ᠲᠣᠬᠤᠨᠲᠡᠮᠦᠷ ᠤᠬᠠᠭᠠᠨᠲᠤ ᠬᠠᠭᠠᠨ (3) - ᠬᠦᠴᠢᠬᠡᠨ Тохонтөмөр ухаант хаан(3) - Хүчхэн ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠬᠤᠨᠲᠡᠮᠦᠷ ᠤᠬᠠᠭᠠᠨᠲᠤ ᠬᠠᠭᠠᠨ (3) - ᠬᠦᠴᠢᠬᠡᠨ Тохонтөмөр ухаант хаан(3) - Хүчхэн

ᠲᠣᠬᠤᠨᠲᠡᠮᠦᠷ ᠤᠬᠠᠭᠠᠨᠲᠤ ᠬᠠᠭᠠᠨ (3) - ᠬᠦᠴᠢᠬᠡᠨ Тохонтөмөр ухаант хаан(3) - Хүчхэн

ᠠᠩᠭᠢᠯᠠᠯ:ᠲᠡᠦᠬᠡ ᠰᠣᠶᠣᠯ
2023-03-21

323

ᠲᠣᠬᠤᠨᠲᠡᠮᠦᠷ ᠤᠬᠠᠭᠠᠨᠲᠤ ᠬᠠᠭᠠᠨ - ᠭᠤᠷᠪᠠᠳᠤᠭᠠᠷ ᠪᠦᠯᠦᠭ

  
                 ᠭᠤᠷᠪᠠᠲᠤᠭᠠᠷ  ᠪᠥᠯᠥᠭ

            ᠬᠣᠶᠠᠷ ᠨᠡᠶ᠋ᠢᠰᠯᠡᠯ ᠦ᠋ᠨ ᠲᠤᠯᠤᠯᠲᠤᠭᠠᠨ ᠊ᠢ ᠵᠠᠪᠰᠢᠵᠤ ᠡᠯᠲᠡᠮᠦᠷ ᠡᠷᠬᠡ ᠬᠤᠯᠠᠭᠠᠶ᠋ᠢᠯᠠᠪᠠᠢ
            ᠬᠣᠲᠤᠭᠲᠦ ᠬᠠᠭᠠᠨ ᠭᠡᠨᠡᠤᠠᠲᠡ ᠬᠠᠯᠢᠵᠤ ᠲᠡᠦᠬᠡᠨ ᠣᠨᠢᠰᠣᠬ᠋᠎ᠠ ᠦᠯᠡᠲᠡᠭᠡᠪᠡᠢ

     ᠲᠡᠨᠲᠡᠴᠡ ᠰᠣᠲᠢᠪᠠᠯᠠ ᠭᠡᠭᠡᠨ ᠬᠠᠭᠠᠨ ᠪᠣᠯᠤᠨ ᠪᠠᠷᠠᠭᠤᠨ ᠭᠠᠷᠤᠨ ᠴᠢᠩᠰᠠᠩ ᠪᠠᠶ᠋ᠢᠵᠤ ᠪᠠᠷ ᠲᠡᠪᠰᠢ ᠵᠡᠷᠭᠡ ᠵᠠᠯᠢᠬᠠᠢ ᠲᠦᠰᠢᠮᠡᠳ ᠦ᠋ᠨ ᠭᠠᠷ ᠲᠦ ᠬᠣᠷᠤᠭᠠᠭᠲᠠᠭᠰᠠᠨ ᠪ ᠳᠠᠷᠠᠬ᠋᠎ᠠ ᠂ ᠲᠦᠷᠦᠯ ᠦ᠋ᠨ ᠨᠣᠶᠠᠨ ᠠᠨᠲᠢᠪᠤᠬ᠎ᠠ ᠶᠢᠰᠤᠨᠲᠡᠮᠦᠷ ᠬᠣᠶᠠᠭᠤᠯᠠ ᠬᠠᠭᠠᠨ ᠪ ᠬᠠᠰ ᠲᠠᠮᠠᠬ᠋᠎ᠠ ᠴᠠᠴᠤᠭ ᠰᠠᠯᠲᠠ ᠶ᠋ᠢ ᠠᠪᠤᠭᠠᠳ ᠭᠤᠪᠢ ᠶ᠋ᠢᠨ ᠤᠮᠠᠷ᠎ᠠ ᠣᠴᠢᠵᠤ ᠵᠢᠨ ᠸᠠᠩ ᠡᠰᠡᠨᠲᠡᠮᠦᠷ ᠲᠤ ᠡᠷᠭᠦᠨ ᠪᠠᠷᠢᠪᠠ ᠃
      ᠵᠢᠨ ᠸᠠᠩ ᠡᠰᠡᠨᠲᠡᠮᠦᠷ ᠪᠣᠯᠪᠠᠰᠤ ᠭᠠᠮᠠᠯᠠ ᠶ᠋ᠢᠨ ᠠᠬᠠᠮᠠᠳ ᠬᠦᠪᠡᠭᠦᠨ ᠂ ᠡᠬᠡ ᠢᠨᠦ ᠬᠣᠩᠭᠢᠷᠠᠳ ᠦ᠋ᠨ ᠪᠣᠶᠠᠨ ᠭᠢᠯᠢᠮᠢᠱ‍ᠢ ᠪᠦᠯᠦᠭᠡ ᠃ ᠬᠣᠪᠢᠯᠠᠢ ᠰᠡᠴᠡᠨ ᠬᠠᠭᠠᠨ ᠲᠦᠷᠪᠡᠲᠦᠭᠡᠷ ᠬᠦᠪᠡᠭᠦᠨ ᠨᠣᠮᠣᠬᠠᠨ ᠊ᠢ ᠪᠸᠢ ᠫᠢᠩ ᠸᠠᠩ ᠡᠷᠭᠦᠮᠵᠢᠯᠡᠵᠦ ᠣᠮᠠᠷᠠᠲᠦ ᠬᠢᠯᠢ ᠶ᠋ᠢ ᠰᠠᠬᠢᠨ ᠰᠠᠭᠤᠯᠭᠠᠪᠠ ᠃ ᠨᠣᠮᠣᠬᠠᠨ ᠨᠠᠰᠤ ᠪᠠᠷᠠᠭᠰᠠᠨ ᠪ ᠬᠣᠶ᠋ᠢᠨ᠎ᠠ ᠂ ᠬᠤᠪᠢᠯᠠᠢ ᠰᠡᠴᠡᠨ ᠬᠠᠭᠠᠨ ᠪᠠᠷ ᠶᠡᠬᠡ ᠣᠮᠪᠣᠯᠣ ᠭᠠᠮᠠᠯᠠ ᠶ᠋ᠢ ᠵᠢᠨ ᠸᠠᠩ ᠡᠷᠭᠦᠮᠵᠢᠯᠡᠵᠦ ᠂ ᠴᠢᠩᠭᠢᠰ ᠬᠠᠭᠠᠨ ᠪ ᠶᠡᠬᠡ ᠣᠷᠲᠣᠨ ᠵᠢᠴᠢ ᠶᠡᠬᠡ ᠳᠠᠬᠢᠯᠬ᠋᠎ᠠ ᠶ᠋ᠢᠨ ᠬᠡᠷᠡᠭ ᠊ᠢ  ᠮᠡᠳᠡᠭᠦᠯᠦᠭᠰᠡᠨ ᠪᠠᠶ᠋ᠢᠪᠠ ᠃ ᠭᠠᠮᠠᠯᠠ ᠨᠠᠰᠤ ᠪᠠᠷᠠᠭᠰᠠᠨ ᠪ ᠬᠣᠶ᠋ᠢᠨ᠎ᠠ ᠲᠡᠭᠦᠨ ᠪ ᠠᠬᠠᠮᠠᠳ ᠬᠥᠪᠡᠭᠦᠨ ᠡᠰᠡᠨᠲᠡᠮᠦᠷ ᠶ᠋ᠢᠡᠷ ᠵᠢᠨ ᠸᠠᠩ ᠦ᠋ᠨ ᠬᠡᠷᠬᠡᠮ ᠊ᠢ ᠵᠠᠯᠭᠠᠮᠵᠢᠯᠠᠭᠤᠯᠵᠤ ᠮᠦᠨ ᠴᠢᠩᠭᠢᠰ ᠬᠠᠭᠠᠨ ᠪ ᠶᠡᠬᠡ ᠣᠷᠲᠣᠨ ᠪᠠ ᠶᠡᠬᠡ ᠳᠠᠬᠢᠯᠬ᠋᠎ᠠ ᠶ᠋ᠢᠨ  ᠬᠡᠷᠡᠭ ᠊ᠢ ᠵᠠᠯᠭᠠᠵᠤ  ᠮᠡᠳᠡᠭᠦᠯᠦᠭᠰᠡᠨ ᠪᠦᠯᠦᠭᠡ ᠃
    《 ᠶᠤᠸᠠᠨ ᠤᠯᠤᠰ ᠦ᠋ᠨ ᠲᠡᠦᠬᠡ 》  ᠳᠤ ᠡᠰᠡᠨᠲᠡᠮᠦᠷ ᠪᠡᠷ ᠲᠡᠮᠦᠷ ᠥᠯᠵᠡᠶ᠋ᠢᠲᠦ ᠬᠠᠭᠠᠨ ᠂ ᠬᠠᠶ᠋ᠢᠱᠠᠨ ᠬᠥᠯᠥᠭ ᠬᠠᠭᠠᠨ ᠂ ᠠᠶᠤᠷᠪᠠᠷᠸᠠᠲᠠ ᠪᠣᠶᠠᠨᠲᠦ ᠬᠠᠭᠠᠨ ᠯᠤᠬ᠋᠎ᠠ ᠪᠣᠯᠵᠤᠬ᠋᠎ᠠ ᠲᠤᠭᠲᠠᠭᠠᠵᠦ ᠲᠡᠲᠡᠨ ᠪ ᠶᠡᠬᠡ ᠬᠠᠭᠠᠨ ᠪ ᠰᠠᠭᠤᠷᠢᠨ ᠊ᠢ ᠮᠡᠲᠡᠷᠡᠵᠦ ᠲᠠᠩᠭᠠᠷᠢᠬᠯᠠᠭᠰᠠᠨ  ᠪᠢᠴᠢᠭ᠌ ᠥᠭᠪᠡ ᠭᠡᠵᠦ ᠪᠣᠢ ᠃ ᠡᠶ᠋ᠢᠨ ‍ᠬᠦ ᠲᠡᠭᠦᠨ  ᠳᠤ ᠬᠠᠭᠠᠨ ᠣᠷᠣ ᠶ᠋ᠢ ᠵᠠᠯᠭᠠᠮᠵᠢᠯᠠᠬᠤ ᠪᠣᠯᠤᠯᠴᠠᠬ᠋᠎ᠠ ᠦᠭᠡᠢ ᠪᠣᠯᠵᠣᠬᠤᠢ ᠃ 《 ᠮᠣᠷᠢᠨ ᠡᠪᠴᠢᠭᠦᠦ ᠶ᠋ᠢᠨ ᠬᠣᠪᠢᠰᠤᠯ 》 ᠡᠴᠡ ᠡᠮᠦᠨ᠎ᠡ ᠬᠠᠭᠠᠨ ᠣᠷᠣ  ᠳᠤ ᠰᠠᠭᠤᠬᠤ ᠭᠡᠰᠡᠨ ᠶᠠᠪᠤᠲᠠᠯ ᠲᠡᠭᠦᠨ ᠪ ᠵᠡᠭᠦᠲᠦᠨ  ᠳᠤ ᠴᠤ᠌ ᠦᠭᠡᠢ ᠪᠠᠶ᠋ᠢᠵᠤᠬᠤᠢ ᠃
