᠥ)
ᠡᠬᠡ ᠨᠢ ᠡᠯᠢᠭᠡ ᠤᠯᠠᠭᠠᠨ
ᠬᠦᠦ ᠨᠢ ᠬᠦᠵᠦᠭᠦᠦ ᠠᠯᠠᠭ
( ᠠᠭᠤᠰᠬᠢ ᠵᠢᠷᠦᠬᠡ)
ᠤᠲᠠᠰᠤᠨ ᠡᠬᠡ ᠲᠡᠢ ᠤᠭᠤᠲᠠ
ᠤᠨᠠᠯᠲᠠ ᠶ᠋ᠢ ᠰᠢᠩᠭᠡᠭᠡᠬᠦ ᠰᠠᠪᠠ
ᠤᠲᠠᠭᠠᠨ ᠵᠢᠯ ᠬᠡᠷᠡᠭᠯᠡᠪᠡᠴᠦ
ᠤᠷᠠᠭᠲᠠᠵᠤ ᠪᠠᠷᠠᠭᠲᠠᠬᠤ ᠦᠭᠡᠢ
( ᠬᠣᠲᠣᠭᠣᠲᠣ)
ᠨᠠᠭᠠᠨ᠎ᠠ ᠨᠢ ᠤᠰᠤᠨ ᠬᠣᠲᠠ
ᠴᠠᠭᠠᠨ᠎ᠠ ᠨᠢ ᠰᠠᠯᠬᠢᠨ ᠬᠣᠲᠠ
ᠳᠤᠮᠳᠠ ᠨᠢ ᠴᠢᠰᠤᠨ ᠬᠣᠲᠠ
ᠲᠣᠭᠣᠷᠢᠭᠠᠳ ᠶᠠᠰᠤᠨ ᠬᠣᠲᠠ
( ᠬᠣᠲᠣᠭᠣᠲᠣ ᠠᠭᠤᠰᠬᠢ ᠵᠢᠷᠦᠬᠡ ᠬᠠᠪᠢᠷᠬ᠋ᠠ)
ᠰᠠᠭᠤᠯᠠᠬ᠋ᠠ ᠶ᠋ᠢᠨ ᠳᠣᠲᠣᠷ᠎ᠠ
ᠰᠤᠮᠤᠨ ᠤᠯᠠᠭᠠᠨ ᠡᠷᠲᠡᠨᠢ
( ᠵᠢᠷᠦᠬᠡ)
ᠲᠡᠷᠲᠡᠭᠡ ᠠᠭᠤᠯᠠ ᠶ᠋ᠢᠨ ᠴᠠᠭᠠᠨ᠎ᠠ
ᠳᠡᠬᠡ ᠶ᠋ᠢᠨ ᠱᠠᠬ᠋ᠠ ᠪᠤᠯᠠᠭᠰᠠᠨ ᠪᠤᠢ
ᠲᠡᠭᠦᠨ ᠊ᠢ ᠳᠠᠭᠠᠭᠰᠠᠨ ᠬᠦᠮᠦᠨ ᠳᠤ
ᠪᠤᠭᠤᠷᠤᠯ ᠮᠣᠷᠢ ᠪᠠᠨ ᠪᠠᠭᠤᠵᠤ ᠥᠭᠭᠦᠶ᠎ᠡ
ᠪᠤᠯᠠᠭᠠᠨ ᠳᠡᠪᠡᠯ ᠶ᠋ᠢᠡᠨ ᠲᠠᠶ᠋ᠢᠯᠵᠤ ᠥᠭᠭᠦᠶ᠎ᠡ
( ᠵᠢᠷᠦᠬᠡ)
ᠭᠦᠨ ᠬᠤᠤᠠᠲᠤᠭ ᠲᠤ
ᠬᠥᠩᠬᠥᠷ ᠤᠯᠠᠭᠠᠨ ᠴᠢᠯᠠᠭᠤ
( ᠵᠢᠷᠦᠬᠡ)
ᠭᠦᠨ ᠲᠠᠯ᠎ᠠ ᠶ᠋ᠢᠨ ᠡᠬᠢᠨ ᠳᠤ
ᠬᠥᠩᠬᠥᠷ ᠤᠯᠠᠭᠠᠨ ᠰᠢᠪᠠᠭᠤ
( ᠵᠢᠷᠦᠬᠡ)
