ᠨᠠᠷᠠᠨ ᠪ ᠪᠣᠷᠣ ᠮᠠᠯᠴᠢᠨ- ᠰᠡᠴᠡᠨНаран б бор малчин-Цэцэн
ᠨᠠᠷᠠᠨ ᠪ ᠪᠣᠷᠣ ᠮᠠᠯᠴᠢᠨ
ᠰᠢᠯᠦᠭ ᠄ ᠨᠠᠰᠤᠨ
ᠠᠶᠠᠯᠭᠤ ᠄ ᠲᠣ᠋·ᠬᠤᠷᠴᠠᠪᠠᠭᠠᠲᠤᠷ
ᠳᠠᠭᠤᠴᠢᠨ ᠄ ᠰᠡᠴᠡᠨ
ᠨᠠᠮᠢᠰ ᠨᠠᠮᠢᠰ
ᠬᠡᠭᠡᠷ᠎ᠡ ᠶ᠋ᠢᠨ ᠰᠠᠯᠬᠢ ᠶ᠋ᠢ
ᠰᠥᠷᠦᠭᠡᠷᠡᠢ
ᠮᠢᠷᠠᠰ ᠮᠢᠷᠠᠰ ᠴᠡᠴᠡᠭ ᠦ᠋ᠨ ᠳᠠᠪᠠᠯᠭ᠎ᠠ ᠊ᠢ ᠥᠭᠰᠦᠭᠡᠷᠠᠢ
ᠴᠠᠢᠯᠠᠰ ᠴᠠᠢᠯᠠᠰ
ᠭᠡᠷ ᠦ᠋ᠨ ᠪᠠᠷ᠎ᠠ ᠶ᠋ᠢ
ᠬᠠᠷᠠᠭᠠᠷᠠᠢ
ᠴᠠᠢᠯᠭᠠᠨ ᠮᠣᠩᠭᠣᠯ
ᠠᠮᠢᠳᠤᠷᠠᠯ ᠲᠡᠨᠳᠡ ᠯᠠ ᠪᠠᠢᠨ᠎ᠠ ᠰᠢᠦ ᠳᠡ
ᠴᠠᠢᠯᠠᠰ ᠴᠠᠢᠯᠠᠰ
ᠭᠡᠷ ᠦ᠋ᠨ ᠪᠠᠷ᠎ᠠ ᠶ᠋ᠢ
ᠬᠠᠷᠠᠭᠠᠷᠠᠢ
ᠴᠠᠢᠯᠭᠠᠨ ᠮᠣᠩᠭᠣᠯ
ᠠᠮᠢᠳᠤᠷᠠᠯ ᠲᠡᠨᠳᠡ ᠯᠠ ᠪᠠᠢᠨ᠎ᠠ ᠰᠢᠦ ᠳᠡ
ᠬᠠᠯᠬᠢᠰ ᠬᠠᠯᠬᠢᠰ ᠭᠣᠣᠯ ᠤ᠋ᠨ ᠣᠯᠣᠮ ᠊ᠢ ᠭᠡᠲᠦᠯᠦᠭᠡᠷᠡᠢ
ᠬᠠᠩᠬᠠᠰ ᠲᠦᠩᠭᠦᠰ ᠠᠭᠤᠯᠠ ᠶ᠋ᠢᠨ ᠣᠷᠣᠢ ᠶ᠋ᠢ ᠣᠷᠣᠢᠯᠠᠲᠠᠭᠠᠷᠠᠢ
ᠳᠣᠯᠭᠢᠰ ᠳᠣᠯᠭᠢᠰ
ᠲᠠᠯ᠎ᠠ ᠶ᠋ᠢᠨ ᠦᠵᠦᠭᠦᠷ ᠊ᠢ ᠰᠢᠷᠳᠡᠭᠡᠷᠡᠢ
ᠳᠠᠭᠤᠨ ᠤ᠋ ᠮᠣᠩᠭᠣᠯ ᠡᠭᠡᠰᠢᠭ ᠲᠡᠨᠳᠡ
ᠯᠠ ᠪᠠᠢᠨ᠎ᠠ ᠰᠢᠦ ᠳᠡ
ᠳᠣᠯᠭᠢᠰ ᠳᠣᠯᠭᠢᠰ ᠲᠠᠯ᠎ᠠ ᠶ᠋ᠢᠨ ᠦᠵᠦᠭᠦᠷ ᠊ᠢ ᠰᠢᠷᠲᠡᠭᠡᠷᠡᠢ
ᠳᠠᠭᠤᠨ ᠤ᠋ ᠮᠣᠩᠭᠣᠯ ᠡᠭᠡᠰᠢᠭ ᠲᠡᠨᠳᠡ ᠯᠠ ᠪᠠᠢᠨ᠎ᠠ ᠰᠢᠦ ᠳᠡ