     ᠲᠡᠮᠦᠲᠡᠷ ᠦ᠋ᠨ ᠦᠯᠡᠳᠡᠭᠳᠡᠯ ᠨᠠᠮᠲᠠᠨ ᠲᠠᠪᠰᠢ ᠨᠠᠷ ᠰᠦᠯᠪᠡᠭᠡᠯᠡᠨ ᠣᠷᠲᠣᠨ ᠪ ᠬᠣᠪᠢᠰᠤᠯ ᠭᠠᠷᠭᠠᠭᠰᠠᠨ ᠪᠣᠯᠪᠠᠴᠤ ᠠᠯᠲᠠᠨ ᠤᠷᠤᠭ ᠦ᠋ᠨ ᠬᠥᠮᠦᠰ ᠪᠢᠰᠢ ᠲᠤᠯᠠ ᠶᠡᠬᠡ ᠬᠠᠭᠠᠨ ᠪ ᠰᠠᠭᠤᠷᠢᠨ ᠊ᠢ ᠡᠵᠡᠯᠡᠬᠦ ᠬᠢᠷᠢ ᠭᠡᠮ ᠪᠠᠶ᠋ᠢᠬᠤ ᠦᠭᠡᠢ ᠃ ᠲᠡᠲᠡ ᠡᠷᠬᠡᠪᠰᠢ ᠠᠯᠲᠠᠨ ᠤᠷᠤᠭ ᠦ᠋ᠨ ᠨᠢᠭᠡ ᠬᠥᠮᠦᠨ ᠊ᠢ ᠣᠯᠵᠤ ᠤᠯᠤᠰ ᠲᠥᠷᠥ ᠶ᠋ᠢᠨ ᠲᠦᠯᠦᠭᠡᠨ ᠪ ᠬᠥᠮᠦᠨ ᠶ᠋ᠢᠡᠨ ᠪᠣᠯᠭᠠᠬᠤ  ᠬᠡᠷᠡᠭᠲᠡᠢ ᠃ ᠡᠶ᠋ᠢᠨ ‍ᠬᠦ ᠲᠡᠲᠡᠨ ᠣᠮᠠᠷᠠᠲᠦ ᠬᠢᠯᠢ ᠶ᠋ᠢ ᠳᠠᠷᠤᠨ ᠰᠠᠭᠤᠭᠰᠠᠨ  ᠴᠡᠷᠢᠭ ᠦ᠋ᠨ ᠡᠷᠬᠡ ᠲᠡᠢ ᠵᠢᠨ ᠸᠠᠩ ᠡᠰᠡᠨᠲᠡᠮᠦᠷ ᠊ᠢ ᠰᠤᠩᠭᠤᠭᠰᠠᠨ ᠪᠠᠶ᠋ᠢᠪᠠ ᠃
      ᠲᠡᠲᠦᠢ ᠎ᠳ᠋ᠦ᠍ᠷ ᠵᠢᠨ ᠸᠠᠩ ᠡᠰᠡᠨᠲᠡᠮᠦᠷ ᠦ᠋ᠨ ᠲᠣᠲᠤᠷ᠎ᠠ ᠣᠷᠲᠤᠨ᠎ᠠ ᠳ᠋ᠠᠦᠯᠠᠳ ᠱᠠᠭ ᠬᠡᠮᠡᠬᠦ ᠰᠠᠷᠲᠠᠭᠤᠯ ᠨᠣᠶᠠᠨ ᠪᠠᠶ᠋ᠢᠵᠠᠢ ᠃ ᠲᠡᠷᠡ ᠪᠡᠷ ᠢᠮᠠᠭᠲᠠ ᠬᠠᠭᠠᠨᠲᠤ ᠲᠥᠷᠥ ᠶ᠋ᠢᠨ ᠲᠣᠲᠤᠭᠠᠲᠦ ᠪᠠᠶ᠋ᠢᠲᠠᠯ ᠊ᠢ ᠲᠠᠩᠨᠠᠵᠦ ᠂ ᠲᠡᠭᠦᠨ ᠪ ᠬᠦᠪᠡᠭᠦᠨ ᠬᠠᠰᠠᠨ  ᠬᠡᠮᠡᠭᠴᠢ ᠢᠨᠦ ᠪᠠᠶ᠋ᠢᠵᠤ ᠴᠢᠩᠰᠠᠩ ᠦ᠋ᠨ ᠣᠷᠲᠤᠨ᠎ᠠ ᠦᠢᠯᠡᠴᠢᠯᠡᠵᠦ ᠂ ᠰᠡᠭᠦᠯᠡᠷ ᠨᠢ ᠬᠡᠰᠢᠭ ᠦ᠋ᠨ ᠨᠣᠶᠠᠨ ᠪᠣᠯᠵᠠᠢ ᠃ ᠰᠣᠲᠢᠪᠠᠯᠠ ᠭᠡᠭᠡᠨ ᠬᠠᠭᠠᠨ ᠬᠣᠷᠤᠭᠠᠭᠲᠠᠬᠤ ᠡᠴᠡ ᠡᠮᠦᠨ᠎ᠡ ᠬᠠᠰᠠᠨ ᠪᠠᠷ ᠪᠤᠴᠠᠵᠤ ᠢᠷᠡᠭᠡᠳ ᠲᠠᠪᠰᠢ ᠪᠣᠯᠤᠨ ᠪᠠᠶ᠋ᠢᠵᠤ ᠶ᠋ᠢᠨ ᠰᠠᠨᠠᠯ ᠦᠷᠭᠦᠯᠵᠢ ᠵᠦᠷᠢᠯᠲᠦᠵᠦ ᠵᠠᠰᠠᠭ ᠲᠥᠷᠥ ᠶ᠋ᠢᠨ ᠪᠠᠶ᠋ᠢᠲᠠᠯ ᠲᠣᠭᠲᠠᠪᠦᠷᠢ ᠦᠭᠡᠢ ᠬᠡᠮᠡᠨ ᠮᠡᠳᠡᠭᠦᠯᠦᠭᠰᠡᠨ ᠪᠠᠶ᠋ᠢᠪᠠ ᠃
      ᡁᠢ ᡁᠢ ᠶ᠋ᠢᠨ ᠭᠤᠷᠪᠠᠲᠤᠭᠠᠷ ᠣᠨ (1323 ᠣᠨ ) ᠪ ᠨᠠᠮᠤᠷ ᠦ᠋ᠨ ᠲᠤᠮᠲᠠᠲᠦ ᠰᠠᠷ᠎ᠠ  ᠳᠤ ᠵᠢᠨ ᠸᠠᠩ ᠡᠰᠡᠨᠲᠡᠮᠦᠷ ᠲᠤᠤᠯᠠ ᠭᠣᠣᠯ ᠦ᠋ᠨ ᠲᠡᠨᠵᠢᠨ  ᠳᠤ ᠠᠪᠠ ᠬᠢᠵᠦ ᠪᠠᠶ᠋ᠢᠬᠰᠠᠨ  ᠳᠤ ᠳᠠᠪᠰᠢ ᠶ᠋ᠢᠨ ᠵᠠᠷᠤᠭᠰᠠᠨ ᠨᠢᠭᠤᠴᠠ ᠡᠯᠴᠢᠨ ᠢᠷᠡᠭᠡᠳ ᠦᠭᠦᠯᠡᠷᠦᠨ ᠄ 《 ᠪᠢᠲᠡ ᠪᠦᠭᠦᠲᠡᠭᠡᠷ ᠬᠠᠭᠠᠨ ᠊ᠢ ᠬᠣᠷᠤᠭᠠᠰᠤᠭᠠᠢ ᠬᠡᠮᠡᠨ ᠵᠦᠪᠲᠡᠨ ᠲᠣᠭᠲᠠᠪᠠ ᠃  ᠬᠡᠷᠡᠭ ᠪᠦᠲᠦᠭᠰᠡᠨ ᠪ ᠬᠣᠶ᠋ᠢᠨ᠎ᠠ ᠸᠠᠩ ᠲᠠᠨ ᠊ᠢ ᠤᠷᠢᠵᠤ ᠬᠠᠭᠠᠨ ᠪᠣᠯᠭᠠᠰᠤᠭᠠᠢ 》  ᠬᠡᠮᠡᠭᠰᠡᠨ᠎ᠡ ᠡᠰᠡᠨᠲᠡᠮᠦᠷ ᠶᠡᠬᠡᠲᠡ ᠠᠭᠤᠷᠯᠠᠵᠤ  ᠢᠷᠡᠭᠰᠡᠨ ᠡᠯᠴᠢᠨ ᠊ᠢ ᠪᠠᠷᠢᠵᠤ ᠬᠣᠷᠢᠭᠠᠳ ᠪᠠᠷᠢᠮᠠᠰᠢ  ᠬᠡᠮᠡᠭᠴᠢ ᠬᠥᠮᠦᠨ ᠊ᠢ ᠵᠢᠨ ᠸᠠᠩ ᠦ᠋ᠨ ᠬᠣᠪᠢ ᠶ᠋ᠢᠨ ᠡᠯᠴᠢᠨ ᠶ᠋ᠢᠡᠷ ᠲᠣᠮᠢᠯᠠᠵᠤ 《 ᠲᠦᠷᠦ ᠶ᠋ᠢᠨ ᠬᠣᠪᠢᠰᠤᠯ 》 ᠭᠠᠷᠭᠠᠬᠤ ᠪᠠᠷ ᠪᠠᠶ᠋ᠢᠬ᠋᠎ᠠ ᠳᠠᠪᠰᠢ ᠨᠠᠷ ᠊ᠢ ᠢᠯᠡᠴᠢᠯᠡᠨ ᠮᠡᠲᠡᠭᠦᠯᠬᠦ ᠪᠡᠷ ᠱᠠᠩᠲᠤ  ᠳᠤ ᠢᠯᠡᠭᠡᠪᠡ ᠃ ᠭᠡᠲᠡᠯ᠎ᠡ  ᠢᠯᠡᠭᠡᠭᠰᠡᠨ ᠡᠯᠴᠢᠨ ᠱᠠᠩᠲᠤ  ᠳᠤ ᠬᠦᠷᠬᠦ ᠡᠴᠡ ᠡᠮᠦᠨ᠎ᠡ 《 ᠲᠦᠷᠦ ᠶ᠋ᠢᠨ ᠬᠣᠪᠢᠰᠤᠯ 》 ᠨᠢᠭᠡᠨᠲᠡ ᠪᠡᠶᠡᠯᠡᠭᠳᠡᠭᠰᠡᠨ ᠪᠠᠶ᠋ᠢᠪᠠ ᠃ ᠲᠡᠪᠰᠢ ᠨᠠᠷ  ᠤᠨ  ᠡᠲᠦᠭᠰᠡᠨ《ᠲᠦᠷᠦ ᠶᠢᠨ ᠬᠤᠪᠢᠰᠤᠯ》 ᠳᠦ ᠡᠰᠡᠨᠲᠡᠮᠤᠷ ᠤᠨ ᠠᠪᠤᠭᠰᠠᠨ ᠤᠪᠤᠷ ᠪᠤᠯ  ᠬᠡᠷᠡᠭ ᠳᠡᠭᠡᠷ᠎ᠡ ᠪᠠᠨ ᠤᠬᠤᠷᠢᠬᠤ ᠤᠷᠤᠭᠰᠢᠯᠠᠬᠤ ᠳᠤ ᠪᠦᠷ ᠠᠰᠢᠭᠲᠠᠢ ᠰᠠᠢᠢᠨ ᠠᠷᠭ᠎ᠠ ᠪᠣᠳᠣᠯᠭ᠎ᠠ ᠪᠣᠯᠤᠮᠤᠢ᠃ ᠦᠭᠡᠷ᠎ᠡ ᠪᠡᠷ ᠬᠡᠯᠡᠪᠡᠯ᠂ ᠲᠦᠷᠦ ᠶᠢᠨ ᠬᠤᠪᠢᠰᠤᠯ ᠪᠦᠲᠦᠬᠦ ᠳᠤ ᠬᠦᠷᠪᠡᠯ ᠵᠢᠨ ᠸᠠᠩ ᠡᠰᠡᠨᠳᠡᠮᠤᠷ ᠶᠡᠬᠡ ᠬᠠᠭᠠᠨ ‍ᠣ ᠰᠠᠭᠣᠷᠢᠨ ᠳᠤ ᠪᠠᠶᠠᠷᠲᠠᠢ ᠰᠠᠭᠣᠨ᠎ᠠ ; ᠤᠪ ᠮᠡᠬᠡ ᠨᠢ ᠢᠯᠠᠭᠳᠠᠬᠤ ᠳᠤ ᠬᠦᠷᠪᠡᠯ ᠲᠡᠷᠡ ᠨᠢᠭᠡᠨᠳᠡ ᠡᠯᠴᠢᠨ ᠲᠤᠮᠢᠯᠠᠵᠤ ᠢᠯᠡᠴᠢᠯᠡᠨ  ᠮᠡᠳᠡᠭᠦᠯᠦᠭᠰᠡᠨ ᠲᠤᠯᠠ ᠪᠡᠶ᠎ᠡ ᠪᠡᠨ ᠠᠷᠢᠭᠤᠨ ᠢᠶᠡᠷ ᠭᠠᠷᠭᠠᠵᠤ ᠴᠢᠳᠠᠨ᠎ᠠ᠃ ᠵᠢᠨ ᠸᠠᠩ ᠳᠤᠲᠤᠷ᠎ᠠ ᠤᠷᠳᠤᠨ ᠤ ᠲᠦᠰᠢᠮᠡᠯ ᠳ᠋ᠠᠤᠯᠠᠳ ᠱᠠᠭ ᠵᠢᠴᠢ  ᠲᠡᠭᠦᠨ ᠦ ᠬᠦᠪᠡᠭᠦᠨ ᠡᠨᠡ ᠦᠶ᠎ᠡ ᠳᠦ ᠨᠢᠭᠡᠨᠲᠡ ᠲᠦᠷᠦ ᠶᠢᠨ ᠬᠤᠪᠢᠰᠤᠯ ᠳᠤ ᠤᠷᠤᠯᠴᠠᠭᠰᠠᠨ ᠴᠢᠬᠤᠯᠠ ᠬᠦᠮᠦᠰ ᠦᠨ ᠨᠢᠭᠡ ᠨᠢ ᠪᠠᠶ᠋ᠢᠬᠰᠠᠨ ᠶᠤᠮ᠃ ᠡᠳᠤᠭᠡ ᠲᠦᠷᠦ ᠶᠢᠨ ᠬᠤᠪᠢᠰᠣᠯ ᠢᠯᠠᠯᠲᠠ ᠤᠯᠵᠤ᠂ ᠵᠢᠨ ᠸᠠᠩ ᠡᠰᠡᠨᠳᠡᠮᠤᠷ ᠶᠡᠬᠡ ᠬᠠᠭᠠᠨ ᠤ ᠬᠠᠰ ᠲᠠᠮᠠᠭ᠎ᠠ ᠶᠢ ᠲᠣᠰᠴᠤ ᠠᠪᠤᠭᠠᠳ ᠪᠠᠶᠠᠷᠯᠠᠬᠤ ᠶᠢᠨ ᠶᠡᠬᠡ ᠪᠡᠷ ᠪᠠᠶᠠᠷᠯᠠᠵᠤ᠂ ᠶᠢᠰᠦᠳᠦᠭᠡᠷ ᠰᠠᠷ᠎ᠠ ᠶᠢᠨ ᠲᠦᠷᠪᠡᠨ ᠦ ᠡᠳᠦᠷ᠂ ᠥᠭᠡᠷ᠎ᠡ ᠪᠡᠷ ᠬᠡᠯᠡᠪᠡᠯ ᠰᠤᠳᠢᠪᠠᠯᠠ ᠭᠡᠭᠡᠨ ᠬᠠᠭᠠᠨ ᠬᠣᠷᠣᠭᠠᠭᠳᠠᠭᠠᠳ ᠰᠠᠷ᠎ᠠ ᠪᠤᠯᠤᠭᠠᠳᠦᠢ ᠪᠡᠷ ᠭᠡᠷᠦᠯᠦᠨ ᠮᠦᠷᠡᠨ ᠦ ᠬᠦᠪᠡᠭᠡᠨ ᠳᠦ ᠬᠠᠭᠠᠨ ᠤᠷᠤ ᠳᠤ ᠰᠠᠭᠣᠵᠤ᠂ ᠲᠡᠤᠬᠡᠨ ᠳᠤ ᠲᠠᠢᠢᠳᠢᠩ ᠳ᠋ᠢ ᠬᠠᠭᠠᠨ ᠬᠡᠮᠡᠪᠡ᠃ ᠲᠡᠳᠦᠢ  ᠳ᠋ᠣᠷ ᠲᠦᠷᠦᠯ ᠦᠨ ᠨᠤᠶᠠᠨ ᠮᠠᠨᠢ  ᠬᠡᠮᠡᠭᠴᠢ《 ᠮᠤᠷᠢᠨ ᠡᠪᠴᠢᠭᠦᠦ ᠶᠢᠨ ᠬᠣᠪᠢᠰᠤᠯ 》   ᠡᠴᠡ  ᠵᠠᠶ᠋ᠢᠯᠠᠵᠤ᠂ ᠵᠢᠨ  ᠸᠠᠩ ᠤᠨ ᠤᠷᠳᠤᠨ ᠳᠤ ᠢᠷᠡᠭᠡᠳ ᠬᠤᠷᠭᠤᠳᠠᠵᠤ  ᠪᠠᠶ᠋ᠢᠵᠠᠢ᠃ ᠲᠡᠷᠡ ᠪᠡᠷ ᠨᠢᠭᠡᠨ ᠡᠲᠦᠷ ᠵᠠᠪᠰᠢᠶᠠᠨ ᠣᠯᠵᠤ ᠡᠰᠡᠨᠲᠡᠮᠤᠷ ᠬᠠᠭᠠᠨ  ᠳᠤ ᠠᠶ᠋ᠢᠯᠠᠤᠠᠬᠠᠷᠤᠨ ᠄ 《 ᠲᠥᠷᠥ ᠶ᠋ᠢᠨ ᠬᠤᠪᠢᠰᠤᠯ ᠭᠠᠷᠭᠠᠵᠤ ᠶᠡᠬᠡ ᠬᠠᠭᠠᠨ ᠊ᠢ ᠬᠣᠷᠣᠭᠠᠭᠰᠠᠨ ᠲᠣᠯᠤᠭᠠᠶ᠋ᠢᠯᠠᠭᠰᠠᠨ ᠮᠠᠭᠤ ᠠᠷᠠᠳ ᠊ᠢ ᠡᠰᠡ ᠠᠯᠠᠪᠠᠰᠤ ᠡᠵᠡᠨ ᠪ ᠰᠠᠶ᠋ᠢᠨ ᠠᠯᠲᠠᠷ ᠢᠯᠡᠷᠡᠬᠦ ᠦᠭᠡᠢ ᠪᠥᠭᠡᠳ ᠬᠣᠶ᠋ᠢᠲᠤ ᠦᠶ᠎ᠡ ᠳ᠋ᠤᠷ ᠣᠯᠵᠤ ᠮᠡᠲᠡᠬᠦ ᠦᠭᠡᠢ ᠪᠣᠯᠤᠮᠤᠢ 》  ᠬᠡᠮᠡᠭᠰᠡᠨ᠎ᠡ ᠡᠰᠡᠨᠲᠡᠮᠤᠷ ᠬᠠᠭᠠᠨ ᠰᠡᠭᠡᠰᠭᠢᠨ ᠤᠬᠠᠭᠠᠷᠠᠵᠤ ᠂ ᠲᠡᠷᠡ ᠳᠠᠷᠤᠢ ᠬᠠᠮᠲᠤ ᠶᠠᠪᠤᠬ᠋᠎ᠠ ᠶᠢᠰᠦᠨᠲᠡᠮᠤᠷ ᠲᠠᠨ ᠊ᠢ ᠪᠠᠷᠢᠪᠴᠢᠯᠠᠵᠤ  ᠳᠡᠷᠰᠯᠡᠭᠰᠡᠨ ᠶᠠᠯ᠎ᠠ ᠶ᠋ᠢ ᠲᠣᠲᠣᠷᠠᠭᠤᠯᠤᠨ ᠴᠠᠭᠠᠵᠠ ᠪᠠᠷ ᠭᠡᠰᠭᠡᠨ ᠠᠯᠠᠭᠠᠳ ᠂ ᠰᠢᠤᠢ ᠮᠠᠢ ᠵᠢᠶᠸ ᠶ᠋ᠢ ᠪᠠᠷᠠᠭᠤᠨ ᠭᠠᠷᠤᠨ ᠴᠢᠩᠰᠠᠩ ᠂ ᠨᠢᠤ ᠽᠸ ᠶ᠋ᠢ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠶ᠋ᠢᠨ ᠡᠷᠬᠢᠨ ᠰᠠᠶ᠋ᠢᠳ ᠡᠷᠭᠦᠮᠵᠢᠯᠡᠵᠦ ᠤᠷᠢᠲᠠ ᠪᠠᠷ ᠨᠡᠶ᠋ᠢᠰᠯᠡᠯ ᠬᠣᠲᠠᠨ᠎ᠠ ᠬᠦᠷᠴᠦ ᠲᠡᠪᠰᠢ ᠵᠢᠴᠢ ᠲᠡᠭᠦᠨ ᠪ ᠨᠠᠮᠲᠠᠨ ᠊ᠢ ᠪᠠᠷᠢᠪᠴᠢᠯᠠᠨ ᠠᠯᠠᠭᠤᠯᠵᠤ ᠭᠡᠷ ᠬᠥᠷᠥᠩᠭᠡ ᠶ᠋ᠢ ᠨᠢ ᠲᠠᠯᠠᠭᠤᠯᠪᠠ ᠃
