ᠮᠢᠨᠦ ᠮᠣᠩᠭᠣᠯ ᠬᠥᠲᠡᠭᠡ – ᠷᠠᠤᠠᠨᠠᠪᠠᠽᠠᠷ Миний монгол хөдөө – Раднабазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠮᠣᠩᠭᠣᠯ ᠬᠥᠲᠡᠭᠡ – ᠷᠠᠤᠠᠨᠠᠪᠠᠽᠠᠷ Миний монгол хөдөө – Раднабазар

ᠮᠢᠨᠦ ᠮᠣᠩᠭᠣᠯ ᠬᠥᠲᠡᠭᠡ – ᠷᠠᠤᠠᠨᠠᠪᠠᠽᠠᠷ Миний монгол хөдөө – Раднабазар

2023-03-22

338

ᠮᠢᠨᠦ ᠮᠣᠩᠭᠣᠯ ᠬᠥᠲᠡᠭᠡ


       1
ᠭᠠᠴᠠᠬ᠋᠎ᠠ ᠶ᠋ᠢᠨ ᠰᠤᠷᠭᠠᠭᠤᠯᠢ ᠪᠠᠨ ᠬᠤᠲᠠᠯᠲᠤᠭᠠᠳ
     ᠮᠣᠩᠭᠣᠯ ᠬᠥᠲᠡᠭᠡ ᠵᠢᠯᠢᠮ ᠵᠢᠯᠢᠮ 
     ᠰᠡᠯᠡᠭᠦᠷᠡᠨ᠎ᠡ 
ᠭᠠᠭᠴᠠ ᠦᠷ᠎ᠡ ᠪᠡᠨ ᠬᠣᠲᠠᠯᠠᠭᠤᠯᠤᠭᠠᠳ
     ᠮᠣᠩᠭᠣᠯ ᠠᠶ᠋ᠢᠯ ᠮᠠᠯ ᠰᠠᠯ 
     ᠡᠯᠦᠶ᠋ᠢᠷᠡᠨ᠎ᠠ
ᠭᠡᠷ ᠲᠦᠷᠢᠶᠡᠰᠦᠯᠡᠵᠦ ᠰᠠᠭᠤᠭᠠᠳ
     ᠨᠠᠰᠤᠲᠠᠳ  ᠬᠥᠭᠰᠢᠳ ᠬᠠᠨᠢ ᠪᠠᠷᠠᠭᠲᠠᠵᠤ
     ᠬᠣᠯᠣᠶ᠋ᠢᠷᠠᠨ᠎ᠠ
ᠬᠣᠲᠠᠨ ᠪ ᠴᠡᠴᠡᠷᠯᠢᠭ ᠲᠦ ᠣᠷᠣᠭᠠᠳ
      ᠨᠢᠯᠬ᠎ᠠ ᠬᠡᠦᠬᠡᠳ ᠬᠠᠶ᠋ᠢᠷ᠎ᠠ ᠳᠤᠲᠠᠭᠳᠠᠵᠤ
      ᠡᠯᠮᠡᠷᠡᠨ᠎ᠡ ᠃  

