ᠠᠲᠤᠭᠤ ᠬᠠᠲᠠ – ᠭᠦᠷᠵᠠᠪ Адуу хад     –  Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠲᠤᠭᠤ ᠬᠠᠲᠠ – ᠭᠦᠷᠵᠠᠪ Адуу хад     –  Гүржав

ᠠᠲᠤᠭᠤ ᠬᠠᠲᠠ – ᠭᠦᠷᠵᠠᠪ Адуу хад     –  Гүржав

2023-03-21

281

ᠠᠲᠤᠭᠤ ᠬᠠᠲᠠ


             ᠭᠦᠷᠵᠠᠪ

 ᠠᠲᠤᠭᠤ ᠬᠠᠲᠠ
 ᠠᠷᠵᠠᠭᠠᠷ ᠬᠠᠲᠠ
 ᠠᠵᠢᠬᠯᠠᠵᠤ ᠰᠢᠨᠵᠢᠪᠡᠯ
 ᠰᠣᠨᠢᠬᠠᠨ ᠬᠠᠲᠠ
 ᠠᠵᠢᠷᠭᠠᠨ ᠳᠡᠯ ᠰᠢᠭ᠌
 ᠳᠦᠷᠡᠯᠵᠡᠳᠡᠭ᠋ ᠬᠠᠲᠠ
 ᠠᠯᠢᠶ᠎ᠠ ᠤᠨᠠᠬ᠋᠎ᠠ ᠰᠢᠭ᠋ ᠲᠣᠷᠣᠯᠵᠠᠲᠠᠭ ᠬᠠᠲᠠ
 ᠠᠷᠪᠢᠨ  ᠰᠥᠷᠦᠭ ᠰᠢᠭ᠌ ᠬᠠᠷᠠᠯᠠᠲᠠᠭ ᠬᠠᠲᠠ
 ᠠᠶ᠋ᠢᠰᠤᠢ ᠶᠤᠮ  ᠰᠢᠭ᠋ ᠬᠠᠷᠠᠭᠲᠠᠲᠠᠭ ᠬᠠᠲᠠ
 ᠠᠯᠤᠰ ᠦ᠋ᠨ ᠤᠨᠢᠶᠠᠷ ᠎ᠲᠤ᠌ ᠬᠥᠪᠪᠦᠯᠵᠡᠳᠡᠭ ᠬᠠᠲᠠ
 ᠠᠯᠠᠭ ᠵᠡᠷᠭᠡᠯᠭᠡᠨ  ᠳᠤ ᠮᠢᠷᠠᠯᠵᠠᠲᠠᠭ ᠬᠠᠲᠠ
 ᠠᠰᠠᠷ ᠪᠠᠷᠢᠯᠬ᠋᠎ᠠ ᠰᠢᠭ᠋ ᠪᠣᠰᠲᠠᠭ ᠬᠠᠲᠠ
 ᠠᠴᠢᠶ᠎ᠠ ᠲᠠᠢ ᠲᠡᠷᠭᠡ ᠰᠢᠭ᠌  ᠬᠥᠳᠡᠯᠳᠡᠭ ᠬᠠᠲᠠ
 ᠠᠪᠤ ᠶ᠋ᠢᠨ  ᠬᠡᠯᠡᠳᠡᠭ ᠥᠯᠢᠭᠡᠷ ᠰᠢᠭ᠌ ᠬᠠᠲᠠ
 ᠠᠷᠰᠯᠠᠨ ᠪᠠᠷᠰ ᠰᠢᠭ᠋ ᠰᠦᠷᠯᠢᠭ ᠬᠠᠲᠠ ᠂  ᠂  ᠂ ᠂
 ᠠᠲᠤᠭᠤ ᠬᠠᠲᠠ
 ᠠᠷᠵᠠᠭᠠᠷ ᠬᠠᠲᠠ
 ᠠᠵᠢᠬᠯᠠᠵᠤ ᠰᠢᠨᠵᠢᠪᠡᠯ
 ᠰᠣᠨᠢᠬᠠᠨ ᠬᠠᠲᠠ ᠃

 ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠎ ᠡᠴᠡ ᠰᠤᠩᠭᠤᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

        ᠦᠰᠦᠭ ᠠᠮᠢᠯᠠᠭᠤᠯᠤᠭᠴᠢ ᠄   ᠮᠢᠭᠮᠡᠷ
          ᠦᠰᠦᠭ ᠬᠢᠨᠠᠭᠴᠢ ᠄  ᠪᠠᠶᠠᠷᠴᠡᠴᠡᠭ
             2023 ᠂3 ᠂11 ᠪ ᠡᠲᠦᠷ