ᠭᠣᠷᠣᠬ᠎ᠠ - ᠭᠦᠷᠵᠠᠪ Горхи - Гүржав
ᠭᠣᠷᠣᠬ᠎ᠠ
ᠭᠦᠷᠵᠡᠪ
ᠬᠣᠯᠠ ᠶ᠋ᠢᠨ ᠬᠣᠯᠠ ᠶ᠋ᠢ ᠵᠣᠷᠢᠬᠴᠢ
ᠬᠣᠩᠭᠣᠷ ᠵᠣᠷᠢᠬ ᠪᠣᠯ ᠭᠣᠷᠣᠬ᠎ᠠ ᠶᠤᠮ
ᠬᠣᠭ ᠲᠣᠭᠣᠰᠣ ᠶ᠋ᠢᠨ ᠭᠤᠶᠠᠲᠠᠬ᠋ᠠ
ᠬᠤᠶ᠋ᠢᠯᠠᠷᠠᠬᠤ ᠰᠢᠭᠤᠷᠭᠠᠨ ᠪ ᠢᠰᠭᠢᠷᠦᠭᠡ
ᠬᠣᠷᠢᠵᠤ ᠴᠢᠲᠠᠬᠤ ᠦᠭᠡᠢ ᠶᠤᠮ ᠂ ᠲᠡᠭᠦᠨ ᠊ᠢ
ᠬᠤᠪᠢᠴᠢᠷᠠᠬᠤ ᠵᠣᠷᠢᠬᠰᠠᠨ ᠴᠢᠭ᠌ ᠲᠡᠭᠡᠨ
ᠬᠣᠷᠢᠬ᠋ᠠ ᠰᠠᠭᠠᠳ ᠦᠭᠡᠢ ᠬᠦᠷᠬᠦ ᠶᠤᠮ ᠂ ᠲᠡᠷᠡ
ᠴᠡᠯᠡᠭᠡᠷ ᠲᠠᠯ᠎ᠠ ᠳᠤ ᠨᠠᠮᠢᠯᠵᠠᠭᠴᠢ
ᠴᠡᠩᠬᠡᠷ ᠬᠠᠲᠠᠭ ᠪᠣᠯ ᠭᠣᠷᠣᠬ᠎ᠠ ᠶᠤᠮ
ᠴᠡᠴᠡᠭ ᠵᠢᠮᠢᠰᠲᠦ ᠪᠡᠯᠴᠢᠭᠡᠷ ᠊ᠢ
ᠴᠢᠮᠬᠡᠷᠢᠯᠡᠨ ᠡᠮᠵᠢᠶᠡᠷᠢᠯᠡᠨ ᠂ ᠣᠷᠢᠶᠠᠭᠠᠳ —
ᠴᠠᠯᠭᠢᠯᠠᠨ ᠴᠠᠶ᠋ᠢᠯᠵᠠᠨ ᠤᠷᠤᠰᠬᠤ ᠶᠤᠮ ᠂ ᠲᠡᠷᠡ
ᠴᠢᠪ ᠴᠢᠮᠡᠭᠡ ᠦᠭᠡᠢ ᠲᠤᠨᠤᠯᠵᠠᠬᠤ ᠶᠤᠮ ᠂ ᠲᠡᠷᠡ
ᠣᠩᠭᠠᠮᠠᠯ ᠪᠣᠲᠠᠰ ᠊ᠢ ᠠᠮᠢᠯᠠᠭᠤᠯᠤᠭᠴᠢ
ᠷᠠᠰᠢᠶᠠᠨ ᠰᠢᠮ᠎ᠡ ᠪᠣᠯ ᠭᠣᠷᠣᠬ᠎ᠠ ᠶᠤᠮ
ᠠᠷᠢᠭᠤᠨ ᠨᠠᠨᠲᠢᠨ ᠠᠮᠢᠰᠬᠤᠯ ᠶ᠋ᠢᠠᠷ ᠶ᠋ᠢᠠᠨ
ᠠᠯᠲᠠᠨ ᠡᠷᠲᠡᠨᠢ ᠶ᠋ᠢᠨ ᠲᠡᠵᠢᠭᠡᠯ ᠶ᠋ᠢᠡᠷ ᠶ᠋ᠢᠡᠨ
ᠠᠯᠢᠪᠠ ᠪᠦᠬᠦᠨ ᠊ᠢ ᠠᠮᠢᠯᠠᠭᠤᠯᠬᠤ ᠶᠤᠮ ᠂ ᠲᠡᠷᠡ
ᠠᠰᠢᠲᠠ ᠮᠥᠩᠬᠡ ᠪᠠᠶᠠᠰᠬᠠᠬᠤ ᠶᠤᠮ ᠂ ᠲᠡᠷᠡ ᠃
ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠡᠴᠡ ᠰᠤᠩᠭᠤᠪᠠ
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠦ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠦ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ3 ᠰᠠᠷ᠎ᠠ ᠶ᠋ᠢᠨ12 ᠪ ᠡᠲᠦᠷ ᠃