ᠪᠤᠷᠭᠢᠯᠤᠭᠰᠠᠨ ᠪᠤᠯᠠᠭ ᠦ᠋ᠨ ᠤᠰᠤᠨ ᠠᠲᠠᠯᠢ
      ᠬᠥᠭᠵᠢᠵᠦ ᠪᠠᠶ᠋ᠢᠬᠰᠠᠨ
      ᠮᠣᠩᠭᠣᠯ ᠬᠥᠲᠡᠭᠡ ᠪᠠᠶ᠋ᠢᠬᠰᠠᠨ ᠶᠤᠮ
ᠪᠤᠴᠠᠯᠤᠭᠰᠠᠨ ᠲᠣᠭᠣᠬ᠋᠎ᠠ ᠲᠠᠢ ᠱᠥᠯᠥ ᠠᠲᠠᠯᠢ
      ᠨᠠᠶ᠋ᠢᠷᠠᠯᠲᠤᠵᠤ ᠪᠠᠶ᠋ᠢᠬᠰᠠᠨ
      ᠮᠣᠩᠭᠣᠯ ᠬᠥᠲᠡᠭᠡ ᠪᠠᠶ᠋ᠢᠬᠰᠠᠨ ᠶᠤᠮ
ᠲᠦᠮᠡᠨ ᠬᠥᠮᠦᠨ ᠲᠡᠢ ᠵᠡᠭᠡᠯᠢ ᠠᠲᠠᠯᠢ
      ᠬᠥᠭᠵᠢᠯᠳᠦᠵᠦ ᠪᠠᠶ᠋ᠢᠬᠰᠠᠨ
      ᠮᠣᠩᠭᠣᠯ ᠬᠥᠲᠡᠭᠡ ᠪᠠᠶ᠋ᠢᠬᠰᠠᠨ ᠶᠤᠮ
ᠲᠦᠮᠡᠨ ᠰᠢᠪᠠᠭᠤ ᠲᠠᠢ ᠲᠠᠯᠠᠪᠤᠷ ᠠᠲᠠᠯᠢ
      ᠨᠠᠷᠭᠢᠯᠲᠤᠵᠤ ᠪᠠᠶ᠋ᠢᠬᠰᠠᠨ
      ᠮᠣᠩᠭᠣᠯ ᠬᠥᠲᠡᠭᠡ ᠪᠠᠶ᠋ᠢᠬᠰᠠᠨ ᠶᠤᠮ ᠃
ᠬᠣᠶ᠋ᠢᠮᠣᠷ ᠲᠠᠭᠠᠨ ᠰᠠᠭᠤᠯᠭᠠᠵᠤ
      ᠨᠠᠰᠤᠲᠠᠳ ᠶ᠋ᠢᠠᠨ ᠬᠦᠨᠳᠦᠯᠡᠳᠡᠭ
      ᠮᠣᠩᠭᠣᠯ ᠬᠥᠲᠡᠭᠡ ᠪᠠᠶ᠋ᠢᠬᠰᠠᠨ ᠶᠤᠮ 
ᠬᠠᠴᠠᠷ ᠊ᠢ ᠨᠢ ᠳᠣᠯᠢᠶᠠᠵᠤ
      ᠨᠢᠯᠬ᠎ᠠ ᠪᠠᠨ ᠬᠠᠶ᠋ᠢᠷᠠᠯᠠᠲᠠᠭ
      ᠮᠣᠩᠭᠣᠯ ᠬᠥᠲᠡᠭᠡ ᠪᠠᠶ᠋ᠢᠬᠰᠠᠨ ᠶᠤᠮ
ᠳᠡᠭᠡᠵᠢ ᠪᠡᠨ ᠡᠷᠭᠦᠵᠦ
      ᠨᠠᠰᠤᠲᠠᠳ ᠶ᠋ᠢᠠᠨ ᠲᠠᠬᠢᠮᠲᠠᠲᠠᠭ
      ᠮᠣᠩᠭᠣᠯ ᠬᠥᠲᠡᠭᠡ ᠪᠠᠶ᠋ᠢᠬᠰᠠᠨ ᠶᠤᠮ
ᠳᠡᠷᠭᠡᠳᠡ ᠪᠡᠨ ᠡᠷᠬᠡᠯᠡᠭᠦᠯᠵᠦ
      ᠨᠢᠯᠬ᠎ᠠ ᠪᠠᠨ  ᠡᠩᠬᠦᠷᠡᠢᠯᠡᠳᠡᠭ
      ᠮᠣᠩᠭᠣᠯ ᠬᠥᠲᠡᠭᠡ ᠪᠠᠶ᠋ᠢᠬᠰᠠᠨ ᠶᠤᠮ ᠃
ᠲᠠᠯ᠎ᠠ ᠵᠣ᠋ ᠪᠢᠯᠬᠠᠮ᠎ᠠ
      ᠲᠠᠪᠤᠨ ᠬᠣᠰᠢᠭᠤ  ᠪᠡᠯᠴᠢᠭᠰᠡᠨ
      ᠮᠣᠩᠭᠣᠯ ᠬᠥᠲᠡᠭᠡ ᠪᠠᠶ᠋ᠢᠬᠰᠠᠨ ᠶᠤᠮ
ᠲᠠᠰᠤᠭ ᠥᠷᠥᠭᠡ ᠨᠠᠷᠭᠢᠮ᠎ᠠ
      ᠡᠪᠦᠭᠡᠳ ᠬᠥᠭᠰᠢᠳ ᠪᠠᠶᠠᠰᠤᠯᠴᠠᠭᠰᠠᠨ