ᠬᠦᠷᠡᠩ ᠪᠢᠷᠠᠭᠤ ᠴᠠᠭᠠᠨ ᠲᠣᠯᠣᠭᠠᠢ ᠲᠠᠢ
( ᠵᠢᠷᠦᠬᠡ)
ᠤᠯᠠᠭᠠᠨ ᠳᠣᠭᠣᠯ
ᠴᠠᠭᠠᠨ ᠬᠦᠵᠦᠭᠦᠪᠴᠢ ᠲᠡᠢ
( ᠵᠢᠷᠦᠬᠡ )
ᠤᠯᠠᠭᠠᠨ ᠭᠡᠷ
ᠴᠠᠭᠠᠨ ᠬᠠᠶᠠᠭᠠᠪᠴᠢ ᠲᠠᠢ
( ᠵᠢᠷᠦᠬᠡ )
ᠥᠨᠲᠥᠷ ᠠᠭᠤᠯᠠᠨ ᠪ ᠡᠩᠭᠡᠷ ᠲᠤ
ᠥᠷᠥᠭᠡᠰᠦᠨ ᠭᠠᠭᠴᠠᠬᠠᠨ ᠭᠦᠢᠯᠡᠰᠦ
( ᠬᠦᠢᠰᠦ )
ᠰᠢᠷ᠎ᠠ ᠲᠠᠯ᠎ᠠ ᠶ᠋ᠢᠨ ᠳᠤᠮᠳᠠ
ᠰᠠᠷᠠᠭᠤᠯ ᠠᠮᠠᠰᠠᠷ ᠲᠠᠢ
ᠰᠠᠶ᠋ᠢᠬᠠᠨ ᠬᠤᠤᠠᠲᠤᠭ
( ᠬᠦᠢᠰᠦ )
ᠠᠷᠢᠭᠤᠨ ᠰᠠᠶ᠋ᠢᠬᠠᠨ ᠪᠠᠷᠢᠴᠠ ᠲᠠᠢ
ᠠᠭᠤᠵᠢᠮ ᠰᠠᠶ᠋ᠢᠬᠠᠨ ᠰᠠᠨᠵᠢ ᠲᠠᠢ
ᠥᠷᠭᠡᠨ ᠰᠠᠶ᠋ᠢᠬᠠᠨ ᠲᠠᠯ᠎ᠠ ᠲᠠᠢ
ᠤᠰᠤ ᠲᠣᠭᠲᠠᠬᠤ ᠬᠣᠩᠬᠣᠷ ᠲᠠᠢ
ᠠᠭᠤᠯᠠᠨ ᠴᠢᠨᠡᠭᠡ ᠳᠣᠪᠣ ᠲᠠᠢ
( ᠰᠡᠭᠦᠵᠢᠨ ᠶᠠᠰᠤ )
ᠬᠣᠲᠣᠩ ᠳᠣᠲᠣᠷ᠎ᠠ
ᠬᠣᠶᠠᠷ ᠮᠠᠶ᠋ᠢᠵᠢᠬᠢ
(ᠰᠡᠭᠦᠵᠢ )
ᠬᠣᠯᠠ ᠶ᠋ᠢ ᠳᠣᠭᠣᠯᠤᠭᠴᠢ
ᠬᠣᠶᠠᠷ ᠵᠡᠭᠡᠷᠲᠡ
( ᠬᠥᠯ )
ᠲᠠᠪᠤᠨ ᠬᠣᠵᠢᠭᠢᠷ ᠭᠦᠶᠦᠵᠦ
ᠲᠠᠪᠠᠬᠠᠢ ᠬᠡᠦᠬᠡᠳ ᠬᠥᠭᠡᠭᠡᠨ᠎ᠡ
( ᠬᠥᠯ )
ᠠᠷᠤ ᠠ᠋ᠴᠠ ᠢᠷᠡᠭᠰᠡᠨ
ᠠᠷᠪᠠᠨ ᠬᠣᠶᠠᠷ ᠪᠠᠶ᠋ᠢᠲᠠᠰᠤ
ᠵᠢᠷᠭᠤᠬ᠋ᠠ ᠨᠢ ᠬᠡᠭᠡᠯᠲᠡᠢ
ᠳᠥᠷᠪᠡ ᠨᠢ ᠬᠤᠰᠠᠷᠠᠩ
ᠬᠣᠶᠠᠷ ᠨᠢ ᠪᠥᠭᠡᠷ᠎ᠡ ᠴᠣᠭᠣᠷᠣᠬᠠᠢ
( ᠵᠢᠷᠭᠤᠭᠠᠨ ᠴᠢᠮᠥᠭᠡ ᠂ ᠬᠣᠶᠠᠷ ᠳᠠᠯᠤ ᠂
ᠬᠣᠶᠠᠷ ᠪᠣᠭᠲᠣᠭᠣᠰᠣ᠂ ᠬᠣᠶᠠᠷ ᠰᠡᠭᠦᠵᠢ )
ᠲᠠᠪᠤᠨ ᠪᠠᠨᠲᠠᠢ ᠵᠣᠯᠠᠭᠠᠳ ᠵᠣᠭᠰᠣᠬᠤ ᠦᠭᠡᠢ
ᠲᠠᠷᠭᠤᠨ ᠯᠠᠮᠠ ᠬᠥᠭᠡᠭᠡᠭᠡᠳ ᠭᠦᠢᠴᠡᠬᠦ ᠦᠭᠡᠢ
( ᠬᠥᠯ ᠦ᠋ᠨ ᠬᠤᠷᠤᠭᠤ ᠥᠰᠥᠭᠡᠢ )
ᠭᠡᠲᠡᠰᠦ ᠨᠢ ᠠᠷᠤ ᠳ᠋ᠠᠭᠠᠨ
ᠨᠢᠷᠤᠭᠤ ᠨᠢ ᠡᠮᠦᠨ᠎ᠡ ᠪᠡᠨ
( ᠬᠥᠯ ᠦ᠋ᠨ ᠪᠤᠯᠴᠢᠩ )
ᠬᠥᠮᠦᠨ ᠬᠥᠮᠦᠨ ᠪ ᠭᠡᠲᠡᠰᠦ ᠨᠢ ᠡᠮᠦᠨ᠎ᠡ ᠪᠡᠨ
ᠬᠡᠴᠡᠭᠦᠦ ᠮᠠᠮᠠ ᠶ᠋ᠢᠨ ᠭᠡᠲᠡᠰᠦ ᠨᠢ ᠨᠢᠷᠤᠭᠤᠨ ᠳᠡᠭᠡᠷ᠎ᠡ ᠪᠡᠨ
(ᠬᠥᠯ ᠦ᠋ᠨ ᠪᠤᠯᠴᠢᠩ )
ᠶᠡᠬᠡ ᠭᠡᠷ ᠦ᠋ᠨ ᠳᠣᠲᠣᠷ᠎ᠠ ᠪᠠᠬ᠋᠎ᠠ ᠭᠡᠷ
ᠪᠠᠬ᠋᠎ᠠ ᠭᠡᠷ ᠦ᠋ᠨ ᠳᠣᠲᠣᠷ᠎ᠠ ᠪᠠᠯᠴᠢᠷ ᠲᠠᠪᠤᠭᠤᠯᠠ
( ᠭᠤᠲᠤᠯ ᠡᠮᠦᠰᠦᠭᠰᠡᠨ ᠬᠥᠯ )
ᠲᠠᠪᠢᠨ ᠲᠡᠮᠡᠭᠡ ᠲᠠᠯ᠎ᠠ ᠳᠤ ᠶᠠᠪᠤᠵᠠᠢ
ᠲᠠᠬᠠᠢ ᠬᠣᠵᠢᠭᠢᠷ ᠬᠥᠭᠡᠭᠡᠭᠡᠳ ᠭᠦᠢᠴᠡᠬᠦ ᠦᠭᠡᠢ
(ᠬᠥᠯ ᠦ᠋ᠨ ᠬᠤᠷᠤᠭᠤ )
ᠲᠠᠪᠤᠨ ᠲᠠᠶ᠋ᠢᠯᠤᠭ
ᠲᠠᠷᠠᠤ ᠭᠦᠶᠦᠨ᠎ᠡ
ᠲᠠᠩᠬᠠᠢ ᠬᠣᠵᠢᠭᠢᠷ
ᠳᠠᠭᠠᠭᠠᠳ ᠭᠦᠶᠦᠨ᠎ᠡ
( ᠬᠥᠯ ᠦ᠋ᠨ ᠬᠤᠷᠤᠭᠤ ᠥᠯᠮᠡᠢ )
