ᠡᠬᠡ ᠣᠷᠣᠨ ᠪ ᠮᠢᠨᠢ ᠮᠣᠲᠣᠳ ᠱᠤᠤᠭᠢᠨ᠎ᠠ – ᠭᠦᠷᠵᠠᠪ Эх орны минь модод шуугина - Гүржав
ᠡᠬᠡ ᠣᠷᠣᠨ ᠪ ᠮᠢᠨᠢ ᠮᠣᠲᠣᠳ ᠱᠤᠤᠭᠢᠨ᠎ᠠ
ᠭᠦᠷᠵᠠᠪ
ᠡᠶᠡᠪᠡᠷᠭᠦᠦ ᠵᠥᠭᠡᠯᠡᠨ ᠨᠠᠮᠤᠷ ᠦ᠋ᠨ ᠰᠠᠯᠬᠢᠨ ᠳᠤ ᠢᠯᠪᠢᠭᠳᠡᠨ
ᠡᠭᠡᠯᠢᠲᠡᠢ ᠳᠤᠯᠠᠭᠠᠨ ᠨᠠᠷᠠᠨ ᠪ ᠲᠤᠶᠠᠬ᠋᠎ᠠ ᠳᠤ ᠢᠪᠡᠭᠡᠭᠲᠡᠨ
ᠡᠬᠡ ᠣᠷᠣᠨ ᠪ ᠮᠢᠨᠢ ᠮᠣᠲᠣᠳ ᠱᠤᠤᠭᠢᠨ᠎ᠠ ᠁
ᠡᠷᠪᠡᠢ ᠥᠬᠢᠨ ᠮᠢᠨᠢ ᠬᠥᠭᠡᠷᠦᠬᠦᠢ ᠬᠡᠮᠡᠨ
ᠡᠪᠡᠷ ᠭᠡᠵᠢᠭᠡ ᠶ᠋ᠢ ᠮᠢᠨᠢ ᠢᠯᠪᠢᠨ ᠢᠯᠪᠢᠨ
ᠡᠵᠢ ᠶ᠋ᠢᠨ ᠪᠦᠪᠡᠢ ᠲᠡᠢ ᠱᠤᠤᠭᠢᠨ᠎ᠠ
ᠢᠩᠭᠢᠵᠦ ᠬᠢᠬᠦ ᠮᠠᠭᠤᠬᠠᠢ ᠬᠡᠮᠡᠨ
ᠡᠷᠢᠶᠡᠴᠡᠭᠰᠡᠨ ᠳᠠᠰᠬᠠᠯ ᠊ᠢ ᠮᠢᠨᠢ ᠵᠠᠰᠠᠨ ᠵᠠᠰᠠᠨ
ᠡᠴᠢᠭᠡ ᠶ᠋ᠢᠨ ᠵᠠᠬᠢᠶ᠎ᠠ ᠲᠠᠢ ᠱᠤᠤᠭᠢᠨ᠎ᠠ
ᠡᠷᠲᠡ ᠳ᠋ᠡᠭᠡᠨ ᠥᠯᠥᠰᠴᠦ ᠪᠠᠶ᠋ᠢᠨ᠎ᠠ ᠤᠤ ᠬᠡᠮᠡᠨ
ᠡᠯᠲᠡᠪ ᠵᠢᠮᠢᠰ ᠰᠠᠪᠠᠯᠠᠭᠤᠯᠤᠨ ᠰᠠᠪᠠᠯᠠᠭᠤᠯᠤᠨ
ᠡᠮᠡᠭᠡ ᠶ᠋ᠢᠨ ᠰᠡᠤᠠᠬᠢᠯ ᠲᠡᠢ ᠱᠤᠤᠭᠢᠨ᠎ᠠ
ᠡᠷᠬᠡ ᠳᠤᠷ᠎ᠠ ᠪᠠᠷ ᠶ᠋ᠢᠠᠨ ᠠᠭᠠᠰᠢᠯᠠᠬᠤ ᠵᠣᠬᠢᠬᠤ ᠦᠭᠡᠢ ᠬᠡᠮᠡᠨ
ᠡᠷᠬᠢᠮ ᠰᠠᠨᠠᠭᠤᠯᠬ᠋ᠠ ᠲᠠᠯᠪᠢᠨ ᠲᠠᠯᠪᠢᠨ
ᠡᠭᠡᠴᠢ ᠶ᠋ᠢᠨ ᠰᠢᠪᠡᠨᠡᠭᠡ ᠲᠡᠢ ᠱᠤᠤᠭᠢᠨ᠎ᠠ ᠁
ᠡᠬᠡ ᠣᠷᠣᠨ ᠪ ᠮᠢᠨᠢ ᠮᠣᠲᠣᠳ ᠱᠤᠤᠭᠢᠨ᠎ᠠ
ᠡᠯᠢᠭᠡ ᠵᠢᠷᠦᠬᠡ ᠶ᠋ᠢ ᠳᠤᠯᠠᠭᠠᠴᠠᠭᠤᠯᠬᠤ
ᠢᠯᠴᠢ ᠭᠡᠷᠡᠯ ᠲᠡᠢ ᠱᠤᠤᠭᠢᠨ᠎ᠠ
ᠡᠷᠴᠢ ᠵᠣᠷᠢᠬ ᠊ᠢ ᠤᠨᠲᠤᠷᠭᠠᠬᠤ
ᠡᠷᠡᠮᠡᠯᠵᠡᠯ ᠬᠦᠰᠡᠯ ᠲᠡᠢ ᠱᠤᠤᠭᠢᠨ᠎ᠠ ᠁
ᠡᠨᠡ ᠳᠡᠯᠡᠬᠡᠢ ᠪᠡᠨ ᠪᠠᠶᠠᠰᠬᠠᠬᠤ
ᠡᠩᠬᠡ ᠳᠠᠭᠤᠨ ᠲᠠᠢ ᠱᠤᠤᠭᠢᠨ᠎ᠠ
ᠡᠩᠬᠦᠷᠡᠢ ᠨᠢᠯᠬᠠᠰ ᠶ᠋ᠢᠠᠨ ᠵᠢᠷᠭᠠᠭᠤᠯᠬᠤ
ᠡᠷᠲᠡᠮ ᠦ᠋ᠨ ᠨᠢᠲᠦ ᠲᠡᠢ ᠱᠤᠤᠭᠢᠨ᠎ᠠ ᠡ !
ᠢᠷᠡᠯᠲᠡ ᠄
ᠭᠦᠷᠵᠠᠪ ᠦ᠋ᠨ ᠵᠣᠬᠢᠶᠠᠭᠰᠠᠨ 《 ᠬᠡᠦᠬᠡᠳ ᠨᠠᠰᠤ ᠰᠠᠶ᠋ᠢᠬᠠᠨ 》 ᠭᠡᠬᠦ ᠨᠣᠮ ᠠ᠋ᠴᠠ ᠬᠠᠭᠤᠯᠤᠨ ᠪᠢᠴᠢᠪᠡ ᠃
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ ᠃
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ ᠃
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠦᠢᠯᠡᠤᠠᠪᠦᠷᠢ ᠬᠡᠪᠯᠡᠪᠡ ᠃
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ ᠃
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ ᠃
ᠦᠰᠦᠭ ᠠᠮᠢᠯᠠᠭᠤᠯᠤᠭᠴᠢ ᠄ ᠪᠠᠶᠠᠷᠴᠡᠴᠡᠭ
ᠬᠢᠨᠠᠭᠴᠢ ᠄ ᠪᠠᠶᠠᠷᠴᠡᠴᠡᠭ
20230311