      ᠮᠣᠩᠭᠣᠯ ᠬᠥᠲᠡᠭᠡ ᠪᠠᠶ᠋ᠢᠬᠰᠠᠨ ᠶᠤᠮ
ᠠᠶ᠋ᠢᠯ ᠦ᠋ᠨ ᠰᠤᠷᠭᠠᠭᠤᠯᠢ ᠳ᠋ᠠᠭᠠᠨ
      ᠤᠩᠰᠢᠯᠬ᠋᠎ᠠ ᠶ᠋ᠢᠨ ᠳᠠᠭᠤᠨ ᠬᠠᠩᠭᠢᠨᠠᠭᠰᠠᠨ
      ᠮᠣᠩᠭᠣᠯ ᠬᠥᠲᠡᠭᠡ ᠪᠠᠶ᠋ᠢᠬᠰᠠᠨ ᠶᠤᠮ
ᠠᠯᠢᠰᠤᠲᠤ ᠶ᠋ᠢᠨ ᠨᠠᠭᠤᠷ ᠲᠠᠭᠠᠨ
      ᠮᠡᠯᠡᠬᠡᠢ ᠶ᠋ᠢᠨ ᠳᠠᠭᠤᠨ ᠠᠶ᠋ᠢᠵᠠᠮᠨᠠᠭᠰᠠᠨ
      ᠮᠣᠩᠭᠣᠯ ᠬᠥᠲᠡᠭᠡ ᠪᠠᠶ᠋ᠢᠬᠰᠠᠨ ᠶᠤᠮ ᠃
ᠨᠣᠬᠠᠢ ᠪᠠᠨ ᠬᠣᠷᠢ ᠡ  ᠭᠡᠴᠢᠭᠡᠭᠰᠡᠨ
      ᠬᠥᠭᠰᠢᠳ ᠦ᠋ᠨ ᠠᠶᠠᠯᠭᠤ ᠲᠠᠢ
      ᠮᠣᠩᠭᠣᠯ ᠬᠥᠲᠡᠭᠡ ᠪᠠᠶ᠋ᠢᠬᠰᠠᠨ ᠶᠤᠮ
ᠵᠦᠭᠡᠷ ᠰᠠᠶ᠋ᠢᠨ ‍ᠤᠤ ?  ᠭᠡᠴᠢᠭᠡᠭᠰᠡᠨ
      ᠬᠡᠦᠬᠡᠳ ᠦ᠋ᠨ ᠮᠡᠨᠲᠦᠴᠢᠯᠡᠯ ᠲᠠᠢ
      ᠮᠣᠩᠭᠣᠯ ᠬᠥᠲᠡᠭᠡ ᠪᠠᠶ᠋ᠢᠬᠰᠠᠨ ᠶᠤᠮ
ᠵᠠᠭᠤ ᠬᠦᠷᠦᠨ᠎ᠡ ᠡ !  ᠭᠡᠴᠢᠭᠡᠭᠰᠡᠨ
      ᠬᠥᠭᠰᠢᠳ ᠦ᠋ᠨ ᠪᠠᠶᠠᠰᠤᠯ ᠲᠠᠢ
      ᠮᠣᠩᠭᠣᠯ ᠬᠥᠲᠡᠭᠡ ᠪᠠᠶ᠋ᠢᠬᠰᠠᠨ ᠶᠤᠮ ᠃
ᠵᠠᠭᠤ ᠬᠣᠯᠠ ᠶ᠋ᠢ ᠲᠡᠦᠬᠡᠯᠡᠵᠦ
      ᠡᠪᠦᠭᠡᠳ  ᠭᠦᠭᠰᠡᠳᠡᠭ
      ᠮᠣᠩᠭᠣᠯ ᠬᠥᠲᠡᠭᠡ ᠪᠠᠶ᠋ᠢᠬᠰᠠᠨ ᠶᠤᠮ
ᠠᠬᠢᠨ ᠳᠠᠬᠢᠨ ᠯᠠᠪᠯᠠᠵᠤ
      ᠬᠡᠦᠬᠡᠳ ᠪᠠᠷᠬᠢᠷᠠᠯᠴᠠᠲᠠᠭ
      ᠮᠣᠩᠭᠣᠯ ᠬᠥᠲᠡᠭᠡ ᠪᠠᠶ᠋ᠢᠬᠰᠠᠨ ᠶᠤᠮ 
ᠵᠠᠮ ᠳᠡᠭᠡᠷ᠎ᠡ ᠨᠡᠶ᠋ᠢᠯᠡᠵᠦ
      ᠡᠪᠦᠭᠡᠳ ᠬᠠᠬᠠᠯᠠᠲᠠᠭ
      ᠮᠣᠩᠭᠣᠯ ᠬᠥᠲᠡᠭᠡ ᠪᠠᠶ᠋ᠢᠬᠰᠠᠨ ᠶᠤᠮ
ᠠᠷᠪᠠ ᠬᠣᠷᠢ ᠪᠠᠷ  ᠴᠡᠷᠢᠭᠯᠡᠵᠦ
      ᠬᠡᠦᠬᠡᠳ ᠪᠠᠶ᠋ᠢᠯᠲᠤᠲᠠᠭ
      ᠮᠣᠩᠭᠣᠯ ᠬᠥᠲᠡᠭᠡ ᠪᠠᠶ᠋ᠢᠬᠰᠠᠨ ᠶᠤᠮ ᠃

