ᠡᠷᠡᠦ ᠴᠠᠭᠠᠨ ᠪᠣᠯᠵᠣᠮᠣᠷ- ᠲ ᠪᠠᠶᠠᠨᠵᠢᠷᠭᠠᠯЭрүү цагаан болжмор-т ·баянжаргал
ᠡᠷᠡᠦ ᠴᠠᠭᠠᠨ ᠪᠣᠯᠵᠣᠮᠣᠷ
ᠮᠣᠩᠭᠣᠯ ᠠᠷᠠᠳ ᠤ᠋ᠨ ᠳᠠᠭᠤᠤ
ᠲ · ᠪᠠᠶᠠᠨᠵᠢᠷᠭᠠᠯ ᠳᠠᠭᠤᠯᠠᠪᠠ
ᠡᠷᠡᠦ ᠴᠠᠭᠠᠨ
ᠪᠣᠯᠵᠣᠮᠣᠷ ᠰᠢᠪᠠᠭᠤ ᠨᠢ ᠠ᠋
ᠦᠦᠷ ᠦ᠋ᠨ ᠰᠥᠨᠢ ᠳ᠋ᠦ᠍ ᠪᠡᠨ ᠵᠢᠷᠭᠢᠭᠡᠳ
ᠯᠡ ᠪᠠᠢᠨ᠎ᠠ ᠬᠥ
ᠦᠢᠯᠡ ᠶ᠋ᠢᠨ ᠦᠷ᠎ᠡ ᠲᠡᠢ ᠮᠢᠨᠦ ᠯᠡ ᠠᠮᠠᠷᠠᠭ
ᠠ᠋
ᠤᠬᠢᠯᠠᠭᠠᠳ ᠳᠠᠭᠤᠯᠠᠬᠤ
ᠨᠢ ᠵᠢᠪᠡᠭᠦᠬᠡᠨ ᠪᠠᠢᠨ᠎ᠠ ᠬᠥ
ᠵᠠᠭᠠᠨ ᠰᠢᠨᠵᠢ ᠲᠠᠢ ᠯᠠ
ᠠᠭᠤᠯᠠᠨ ᠠ᠋ᠴᠠ ᠨᠢ
ᠪᠣᠯᠪᠠᠯ
ᠽᠠᠨᠳᠠᠨ ᠤ᠋ ᠦᠨᠦᠷ ᠬᠠᠩᠬᠤᠯᠤᠭᠠᠳ ᠪᠠᠢᠨ᠎ᠠ ᠬᠥ
ᠰᠠᠶᠢᠬᠠᠨ ᠬᠣᠩᠭᠣᠷ ᠤ᠋ᠨ ᠢ᠋ᠶ᠋ᠠᠨ ᠭᠡᠷ ᠡᠴᠡ ᠨᠢ
ᠪᠣᠯᠪᠠᠯ
ᠱᠠᠨᠵᠠᠨ ᠤ᠋ ᠮᠠᠨᠢ ᠡᠬᠡᠰᠢᠭ ᠬᠠᠩᠭᠢᠨᠠᠭᠠᠳ ᠪᠠᠢᠨ᠎ᠠ ᠬᠥ
ᠬᠥᠭᠦᠷᠭᠡᠨ ᠳᠠᠭᠤ ᠲᠠᠢ ᠯᠠ
ᠬᠥᠬᠥᠭᠡ ᠰᠢᠪᠠᠭᠤ ᠨᠢ ᠠ᠋
ᠬᠥᠪᠴᠢᠨ ᠠᠭᠤᠯᠠᠨ ᠳ᠋ᠤ᠌ ᠪᠠᠨ ᠳᠣᠩᠭᠣᠳᠤᠭᠠᠳ ᠪᠠᠢᠨ᠎ᠠ ᠬᠥ
ᠬᠦᠭᠡᠷᠡᠭᠦᠨ ᠲᠥᠷᠥᠭᠰᠡᠨ ᠮᠢᠨᠦ ᠯᠡ ᠠᠮᠠᠷᠠᠭ
ᠠ᠋
ᠬᠥᠨᠲᠡᠢᠷᠡᠬᠦ ᠰᠡᠳᠬᠢᠯ ᠴᠦ᠍ ᠲᠥᠷᠥᠬᠦ
ᠦᠭᠡᠢ ᠪᠢᠵᠡ ᠳᠧ ᠬᠥ
ᠬᠥᠨᠲᠡᠢᠷᠡᠬᠦ ᠰᠡᠳᠬᠢᠯ ᠴᠦ᠍ ᠲᠥᠷᠥᠬᠦ
ᠦᠭᠡᠢ ᠪᠢᠵᠡ ᠳᠧ ᠬᠥ ᠃
ᠦᠰᠦᠭ ᠠᠮᠢᠯᠠᠭᠤᠯᠤᠭᠴᠢ᠄ ᠪᠠᠶᠠᠨᠰᠡᠷᠡᠩ