ᠮᠠᠨᠠᠷᠠᠰ ᠮᠠᠨᠠᠷᠠᠰ ᠰᠢᠯᠢ ᠶ᠋ᠢᠨ ᠥᠨᠳᠥᠷ ᠊ᠢ ᠪᠠᠷᠠᠳᠠᠭᠠᠷᠠᠢ
ᠮᠠᠢᠯᠠᠰ ᠮᠠᠢᠯᠠᠰ ᠰᠦᠷᠦᠭ ᠦ᠋ᠨ ᠵᠠᠬ᠎ᠠ ᠳ᠋ᠤ᠌
ᠪᠠᠭᠤᠭᠠᠷᠠᠢ
ᠨᠠᠬᠢᠰ ᠨᠠᠬᠢᠰ ᠤᠷᠭ᠎ᠠ ᠶ᠋ᠢ ᠨᠢ ᠲᠤᠯᠵᠤ
ᠮᠣᠷᠳᠠᠭᠠᠷᠠᠢ
ᠨᠠᠷᠠᠨ ᠤ᠋ ᠪᠣᠷᠣ
ᠮᠠᠯᠴᠢᠨ ᠲᠡᠨᠳᠡ ᠯᠠ ᠪᠠᠢᠨ᠎ᠠ ᠰᠢᠦ ᠳᠡ
ᠨᠠᠬᠢᠰ ᠨᠠᠬᠢᠰ
ᠤᠷᠭ᠎ᠠ ᠶ᠋ᠢ ᠨᠢ ᠲᠤᠯᠵᠤ ᠮᠣᠷᠳᠠᠭᠠᠷᠠᠢ
ᠨᠠᠷᠠᠨ ᠤ᠋ ᠪᠣᠷᠣ
ᠮᠠᠯᠴᠢᠨ ᠲᠡᠨᠳᠡ ᠯᠠ ᠪᠠᠢᠨ᠎ᠠ ᠰᠢᠦ ᠳᠡ
ᠦᠶᠡᠯᠡᠰ ᠦᠶᠡᠯᠡᠰ ᠬᠣᠯᠠ ᠶ᠋ᠢᠨ ᠵᠡᠷᠭᠡᠯᠭᠡᠨ ᠳ᠋ᠦ᠍
ᠤᠮᠪᠠᠭᠠᠷᠠᠢ
ᠰᠤᠨᠠᠰ ᠰᠤᠨᠠᠰ ᠭᠣᠪᠢ ᠶ᠋ᠢᠨ ᠥᠷᠲᠥ ᠶ᠋ᠢ
ᠲᠤᠭᠤᠯᠠᠭᠠᠷᠠᠢ
ᠳᠡᠪᠡᠷᠡᠰ ᠳᠡᠪᠡᠷᠡᠰ ᠲᠡᠮᠡᠭᠡᠳ ᠊ᠢ ᠨᠢ
ᠤᠨᠤᠵᠤ ᠯᠠ ᠶᠠᠪᠤᠭᠠᠷᠠᠢ
ᠲᠠᠢᠪᠤᠩ ᠮᠣᠩᠭᠣᠯ
ᠵᠠᠩ ᠲᠡᠨᠳᠡ ᠯᠠ ᠪᠠᠢᠨ᠎ᠠ ᠰᠢᠦ ᠳᠡ
ᠳᠡᠪᠡᠷᠡᠰ ᠳᠡᠪᠡᠷᠡᠰ ᠲᠡᠮᠡᠭᠡᠳ ᠊ᠢ ᠨᠢ
ᠤᠨᠤᠵᠤ ᠯᠠ ᠶᠠᠪᠤᠭᠠᠷᠠᠢ᠃
ᠲᠠᠢᠪᠤᠩ ᠮᠣᠩᠭᠣᠯ
ᠵᠠᠩ ᠲᠡᠨᠳᠡ ᠯᠠ ᠪᠠᠢᠨ᠎ᠠ ᠰᠢᠦ ᠳᠡ
ᠨᠠᠷᠠᠨ ᠤ᠋ ᠪᠣᠷᠣ
ᠮᠠᠯᠴᠢᠨ ᠲᠡᠨᠳᠡ ᠯᠠ ᠪᠠᠢᠨ᠎ᠠ ᠰᠢᠦ ᠳᠡ
ᠦᠰᠦᠭ ᠬᠠᠳᠠᠭᠴᠢ ᠄ ᠬᠠᠪᠤᠷᠵᠢᠶ᠎ᠠ
ᠦᠰᠦᠭ ᠠᠮᠢᠯᠠᠭᠤᠯᠤᠭᠴᠢ
᠄ ᠴᠦᠩᠬᠣᠸᠠ
ᠬᠢᠨᠠᠭᠴᠢ ᠄ ᠭᠠᠷᠮ᠎ᠠ᠂ ᠣᠲᠣᠨᠬᠡᠷᠡᠯ