           2

ᠭᠠᠴᠠᠬ᠋᠎ᠠ ᠶ᠋ᠢᠨ ᠰᠤᠷᠭᠠᠭᠤᠯᠢ ᠪᠠᠨ ᠬᠤᠲᠠᠯᠲᠤᠭᠠᠳ
      ᠮᠣᠩᠭᠣᠯ ᠬᠥᠲᠡᠭᠡ ᠵᠢᠯᠢᠮ ᠵᠢᠯᠢᠮ ᠰᠡᠯᠡᠭᠦᠷᠡᠨ᠎ᠡ 
ᠭᠠᠭᠴᠠ ᠦᠷ᠎ᠡ ᠪᠡᠨ ᠬᠣᠲᠠᠯᠠᠭᠤᠯᠤᠭᠠᠳ
      ᠮᠣᠩᠭᠣᠯ ᠠᠶ᠋ᠢᠯ ᠮᠠᠯ ᠰᠠᠯ ᠡᠯᠦᠶ᠋ᠢᠷᠡᠨ᠎ᠠ   
ᠭᠡᠷ ᠲᠦᠷᠢᠶᠡᠰᠦᠯᠡᠵᠦ ᠰᠠᠭᠤᠭᠠᠳ
      ᠨᠠᠰᠤᠲᠠᠳ  ᠬᠥᠭᠰᠢᠳ ᠬᠠᠨᠢ ᠪᠠᠷᠠᠭᠲᠠᠵᠤ ᠬᠣᠯᠣᠶ᠋ᠢᠷᠠᠨ᠎ᠠ
ᠬᠣᠲᠠᠨ ᠪ  ᠴᠡᠴᠡᠷᠯᠢᠭ᠎ ᠲᠤ ᠣᠷᠣᠭᠠᠳ
      ᠨᠢᠯᠬ᠎ᠠ ᠬᠡᠦᠬᠡᠳ ᠬᠠᠶ᠋ᠢᠷ᠎ᠠ ᠳᠤᠲᠠᠭᠳᠠᠵᠤ ᠡᠯᠮᠡᠷᠡᠨ᠎ᠡ ᠃ 

ᠣᠢ ᠦᠭᠡᠢ ᠠᠭᠤᠯᠠ  ᠰᠢᠭ᠋
      ᠦᠵᠡᠮᠦᠷᠢ ᠪᠡᠨ ᠪᠠᠷᠠᠭᠰᠠᠨ
      ᠮᠣᠩᠭᠣᠯ ᠬᠥᠲᠡᠭᠡ ᠪᠣᠯᠤᠭᠰᠠᠨ ᠶᠤᠮ 
ᠤᠷᠤᠰᠬᠠᠯ ᠦᠭᠡᠢ ᠭᠣᠣᠯ  ᠰᠢᠭ᠋
      ᠠᠮᠢᠵᠢᠷᠠᠯ ᠶ᠋ᠢᠠᠨ ᠠᠯᠲᠠᠭᠰᠠᠨ
      ᠮᠣᠩᠭᠣᠯ ᠬᠥᠲᠡᠭᠡ ᠪᠣᠯᠤᠭᠰᠠᠨ ᠶᠤᠮ
ᠵᠢᠭᠠᠰᠤ ᠦᠭᠡᠢ ᠨᠠᠭᠤᠷ  ᠰᠢᠭ᠋
      ᠲᠡᠵᠢᠭᠡᠯ ᠲᠠᠰᠤᠷᠠᠭᠰᠠᠨ
      ᠮᠣᠩᠭᠣᠯ ᠬᠥᠲᠡᠭᠡ ᠪᠣᠯᠤᠭᠰᠠᠨ ᠶᠤᠮ
ᠵᠠᠮ ᠦᠭᠡᠢ ᠰᠠᠯᠬᠢ  ᠰᠢᠭ᠋
      ᠵᠣᠷᠢᠯᠬ᠋᠎ᠠ ᠪᠠᠨ ᠠᠯᠲᠠᠭᠰᠠᠨ
      ᠮᠣᠩᠭᠣᠯ ᠬᠥᠲᠡᠭᠡ ᠪᠣᠯᠤᠭᠰᠠᠨ ᠶᠤᠮ ᠃
ᠴᠡᠴᠡᠭ ᠬᠤᠸᠠᠷ ᠦᠭᠡᠢ
      ᠴᠤᠯᠭᠤᠢ ᠬᠡᠭᠡᠷ᠎ᠡ ᠲᠠᠯ᠎ᠠ  ᠰᠢᠭ᠋
      ᠮᠣᠩᠭᠣᠯ ᠬᠥᠲᠡᠭᠡ ᠪᠣᠯᠤᠭᠰᠠᠨ ᠶᠤᠮ
ᠰᠢᠪᠠᠭᠤ ᠱᠠᠭᠠᠵᠠᠭᠠᠢ ᠦᠭᠡᠢ
      ᠴᠣᠬᠣᠷ ᠬᠤᠵᠢᠭᠠᠷ ᠣᠢ  ᠰᠢᠭ᠋
      ᠮᠣᠩᠭᠣᠯ ᠬᠥᠲᠡᠭᠡ ᠪᠣᠯᠤᠭᠰᠠᠨ ᠶᠤᠮ
ᠪᠣᠲᠣᠭ ᠥᠩᠭᠡ ᠦᠭᠡᠢ
      ᠴᠠᠭᠠᠨ ᠬᠠᠷ᠎ᠠ ᠵᠢᠷᠤᠭ  ᠰᠢᠭ᠋
      ᠮᠣᠩᠭᠣᠯ ᠬᠥᠲᠡᠭᠡ ᠪᠣᠯᠤᠭᠰᠠᠨ ᠶᠤᠮ
ᠪᠦᠰᠡᠭᠦᠢ ᠡᠬᠡᠨᠡᠷ ᠦᠭᠡᠢ
      ᠴᠣᠷ ᠦ᠋ᠨ ᠭᠠᠭᠴᠠ ᠳᠣᠪᠣ  ᠰᠢᠭ᠋
      ᠮᠣᠩᠭᠣᠯ ᠬᠥᠲᠡᠭᠡ ᠪᠣᠯᠤᠭᠰᠠᠨ ᠶᠤᠮ ᠃