ᠲᠠᠪᠤᠨ ᠪᠠᠨᠲᠢ ᠲᠠᠷᠠᠭᠠᠳ ᠶᠠᠪᠤᠭᠰᠠᠨ
ᠲᠠᠷᠬᠠᠢ ᠳᠠᠷᠰᠠᠭᠠᠷ ᠬᠣᠵᠢᠭᠢᠷ ᠭᠦᠶᠦᠭᠡᠳ ᠶᠠᠪᠤᠭᠰᠠᠨ
ᠥᠨᠥ ᠪᠣᠯᠲᠠᠯ᠎ᠠ ᠭᠦᠢᠴᠡᠭᠡ ᠦᠭᠡᠢ
( ᠬᠥᠯ ᠦ᠋ᠨ ᠬᠤᠷᠤᠭᠤ ᠥᠰᠥᠭᠡᠢ )
ᠪᠢ ᠶᠠᠪᠤᠨ᠎ᠠ
ᠪᠢᠯᠡᠭᠦᠦ ᠪᠡᠨ ᠭᠡᠭᠡᠨ᠎ᠡ
( ᠬᠥᠮᠦᠨ ᠪ ᠮᠥᠷ )
ᠲᠠᠪᠤᠨ ᠬᠥᠮᠦᠨ ᠪ ᠨᠢᠭᠡ ᠨᠢ
ᠰᠢᠷᠡᠮᠦᠨ ᠮᠠᠯᠠᠭᠠᠢ ᠲᠠᠢ
( ᠬᠤᠷᠤᠭᠤᠪᠴᠢ ᠲᠠᠢ ᠬᠤᠷᠤᠭᠤ )
ᠬᠠᠷᠠᠬᠤ ᠳᠤ ᠣᠶ᠋ᠢᠷ᠎ᠠ
ᠬᠠᠵᠠᠬᠤ ᠳᠤ ᠬᠣᠯᠠ
( ᠭᠠᠷ ᠦ᠋ᠨ ᠠᠯᠠᠬ᠋᠎ᠠ )
ᠲᠠᠪᠤᠨ ᠠᠭᠤᠯᠠ ᠶ᠋ᠢᠨ ᠪᠠᠯ ᠳᠡᠭᠡᠷ᠎ᠡ
ᠲᠠᠭᠲᠠᠬᠠᠢ ᠲᠠᠤᠯᠠᠢ ᠶ᠋ᠢᠨ ᠬᠡᠪᠲᠡᠰᠢ
( ᠭᠠᠷ ᠦ᠋ᠨ ᠠᠯᠠᠬ᠋᠎ᠠ ᠶ᠋ᠢᠨ ᠬᠣᠩᠬᠣᠷ )
ᠠᠬ᠎ᠠ ᠳᠡᠭᠦᠦ ᠠᠷᠪᠠᠭᠤᠯᠠ
ᠠᠶ᠋ᠢᠯ ᠭᠡᠷ ᠬᠣᠶᠠᠷ
ᠠᠮᠠᠷᠠᠭ ᠳᠣᠲᠣᠨᠣ ᠪᠦᠯᠬᠦᠮ ᠲᠡᠢ
ᠠᠵᠢᠯᠴᠢ ᠬᠥᠲᠡᠯᠮᠦᠷᠢᠴᠢ ᠴᠣᠣ ᠲᠠᠢ
( ᠭᠠᠷ )
ᠦᠰᠦᠭ ᠠᠮᠢᠯᠠᠭᠤᠯᠤᠭᠴᠢ ᠄ ᠲᠤᠶᠠᠬ᠋᠎ᠠ ᠂ ᠳ᠋ᠦ᠋ᠩ ᠹᠸᠩ ᠂ ᠮᠢᠩᠭᠠᠳ · ᠴᠢᠮᠡᠭ ᠂ ᠠᠯᠲᠠᠨᠲᠤᠶᠠᠭ᠎ᠠ
ᠬᠢᠨᠠᠭᠴᠢ ᠄ ᠬᠠᠷᠠᠨᠤᠳ · ᠲᠤᠶᠠᠭ᠎ᠠ ᠂ ᠮᠢᠩᠭᠠᠳ · ᠴᠢᠮᠡᠭ
