ᠪᠢ ᠮᠡᠨᠳᠦᠯᠡᠯ᠎ᠡ- ᠠᠮᠢᠳᠤᠷᠠᠯ ᠤ᠋ᠨ ᠬᠤᠷᠳᠤᠨ ᠲᠡᠷᠭᠡБи мэндэллээ-амьдралын хурдан тэрэг
ᠪᠢ ᠮᠡᠨᠳᠦᠯᠡᠯ᠎ᠡ
ᠠᠪᠤ ᠶ᠋ᠢᠨ ᠢ᠋ᠶ᠋ᠡᠨ ᠪᠤᠭᠤᠷᠤᠯ
ᠰᠠᠬᠠᠯ ᠳ᠋ᠤ᠌ ᠨᠠᠭᠠᠯᠳᠤᠵᠤ
ᠠᠮᠢᠳᠤᠷᠠᠯ ᠤ᠋ᠨ ᠠᠭᠤᠵᠢᠮ
ᠡᠯᠢᠭᠡ ᠥᠭᠡᠳᠡ ᠲᠡᠮᠡᠦᠯᠬᠦ ᠳ᠋ᠦ᠍ ᠮᠢᠨᠢ
ᠠᠵᠠ
ᠵᠢᠷᠭᠠᠯ ᠤ᠋ᠨ ᠮᠥᠩᠭᠥᠨ
ᠳᠥᠷᠥᠭᠡ ᠭᠢᠰᠬᠢᠭᠦᠯᠵᠦ
ᠠᠵᠢᠯ ᠬᠥᠳᠡᠯᠮᠦᠷᠢ ᠨᠠᠮᠠᠶᠢ ᠳᠠᠭᠤᠳᠠᠨ ᠪᠠᠢᠨ᠎ᠠ
ᠠᠯᠤᠰ ᠤ᠋ᠨ ᠣᠳᠣᠨ ᠴᠡᠭᠡᠨ
ᠭᠡᠷᠡᠯ ᠢ᠋ᠶ᠋ᠡᠨ ᠳᠤᠯᠠᠯᠵᠠᠭᠤᠯᠵᠤ
ᠠᠩᠭᠢᠷ ᠤ᠋ᠨ ᠰᠢᠷ᠎ᠠ
ᠨᠠᠷᠠᠨ ᠤ᠋ ᠪᠠᠨ ᠰᠤᠷᠠᠭ ᠢ᠋ᠶ᠋ᠠᠷ ᠢᠨᠢᠶᠡᠭᠰᠡᠭᠡᠷ ᠪᠠᠢᠨ᠎ᠠ
ᠪᠢ ᠮᠡᠨᠳᠦᠯᠡᠯ᠎ᠡ ᠬᠣᠷᠸ᠋᠎ᠠ
ᠳᠡᠯᠡᠬᠡᠢ ᠳ᠋ᠡᠭᠡᠨ ᠡᠵᠡᠨ ᠦ᠌ ᠡᠷᠬᠡ ᠪᠡᠷ ᠠᠮᠢᠳᠤᠷᠠᠨ᠎ᠠ ᠭᠡᠵᠦ
ᠬᠥᠮᠦᠨ ᠦ᠌ ᠢᠲᠡᠭᠡᠯ ᠳ᠋ᠦ᠍ ᠪᠢ ᠮᠡᠨᠳᠦᠯᠡᠯ᠎ᠡ
ᠬᠥᠷᠪᠡᠭᠰᠡᠨ ᠭᠠᠵᠠᠷ ᠲᠠᠭᠠᠨ ᠴᠢᠰᠤ ᠪᠠᠨ ᠦᠯᠦ ᠲᠣᠰᠣᠯᠠᠭᠤᠯᠤᠶᠠ
ᠭᠡᠵᠦ
ᠬᠥᠮᠦᠨ ᠦ᠌ ᠳᠠᠭᠤᠤ ᠶ᠋ᠢ ᠳᠠᠭᠤᠯᠠᠭᠰᠠᠭᠠᠷ
ᠪᠣᠶ᠋ᠢᠵᠢᠨᠠᠮ ᠃
ᠪᠢ ᠮᠡᠨᠳᠦᠯᠡᠯ᠎ᠡ
《 ᠠᠮᠢᠳᠤᠷᠠᠯ ᠤ᠋ᠨ ᠬᠤᠷᠳᠤᠨ ᠲᠡᠷᠭᠡ
》 ᠠ᠋ᠴᠠ
ᠦᠰᠦᠭ ᠠᠮᠢᠯᠠᠭᠤᠯᠤᠭᠴᠢ
᠄ ᠲᠤᠶᠠᠭ᠎ᠠ
ᠬᠢᠨᠠᠭᠴᠢ ᠄ ᠣᠤᠠᠬᠠᠨᠰᠣ ᠠ᠋