ᠠᠶ᠋ᠢᠯᠴᠢᠯᠠᠵᠤ ᠲᠣᠭᠣᠷᠢᠬᠤ ᠡᠪᠦᠭᠡᠳ ᠊ᠢ
      ᠣᠯᠵᠤ ᠦᠵᠡᠬᠦ ᠦᠭᠡᠢ
      ᠮᠣᠩᠭᠣᠯ ᠬᠥᠲᠡᠭᠡ ᠪᠣᠯᠤᠭᠰᠠᠨ ᠶᠤᠮ
ᠠᠯᠢᠶᠠᠷᠬᠠᠵᠤ ᠨᠠᠭᠠᠤᠠᠬᠤ ᠬᠡᠦᠬᠡᠳ ᠊ᠢ
      ᠣᠯᠵᠤ ᠬᠠᠷᠠᠬᠤ ᠦᠭᠡᠢ
      ᠮᠣᠩᠭᠣᠯ ᠬᠥᠲᠡᠭᠡ ᠪᠣᠯᠤᠭᠰᠠᠨ ᠶᠤᠮ
ᠡᠩᠬᠦᠷᠡᠶ᠋ᠢᠯᠡᠬᠦ ᠬᠦᠨᠲᠦᠤᠠᠬᠡᠬᠥ ᠶᠣᠰᠣᠨ ᠶ᠋ᠢᠠᠨ
      ᠤᠮᠠᠷᠲᠠᠵᠤ ᠮᠠᠷᠲᠠᠭᠰᠠᠨ
      ᠮᠣᠩᠭᠣᠯ ᠬᠥᠲᠡᠭᠡ ᠪᠣᠯᠤᠭᠰᠠᠨ ᠶᠤᠮ
ᠠᠯᠢ ᠡᠷᠲᠡᠨ ᠪ ᠤᠯᠠᠮᠵᠢᠯᠠᠯ ᠶ᠋ᠢᠠᠨ
      ᠣᠷᠬᠢᠵᠤ  ᠭᠡᠭᠡᠭᠰᠡᠨ
      ᠮᠣᠩᠭᠣᠯ ᠬᠥᠲᠡᠭᠡ ᠪᠣᠯᠤᠭᠰᠠᠨ ᠶᠤᠮ ᠃


