ᠪᠦᠯᠬᠦᠮᠲᠡᠵᠦ ᠶᠠᠪᠤᠭᠠᠷᠠᠢ ᠂ ᠬᠡᠦᠬᠡᠳ ᠦ᠋ᠳ ᠮᠢᠨᠢ – ᠭᠦᠷᠵᠠᠪ Бүлхэмдэж яваарай ᠂ Хүүхдүүд минь – Гүржав
ᠪᠦᠯᠬᠦᠮᠲᠡᠵᠦ ᠶᠠᠪᠤᠭᠠᠷᠠᠢ ᠂ ᠬᠡᠦᠬᠡᠳ ᠦ᠋ᠳ ᠮᠢᠨᠢ
ᠭᠦᠷᠵᠠᠪ
ᠪᠦᠯᠬᠦᠮᠲᠡᠵᠦ ᠶᠠᠪᠤᠭᠠᠷᠠᠢ ᠂ ᠬᠡᠦᠬᠡᠳ ᠦ᠋ᠳ ᠮᠢᠨᠢ
ᠪᠦᠭᠦᠲᠡᠭᠡᠷ ᠶ᠋ᠢᠡᠨ
ᠪᠦᠯᠬᠦᠮᠲᠡᠵᠦ ᠶᠠᠪᠤᠭᠠᠷᠠᠢ !
1
ᠪᠦᠯᠬᠦᠮᠲᠡᠯ ᠪᠣᠯ
ᠪᠦᠲᠦᠭᠡᠵᠦ ᠪᠣᠰᠬᠤ ᠶ᠋ᠢᠨ ᠡᠬᠢ ᠶᠤᠮ
ᠪᠦᠯᠬᠦᠮᠲᠡᠯ ᠪᠣᠯ
ᠪᠤᠲᠠᠷᠠᠵᠤ ᠰᠠᠷᠨᠢᠬᠤ ᠶ᠋ᠢᠨ ᠳᠠᠷᠤᠯᠬ᠋ᠠ ᠶᠤᠮ !
ᠪᠦᠯᠬᠦᠮᠲᠡᠯ ᠲᠡᠢ ᠬᠡᠦᠬᠡᠳ ᠦ᠋ᠳ
ᠪᠦᠬᠦᠨ ᠶ᠋ᠢᠡᠷ ᠳᠠᠪᠰᠢᠳᠠᠭ ᠶᠤᠮ ᠂ ᠥᠭᠡᠳᠡᠯᠡᠳᠡᠭ ᠶᠤᠮ !
ᠪᠦᠲᠦᠯ ᠦᠭᠡᠢ ᠬᠡᠦᠬᠡᠳ ᠦ᠋ᠳ
ᠪᠦᠭᠦᠲᠡ ᠡᠴᠡ ᠬᠣᠴᠣᠷᠲᠠᠭ ᠶᠤᠮ ᠂ ᠬᠠᠶᠠᠭᠲᠠᠲᠠᠭ ᠶᠤᠮ !
2
ᠪᠦᠯᠬᠦᠮᠲᠡᠯ ᠪᠣᠯ
ᠪᠦᠲᠦᠭᠡᠨ᠎ᠡ ᠭᠡᠰᠡᠨ ᠦᠭᠡ ᠪᠢᠯᠡ ᠂ ᠰᠤᠷᠭᠠᠯ ᠪᠢᠯᠡ !
ᠪᠦᠭᠦᠲᠡᠭᠡᠷ ᠴᠢᠬᠢᠷᠠᠭᠵᠢᠬᠤ ᠶ᠋ᠢᠨ
ᠪᠡᠯᠭᠡ ᠪᠢᠯᠡ ᠁ ᠲᠡᠮᠲᠡᠭ ᠪᠢᠯᠡ !
ᠪᠦᠯᠬᠦᠮᠲᠡᠭᠦ ᠦᠭᠡᠢ ᠪᠣᠯ
ᠪᠦᠲᠦᠷᠢᠨᠡ ᠭᠡᠰᠡᠨ ᠤᠴᠢᠷ ᠪᠢᠯᠡ ᠁ ᠰᠠᠨᠠᠭᠤᠯᠬ᠋ᠠ ᠪᠢᠯᠡ !
ᠪᠤᠴᠠᠵᠤ ᠤᠬᠤᠷᠢᠬᠤ ᠶ᠋ᠢᠨ
ᠢᠷᠣ᠎ᠠ ᠪᠢᠯᠡ ᠁ ᠳᠣᠬᠢᠶ᠎ᠠ ᠪᠢᠯᠡ !
3
ᠪᠦᠯᠬᠦᠮᠲᠡᠯ ᠦ᠋ᠨ ᠬᠦᠴᠦ ᠠᠭᠤᠤ ᠶᠤᠮ ᠂ ᠶᠡᠬᠡ ᠶᠤᠮ !
ᠪᠦᠬᠦᠨ ᠊ᠢ ᠢᠯᠠᠬᠤ ᠰᠦᠷ ᠶᠤᠮ ᠂ ᠰᠦᠯᠲᠡ ᠶᠤᠮ !
ᠪᠦᠯᠬᠦᠮᠲᠡᠬᠦ ᠦᠭᠡᠢ ᠪᠣᠯ ᠳᠣᠷᠣᠶ᠋ᠢᠲᠠᠬᠤ ᠶᠤᠮ ᠂ ᠰᠢᠷᠣᠶ᠋ᠢᠲᠠᠬᠤ ᠶᠤᠮ !
ᠪᠦᠷ ᠴᠤ᠌ ᠰᠡᠭᠦᠯᠡᠷ ᠨᠢ ᠪᠤᠲᠠᠷᠠᠬᠤ ᠶᠤᠮ ᠂ ᠰᠠᠷᠨᠢᠬᠤ ᠶᠤᠮ ! ᠁
ᠪᠦᠭᠦᠲᠡᠭᠡᠷ ᠶ᠋ᠢᠡᠨ
ᠪᠦᠯᠬᠦᠮᠲᠡᠵᠦ ᠶᠠᠪᠤᠭᠠᠷᠠᠢ᠂ ᠬᠡᠦᠬᠡᠳ ᠦ᠋ᠳ ᠮᠢᠨᠢ !
ᠢᠷᠡᠯᠲᠡ ᠄ ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠪᠣᠷᠭᠢᠯ
ᠬᠢᠨᠠᠭᠴᠢ ᠄ ᠪᠠᠶᠠᠷᠴᠡᠴᠡᠭ
2023 ᠂3 ᠂13 ᠪ ᠡᠲᠦᠷ