ᠦᠵᠡᠭᠰᠡᠭᠡᠷ ᠪᠠᠶ᠋ᠢᠵᠤ ᠴᠥᠬᠥᠷᠡᠭᠰᠡᠨ
      ᠡᠷ᠎ᠡ ᠡᠴᠡ ᠨᠢ ᠠᠰᠲᠠᠭᠠᠨ ᠬᠥᠮᠦᠨ ᠦᠭᠡᠢ
      ᠠᠮᠲᠠ ᠠᠯᠲᠠᠷᠠᠭᠰᠠᠨ
      ᠮᠣᠩᠭᠣᠯ ᠠᠶ᠋ᠢᠯ ᠪᠣᠯᠤᠭᠰᠠᠨ ᠶᠤᠮ
ᠥᠰᠢᠯᠳᠦᠭᠰᠡᠭᠡᠷ ᠪᠠᠶ᠋ᠢᠵᠤ ᠬᠠᠰᠢᠷᠠᠭᠰᠠᠨ
      ᠡᠬᠡᠨᠡᠷ ᠡᠴᠡ ᠨᠢ ᠥᠭᠡᠷ᠎ᠡ ᠬᠥᠮᠦᠨ ᠦᠭᠡᠢ
      ᠠᠷᠬ᠋᠎ᠠ ᠠᠯᠲᠠᠷᠠᠭᠰᠠᠨ
      ᠮᠣᠩᠭᠣᠯ ᠠᠶ᠋ᠢᠯ ᠪᠣᠯᠤᠭᠰᠠᠨ ᠶᠤᠮ
ᠦᠭᠡᠨ ᠪ ᠬᠠᠪᠰᠤᠷᠤᠯᠬ᠋᠎ᠠ ᠪᠣᠯᠵᠤ
      ᠥᠷᠥᠭᠡ ᠳᠦᠭᠦᠷᠭᠡᠬᠦ ᠨᠠᠰᠤᠲᠠᠨ ᠨᠢ ᠦᠭᠡᠢ
      ᠦᠭᠡᠢᠯᠡᠭᠳᠡᠵᠦ ᠡᠷᠢᠭᠳᠡᠭᠰᠡᠨ
      ᠮᠣᠩᠭᠣᠯ ᠠᠶ᠋ᠢᠯ ᠪᠣᠯᠤᠭᠰᠠᠨ ᠶᠤᠮ
ᠥᠷᠥᠴᠡᠨ ᠪ ᠪᠠᠶᠠᠰᠤᠯ ᠪᠣᠯᠵᠤ
      ᠡᠷᠦᠬᠡ ᠶ᠋ᠢ ᠬᠥᠭᠵᠢᠶᠡᠬᠦ ᠨᠢᠯᠬ᠎ᠠ ᠨᠢ ᠦᠭᠡᠢ
      ᠬᠥᠨᠲᠡᠶ᠋ᠢᠷᠡᠵᠦ ᠬᠣᠭᠣᠰᠣᠷᠠᠭᠰᠠᠨ
      ᠮᠣᠩᠭᠣᠯ ᠠᠶ᠋ᠢᠯ ᠪᠣᠯᠤᠭᠰᠠᠨ ᠶᠤᠮ ᠃

ᠦᠷ᠎ᠡ ᠶ᠋ᠢᠨ ᠶ᠋ᠢᠡᠨ ᠲᠥᠯᠥᠭᠡ ᠭᠡᠭᠰᠡᠭᠡᠷ
      ᠡᠨᠡ ᠯᠡ ᠪᠡᠶ᠎ᠡ ᠭᠣᠩᠰᠣᠶ᠋ᠢᠬᠰᠠᠨ
      ᠬᠠᠶ᠋ᠢᠷᠠᠲᠤ ᠮᠣᠩᠭᠣᠯ ᠬᠥᠲᠡᠭᠡ
ᠬᠣᠶ᠋ᠢᠴᠢ ᠦᠶ᠎ᠡ ᠶ᠋ᠢᠨ ᠶ᠋ᠢᠡᠨ ᠲᠥᠯᠥᠭᠡ ᠭᠡᠭᠰᠡᠭᠡᠷ
      ᠠᠷᠠᠨᠰᠢᠨ ᠵᠠᠩ ᠶ᠋ᠢᠠᠨ  ᠭᠡᠭᠡᠭᠰᠡᠨ
      ᠬᠠᠶ᠋ᠢᠷᠠᠲᠤ ᠮᠣᠩᠭᠣᠯ ᠬᠥᠲᠡᠭᠡ 
ᠦᠭᠡ ᠬᠡᠯᠡ ᠪᠡᠨ ᠮᠥᠷᠲᠡᠵᠦ ᠪᠠᠶ᠋ᠢᠬᠰᠠᠭᠠᠷ
      ᠦᠨᠲᠦᠰᠦᠲᠡᠨ ᠶ᠋ᠢᠡᠨ ᠬᠠᠶ᠋ᠢᠯᠤᠭᠤᠯᠤᠬ᠋᠎ᠠ
      ᠬᠠᠶ᠋ᠢᠷᠠᠲᠤ ᠮᠣᠩᠭᠣᠯ ᠬᠥᠲᠡᠭᠡ
ᠦᠰᠦᠭ ᠪᠢᠴᠢᠭ᠌ ᠶ᠋ᠢᠡᠨ ᠡᠷᠢᠵᠦ ᠪᠠᠶ᠋ᠢᠬᠰᠠᠭᠠᠷ
      ᠦᠭᠡ ᠪᠡᠨ ᠤᠰᠠᠤᠠᠬᠠᠬ᠋᠎ᠠ
      ᠬᠠᠶ᠋ᠢᠷᠠᠲᠤ ᠮᠣᠩᠭᠣᠯ ᠬᠥᠲᠡᠭᠡ ᠃

         3 

ᠭᠠᠴᠠᠬ᠋᠎ᠠ ᠶ᠋ᠢᠨ ᠰᠤᠷᠭᠠᠭᠤᠯᠢ ᠪᠠᠨ ᠬᠤᠲᠠᠯᠲᠤᠭᠠᠳ
      ᠮᠣᠩᠭᠣᠯ ᠬᠥᠲᠡᠭᠡ ᠵᠢᠯᠢᠮ ᠵᠢᠯᠢᠮ 
      ᠰᠡᠯᠡᠭᠦᠷᠡᠨ᠎ᠡ 
ᠭᠠᠭᠴᠠ ᠦᠷ᠎ᠡ ᠪᠡᠨ ᠬᠣᠲᠠᠯᠠᠭᠤᠯᠤᠭᠠᠳ
      ᠮᠣᠩᠭᠣᠯ ᠠᠶ᠋ᠢᠯ ᠮᠠᠯ ᠰᠠᠯ 
      ᠡᠯᠦᠶ᠋ᠢᠷᠡᠨ᠎ᠠ 
ᠭᠡᠷ ᠲᠦᠷᠢᠶᠡᠰᠦᠯᠡᠵᠦ ᠰᠠᠭᠤᠭᠠᠳ
      ᠨᠠᠰᠤᠲᠠᠳ  ᠬᠥᠭᠰᠢᠳ ᠬᠠᠨᠢ ᠪᠠᠷᠠᠭᠲᠠᠵᠤ 
      ᠬᠣᠯᠣᠶ᠋ᠢᠷᠠᠨ᠎ᠠ
ᠬᠣᠲᠠᠨ ᠪ  ᠴᠡᠴᠡᠷᠯᠢᠭ ᠲᠦ ᠣᠷᠣᠭᠠᠳ
      ᠨᠢᠯᠬ᠎ᠠ ᠬᠡᠦᠬᠡᠳ ᠬᠠᠶ᠋ᠢᠷ᠎ᠠ ᠳᠤᠲᠠᠭᠳᠠᠵᠤ 
      ᠡᠯᠮᠡᠷᠡᠨ᠎ᠡ ᠃

ᠦᠷ᠎ᠡ ᠶ᠋ᠢᠨ ᠶ᠋ᠢᠡᠨ ᠲᠥᠯᠥᠭᠡ ᠨᠠᠰᠤᠲᠠᠳ
      ᠰᠦᠨᠡᠰᠦ ᠪᠡᠨ ᠬᠥᠲᠡᠭᠡ  ᠳᠤ ᠬᠠᠶᠠᠨ᠎ᠠ
      ᠰᠡᠭᠦᠲᠡᠷ ᠶ᠋ᠢᠡᠨ ᠬᠣᠲᠠ  ᠳᠤ ᠴᠢᠷᠦᠨ᠎ᠡ
ᠥᠪᠡᠷ ᠦ᠋ᠨ ᠶ᠋ᠢᠡᠨ ᠮᠡᠲᠡᠬᠦ ᠦᠭᠡᠢ ᠨᠢᠯᠬᠠᠰ
      ᠤᠬᠢᠯᠠᠵᠤ ᠪᠠᠶ᠋ᠢᠬᠰᠠᠭᠠᠷ ᠢᠨᠢᠶᠡᠨ᠎ᠡ
      ᠢᠨᠢᠶᠡᠵᠦ ᠪᠠᠶ᠋ᠢᠬᠰᠠᠭᠠᠷ ᠤᠬᠢᠯᠠᠨ᠎ᠠ
ᠦᠶ᠎ᠡ ᠪᠡᠶ᠎ᠡ ᠶ᠋ᠢᠨ ᠬᠠᠶ᠋ᠢᠷ᠎ᠠ ᠲᠠᠰᠤᠷᠠᠵᠤ
      ᠡᠪᠦᠭᠡᠳ  ᠬᠥᠭᠰᠢᠳ ᠥᠨᠥᠴᠢᠷᠡᠨ᠎ᠡ
      ᠦᠷᠴᠢᠯᠡᠭᠡᠰᠦ ᠬᠤᠨᠢᠶᠠᠰᠤ ᠨᠢ ᠦᠯᠡᠭᠦᠲᠡᠨ᠎ᠡ
ᠡᠴᠢᠭᠡ ᠡᠬᠡ ᠶ᠋ᠢᠨ ᠰᠤᠷᠭᠠᠯ ᠦᠭᠡᠶ᠋ᠢᠷᠡᠵᠦ
      ᠨᠢᠯᠬ᠎ᠠ ᠬᠡᠦᠬᠡᠳ ᠠᠲᠠᠷᠰᠢᠨ᠎ᠠ
      ᠨᠢᠭᠡᠮᠦᠰᠦᠨ ᠴᠠᠭᠠᠰᠢ ᠬᠠᠨᠲᠤᠨ᠎ᠠ ᠃

ᠬᠥᠭᠰᠢᠳ ᠨᠢᠯᠬᠠᠰ ᠶ᠋ᠢᠠᠷ
      ᠳᠤᠲᠠᠵᠤ  ᠦᠭᠡᠢᠯᠡᠭᠳᠡᠭᠰᠡᠨ
      ᠮᠢᠨᠦ ᠮᠣᠩᠭᠣᠯ ᠬᠥᠲᠡᠭᠡ
ᠬᠥᠮᠦᠨ ᠪ ᠡᠭᠦᠲᠡᠨ  ᠳᠤ
      ᠵᠣᠴᠢᠨ  ᠴᠥᠭᠡᠷᠡᠭᠰᠡᠨ
      ᠮᠢᠨᠦ ᠮᠣᠩᠭᠣᠯ ᠬᠥᠲᠡᠭᠡ
ᠬᠥᠯᠥᠭ ᠦ᠋ᠨ ᠤᠶᠠᠬ᠋᠎ᠠ ᠪᠠᠨ ᠴᠤ᠌
      ᠮᠤᠯᠭᠤᠯᠠᠵᠤ  ᠭᠡᠭᠡᠭᠰᠡᠨ
      ᠮᠢᠨᠦ ᠮᠣᠩᠭᠣᠯ ᠬᠥᠲᠡᠭᠡ
ᠬᠥᠮᠦᠨ ᠪ ᠰᠠᠯᠬᠢᠨ ᠊ᠢ
      ᠳᠠᠭᠠᠵᠤ  ᠬᠡᠢᠰᠦᠭᠰᠡᠨ
      ᠮᠢᠨᠦ ᠮᠣᠩᠭᠣᠯ ᠬᠥᠲᠡᠭᠡ ᠃

ᠥᠴᠥᠭᠡᠲᠦᠷ ᠦ᠋ᠨ ᠲᠡᠦᠬᠡ ᠪᠡᠨ
      ᠲᠠᠭ ᠮᠠᠷᠲᠠᠭᠰᠠᠨ
      ᠮᠢᠨᠦ ᠮᠣᠩᠭᠣᠯ ᠬᠥᠲᠡᠭᠡ
ᠥᠨᠥᠲᠥᠷ ᠦ᠋ᠨ ᠠᠮᠢᠲᠤᠷᠠᠯ ᠳ᠋ᠠᠭᠠᠨ
     《 ᠥᠪᠡᠷ ᠶ᠋ᠢᠡᠨ ᠰᠣᠭᠲᠣᠭᠰᠠᠨ 》
      ᠮᠢᠨᠦ ᠮᠣᠩᠭᠣᠯ ᠬᠥᠲᠡᠭᠡ
ᠥᠪᠡᠷ ᠦ᠋ᠨ ᠮᠠᠷᠭᠠᠰᠢ ᠪᠠᠨ
      ᠶᠠᠭ ᠠᠯᠲᠠᠭᠰᠠᠨ
      ᠮᠢᠨᠦ ᠮᠣᠩᠭᠣᠯ ᠬᠥᠲᠡᠭᠡ
ᠦᠷ᠎ᠡ ᠬᠡᠦᠬᠡᠳ ᠶ᠋ᠢᠡᠨ
     《 ᠥᠪᠡᠷ ᠶ᠋ᠢᠡᠨ ᠦᠭᠡᠢ  ᠬᠢᠭᠰᠡᠨ 》
      ᠮᠢᠨᠦ ᠮᠣᠩᠭᠣᠯ ᠬᠥᠲᠡᠭᠡ ᠃

         2011 .11.4

     ᠦᠰᠦᠭ  ᠠᠮᠢᠯᠠᠭᠤᠯᠤᠭᠴᠢ ᠄ ᠰᠠᠷᠠᠨᠲᠤᠶᠠᠬ᠋᠎ᠠ
       ᠬᠢᠨᠠᠭᠴᠢ ᠪᠠᠭᠰᠢ ᠄  ᠰᠡᠭᠡᠭᠡᠷᠡᠯ