      ᠲᠤᠰ ᠵᠢᠯ ᠦ᠋ᠨ ᠠᠷᠪᠠᠨ ᠬᠣᠶᠠᠲᠤᠭᠠᠷ ᠰᠠᠷ᠎ᠠ  ᠳᠤ ᠡᠰᠡᠨᠲᠡᠮᠤᠷ ᠬᠠᠭᠠᠨ ᠳᠠᠶ᠋ᠢᠳᠤ ᠬᠣᠲᠠᠨ᠎ᠠ ᠪᠤᠴᠠᠵᠤ ᠢᠷᠡᠭᠡᠳ ᠂ ᠭᠡᠭᠡᠨ ᠲᠤᠩᠭᠠᠯᠠᠭ ᠬᠠᠷᠰᠢ ᠳᠤ ᠲᠥᠷᠥᠯ ᠦ᠋ᠨ ᠸᠠᠩ ᠪᠤᠯᠤᠨ ᠰᠠᠶ᠋ᠢᠳ ᠲᠦᠰᠢᠮᠡᠳ ᠦ᠋ᠨ ᠪᠠᠶᠠᠷ ᠦ᠋ᠨ ᠶᠣᠰᠣ ᠪᠠᠷ ᠮᠥᠷᠭᠥᠬᠦ ᠶ᠋ᠢ  ᠬᠦᠯᠢᠶᠡᠭᠰᠡᠨ ᠪ ᠬᠠᠮᠲᠤ ᠂ ᠲᠡᠮᠤᠲᠡᠷ ᠦ᠋ᠨ ᠦᠯᠡᠳᠡᠭᠳᠡᠯ ᠨᠠᠮᠲᠠᠨ ᠊ᠢ ᠦᠷᠭᠦᠯᠵᠢᠯᠡᠨ ᠴᠡᠪᠡᠷᠯᠡᠨ ᠪᠠᠷᠢᠪᠴᠢᠯᠠᠵᠤ ᠲᠥᠷᠥᠯ ᠦ᠋ᠨ ᠨᠣᠶᠠᠨ ᠠᠨᠲᠢᠪᠤᠬ᠎ᠠ ᠲᠠᠨ ᠪ ᠭᠡᠷ ᠬᠥᠷᠥᠩᠭᠡ ᠶ᠋ᠢ ᠨᠢ ᠲᠡᠯᠡᠵᠦ ᠡᠮᠦᠨ᠎ᠡ ᠣᠷᠣᠨ  ᠳᠤ ᠴᠦᠯᠡᠵᠦ ᠶᠠᠪᠤᠭᠤᠯᠪᠠ ᠃ ᠭᠡᠪᠡᠴᠦ ᠲᠥᠷᠥ ᠶ᠋ᠢᠨ ᠬᠤᠪᠢᠰᠤᠯ  ᠳᠤ ᠬᠠᠮᠤᠭᠲᠠᠨ ᠣᠷᠣᠭᠰᠠᠨ ᠳ᠋ᠠᠤᠯᠠᠳ ᠱᠠᠭ ᠬᠠᠷᠢᠨ ᠶᠠᠮᠠᠷ  ᠴᠤ᠌ ᠤᠴᠢᠷ ᠦᠭᠡᠢ ᠥᠩᠭᠡᠷᠡᠭᠰᠡᠨ ᠪᠥᠭᠡᠳ ᠵᠡᠭᠦᠨ ᠭᠠᠷᠤᠨ ᠴᠢᠩᠰᠠᠩ ᠦ᠋ᠨ ᠲᠤᠰᠢᠶᠠᠯ  ᠳᠤ  ᠳᠡᠪᠰᠢᠭᠦᠯᠦᠭᠳᠡᠪᠡ ᠃ ᠲᠡᠭᠦᠨ ᠪ ᠬᠥᠪᠡᠭᠦᠨ ᠬᠠᠰᠠᠨ ᠣᠷᠭᠤᠵᠤ ᠶᠠᠪᠤᠭᠠᠳ ᠰᠤᠷᠠᠭ ᠴᠢᠮᠡᠭᠡ ᠲᠠᠰᠤᠷᠠᠪᠠ ᠃
      ᠡᠰᠡᠨᠲᠡᠮᠤᠷ ᠬᠠᠭᠠᠨ ᠶᠡᠬᠡ ᠰᠠᠭᠤᠷᠢᠨ ᠊ᠢ ᠵᠠᠯᠭᠠᠮᠵᠢᠯᠠᠭᠰᠠᠨ ᠪ ᠬᠣᠶ᠋ᠢᠨ᠎ᠠ ᠤᠨ ᠪ ᠴᠣᠯᠠ ᠪᠠᠨ ᠳᠠᠶ᠋ᠢᠳᠢᠩ ᠦ᠋ᠨ ᠲᠡᠷᠢᠭᠦᠨ ᠤᠨ (1324 ᠤᠨ ) ᠬᠡᠮᠡᠨ ᠬᠠᠯᠠᠭᠠᠳ ᠲᠡᠮᠦᠲᠡᠷ ᠲᠦ ᠬᠣᠣᠷᠯᠠᠭᠲᠠᠭᠰᠠᠨ ᠶᠠᠩ ᠳᠣᠷᠵᠢ ᠂ ᠰᠢᠶᠤᠤ ᠪᠠᠶ᠋ᠢᠵᠤ ᠂ ᠾᠧ ᠱᠸᠩ ᠵᠡᠷᠭᠡ ᠴᠢᠭᠡᠴᠢ ᠵᠢᠷᠤᠮᠲᠤ ᠲᠦᠰᠢᠮᠡᠳ ᠦ᠋ᠨ ᠬᠢᠯᠢᠰ ᠊ᠢ ᠴᠠᠭᠠᠤᠠᠬᠠᠵᠤ ᠥᠭᠭᠦᠭᠰᠡᠨ ᠪᠥᠭᠡᠳ  ᠪᠢᠴᠢᠭ᠌ ᠴᠡᠷᠢᠭ ᠦ᠋ᠨ ᠲᠦᠰᠢᠮᠡᠳ ᠶ᠋ᠢᠡᠨ ᠳᠠᠭᠠᠭᠤᠯᠵᠤ ᠬᠠᠢ ᠶᠦᠨ ᠰᠸ ᠬᠡᠶ᠋ᠢᠳ ᠲᠦ ᠬᠦᠷᠴᠦ 《 ᠮᠣᠷᠢᠨ ᠡᠪᠴᠢᠭᠦᠦ ᠶ᠋ᠢᠨ ᠬᠤᠪᠢᠰᠤᠯ 》   ᠳᠤ  ᠰᠣᠲᠢᠪᠠᠯᠠ ᠭᠡᠭᠡᠨ ᠬᠠᠭᠠᠨ ᠯᠤᠬ᠋᠎ᠠ ᠬᠠᠮᠲᠤ ᠬᠣᠷᠣᠭᠠᠭᠲᠠᠭᠰᠠᠨ ᠪᠠᠶ᠋ᠢᠵᠤ  ᠳᠤ ᠨᠣᠮ ᠤᠩᠰᠢᠭᠤᠯᠤᠨ ᠪᠤᠶᠠᠨ ᠦᠢᠯᠡᠤᠠᠴᠦ  ᠥᠭᠴᠡᠢ᠃ ᠪᠠᠰᠠ ᠪᠠᠶ᠋ᠢᠵᠤ ᠶ᠋ᠢᠨ ᠬᠥᠪᠡᠭᠦᠨ ᠲᠠᠷᠮᠠᠰᠢᠷᠢ ᠪᠤᠯᠤᠨ ᠴᠠᠯᠠᠭ ᠊ᠢ  ᠬᠡᠰᠢᠭ ᠦ᠋ᠨ ᠨᠣᠶᠠᠨ ᠡᠷᠭᠦᠮᠵᠢᠯᠡᠪᠡ ᠃
      ᠡᠰᠡᠨᠲᠡᠮᠤᠷ ᠬᠠᠭᠠᠨ 《 ᠮᠣᠷᠢᠨ ᠡᠪᠴᠢᠭᠦᠦ ᠶ᠋ᠢᠨ ᠬᠤᠪᠢᠰᠤᠯ 》᠊ᠢ ᠠᠰᠢᠲᠠᠢ ᠰᠠᠶ᠋ᠢᠨ ᠰᠢᠢᠤᠠᠪᠦᠷᠢᠯᠡᠵᠦ ᠳᠡᠭᠡᠷ᠎ᠡ ᠳᠣᠣᠷᠠᠬᠢ ᠶ᠋ᠢᠨ ᠬᠥᠮᠦᠰ ᠦ᠋ᠨ ᠰᠡᠤᠠᠬᠢᠯ ᠊ᠢ ᠠᠮᠤᠷ ᠲᠣᠭᠲᠠᠭᠤᠨ ᠪᠣᠯᠭᠠᠵᠤ ᠂ ᠬᠥᠪᠡᠭᠦᠨ ᠷᠠᠵᠠᠪᠠᠭ ᠊ᠢ ᠬᠣᠩ ᠲᠠᠶ᠋ᠢᠽᠢ ᠡᠷᠭᠦᠮᠵᠢᠯᠡᠵᠦ ᠨᠠᠪᠴᠢᠲᠤ ᠡᠷᠭᠦᠮᠵᠢᠯᠡᠯ ᠦ᠋ᠨ ᠪᠢᠴᠢᠭ᠌ ᠰᠣᠶᠣᠷᠬᠠᠨ ᠥᠪᠡᠷ ᠦ᠋ᠨ  ᠬᠠᠤᠯᠢ ᠶᠣᠰᠣᠨ ᠪ ᠵᠠᠯᠭᠠᠮᠵᠢᠯᠠᠭᠴᠢ ᠪᠠᠨ ᠰᠣᠩᠭᠣᠨ ᠲᠣᠭᠲᠠᠭᠠᠪᠠ ᠃ ᠡᠨᠳᠡᠴᠡ ᠰᠡᠤᠠᠬᠢᠯ ᠥᠨᠲᠥᠷ ᠰᠠᠨᠠᠬ᠋᠎ᠠ ᠠᠮᠤᠷ ᠶ᠋ᠢᠠᠷ  ᠬᠠᠭᠠᠨ ᠬᠥᠮᠦᠨ ᠪ ᠠᠮᠢᠲᠤᠷᠠᠯ ᠊ᠢ ᠥᠩᠭᠡᠷᠡᠭᠦᠯᠪᠡ ᠃ ᠭᠡᠲᠡᠯ᠎ᠡ ᠳᠡᠯᠡᠬᠡᠢ ᠳ᠋ᠠᠬᠢᠨ ᠰᠠᠮᠠᠭᠤᠷᠠᠬᠤ ᠦᠭᠡᠢ ᠡᠴᠡ ᠯᠡ ᠠᠶᠤᠲᠠᠭ ᠬᠤᠷᠤᠨ ᠰᠠᠨᠠᠬ᠋᠎ᠠ  ᠡᠪᠦᠷᠯᠡᠭᠰᠡᠨ ᠣᠨᠲᠣᠣ ᠨᠢᠭᠡ  ᠪᠥᠯᠥᠭ ᠨᠣᠶᠠᠳ ᠲᠦᠰᠢᠮᠡᠳ ᠬᠠᠷᠢᠨ ᠲᠡᠭᠦᠨ ᠊ᠢ ᠬᠠᠯᠢᠬᠰᠠᠨ ᠪ ᠳᠠᠷᠠᠬ᠋᠎ᠠ ᠥᠪᠡᠷ ᠲᠤᠷ ᠠᠰᠢᠬᠲᠠᠢ ᠬᠠᠭᠠᠨ ᠡᠵᠡᠨ ᠊ᠢ ᠡᠷᠭᠦᠨ ᠪᠠᠶ᠋ᠢᠭᠤᠯᠬᠤ ᠪᠠᠷ ᠰᠠᠨᠠᠭᠠᠷᠬᠠᠵᠤ ᠳᠣᠣᠭᠤᠷ ᠬᠤᠤᠪᠢᠯᠲᠤᠨ  ᠡᠬᠢᠯᠡᠭᠰᠡᠨ ᠊ᠢ ᠡᠰᠡᠨᠲᠡᠮᠦᠷ ᠬᠠᠭᠠᠨ ᠶᠡᠷᠦ ᠰᠡᠷᠡᠵᠦ  ᠮᠡᠳᠡᠭᠰᠡᠨ ᠦᠭᠡᠢ ᠃
      ᠡᠷᠲᠡᠨ ᠪ ᠦᠭᠡᠨ ᠎ᠳ᠋ᠦ᠍ᠷ ᠨᠢᠭᠡᠨ ᠰᠠᠶ᠋ᠢᠨ ᠰᠡᠤᠠᠬᠢᠯ ᠦ᠋ᠨ ᠰᠢᠯᠲᠠᠭᠠᠨ ᠶ᠋ᠢᠠᠷ ᠠᠮᠤᠷᠯᠢᠩᠭᠤᠢ ᠰᠠᠯᠬᠢᠨ ᠨᠠᠶ᠋ᠢᠷ ᠲᠤ ᠠᠭᠤᠷ ᠪᠣᠯᠤᠮᠤᠢ ᠃ ᠨᠢᠭᠡᠨ ᠮᠠᠭᠤ ᠰᠠᠨᠠᠭᠠᠨ ᠪ ᠤᠴᠢᠷ ᠶ᠋ᠢᠠᠷ ᠢᠷᠣ᠎ᠠ  ᠳᠤ ᠣᠲᠣᠨ  ᠵᠢᠬᠢᠷᠬᠡᠮᠰᠢᠭᠲᠦ ᠴᠢᠤᠠᠭᠦᠷ ᠭᠠᠷᠤᠮᠤᠢ ᠬᠡᠮᠡᠵᠦᠬᠦᠢ ᠃ ᠡᠰᠡᠨᠲᠡᠮᠦᠷ ᠬᠠᠭᠠᠨ ᠰᠠᠭᠤᠷᠢᠨ  ᠳᠤ ᠰᠠᠭᠤᠭᠰᠠᠨ ᠠ᠋ᠴᠠ ᠢᠨᠠᠭᠰᠢ ᠦᠶᠡᠷ ᠭᠠᠩ ᠂ ᠴᠠᠷᠴᠠᠬᠠᠢ ᠶ᠋ᠢᠨ ᠠᠶᠤᠯ ᠂ ᠭᠠᠵᠠᠷ ᠬᠦᠲᠡᠯᠦᠨ ᠠᠭᠤᠯᠠ ᠨᠤᠷᠠᠵᠤ ᠂ ᠲᠣᠭᠰᠢᠨ ᠰᠠᠯᠬᠢ ᠰᠠᠯᠭᠢᠯᠠᠬᠤ ᠮᠡᠲᠦ ᠶ᠋ᠢᠨ ᠭᠠᠢ ᠭᠠᠮᠰᠢᠬ ᠳᠠᠰᠤᠷᠡᠯᠳᠡ ᠦᠭᠡᠢ ᠭᠠᠷᠴᠤ ᠮᠠᠭᠤ ᠢᠷᠣ᠎ᠠ ᠶ᠋ᠢᠨ ᠪᠠᠶ᠋ᠢᠲᠠᠯ  ᠢᠯᠡᠷᠡᠭᠰᠡᠨ᠎ᠡ ᠲᠡᠷᠡ ᠂ ᠰᠢᠷ᠎ᠠ ᠯᠤᠤ ᠵᠢᠯ ᠦ᠋ᠨ ᠬᠠᠪᠤᠷ ᠦ᠋ᠨ ᠲᠡᠷᠢᠭᠦᠨ ᠰᠠᠷ᠎ᠠ  ᠳᠤ ᠳᠡᠯᠡᠬᠡᠢ ᠳ᠋ᠠᠬᠢᠨ  ᠳᠤ ᠵᠠᠷᠯᠢᠬ ᠪᠠᠭᠤᠯᠭᠠᠵᠤ ᠂ ᠮᠦᠨ ᠵᠢᠯ ᠊ᠢ ᡁᠢ ᠾᠧ ᠶ᠋ᠢᠨ ᠲᠡᠷᠢᠭᠦᠨ ᠣᠨ (1328 ᠣᠨ ) ᠬᠡᠮᠡᠨ ᠨᠡᠷᠡᠶ᠋ᠢᠤᠠᠪᠡ ᠃ ᠲᠣᠰ ᠵᠢᠯ ᠦ᠋ᠨ ᠭᠤᠷᠪᠠᠲᠤᠭᠠᠷ ᠰᠠᠷ᠎ᠠ  ᠳᠤ ᠡᠰᠡᠨᠲᠡᠮᠦᠷ ᠬᠠᠭᠠᠨ ᠲᠠᠶ᠋ᠢᠲᠦ ᠬᠣᠲᠠ ᠶ᠋ᠢᠨ ᠲᠡᠭᠦᠷᠭᠡ  ᠳᠤ ᠠᠪᠠᠯᠠᠷ᠎ᠠ ᠭᠠᠷᠤᠭᠠᠳ ᠬᠠᠯᠠᠭᠤᠨ ᠬᠦᠢᠲᠡᠨ ᠬᠠᠷᠰᠢᠵᠤ ᠪᠡᠶ᠎ᠡ ᠴᠢᠯᠡᠭᠡᠷᠡᠪᠡ ᠃ ᠲᠠᠪᠤᠲᠤᠭᠠᠷ ᠰᠠᠷ᠎ᠠ  ᠳᠤ ᠱᠠᠩᠲᠤ  ᠳᠤ ᠪᠤᠴᠠᠵᠤ ᠢᠷᠡᠭᠡᠳ ᠡᠪᠡᠤᠠᠴᠢᠨ ᠢᠨᠦ ᠤᠯᠠᠮ ᠬᠦᠨᠲᠦᠷᠡᠵᠦ ᠳᠣᠯᠤᠳᠤᠭᠠᠷ ᠰᠠᠷ᠎ᠠ  ᠳᠤ ᠨᠠᠰᠤ ᠶᠡᠭᠦᠤᠠᠴᠦᠬᠦᠢ ᠃ ᠭᠤᠴᠢᠨ ᠵᠢᠷᠭᠤᠭᠠᠨ ᠨᠠᠰᠤᠲᠠᠢ ᠪᠦᠯᠦᠭᠡ ᠃ ᠵᠡᠭᠦᠨ ᠭᠠᠷᠤᠨ ᠴᠢᠩᠰᠠᠩ ᠳ᠋ᠠᠤᠯᠠᠳ ᠱᠠᠭ ᠪᠠᠷ ᠲᠥᠷᠥᠯ ᠦ᠋ᠨ ᠨᠣᠶᠠᠨ ᠸᠠᠩ ᠴᠠᠨ ( ᠡᠰᠡᠨᠲᠡᠮᠦᠷ ᠬᠠᠭᠠᠨ ᠪ ᠳᠡᠭᠦᠦ ) ᠪ ᠳᠡᠮᠵᠢᠯᠭᠡ ᠲᠣᠣᠷ᠎ᠠ ᠬᠤᠸᠠᠩᠬᠡᠦ ᠪᠠᠪᠤᠬᠠᠨ ᠪᠣᠯᠤᠨ ᠬᠤᠩ ᠲᠠᠶ᠋ᠢᠽᠢ ᠷᠠᠵᠠᠪᠠᠭ ᠦ᠋ᠨ ᠨᠡᠷ᠎ᠡ ᠪᠡᠷ ᠵᠠᠷᠯᠢᠬ ᠨᠡᠶ᠋ᠢᠲᠡᠯᠡᠵᠦ ᠲᠠᠶ᠋ᠢᠲᠦ ᠬᠣᠲᠠ  ᠳᠤ ᠪᠠᠶ᠋ᠢᠬ᠋᠎ᠠ ᠫᠢᠩ ᠵᠠᠩ ᠵᠸᠩᠱ‍ᠢ ᠲᠦᠰᠢᠮᠡᠯ ᠠᠪᠲᠤᠯᠠ ᠶ᠋ᠢ ᠨᠡᠶ᠋ᠢᠰᠯᠡᠯ ᠦ᠋ᠨ ᠨᠣᠶᠠᠳ ᠲᠦᠰᠢᠮᠡᠳ ᠪᠣᠯᠤᠨ ᠠᠷᠠᠳ ᠢᠷᠭᠡᠳ ᠦ᠋ᠨ ᠰᠡᠤᠠᠬᠢᠯ ᠊ᠢ ᠲᠣᠬᠤᠷᠤᠭᠤᠯᠤᠨ ᠡᠯ᠎ᠡ ᠶᠠᠮᠤᠨ ᠪ ᠲᠠᠮᠠᠬ᠋᠎ᠠ ᠴᠠᠴᠤᠭ ᠰᠠᠯᠲᠠ ᠶ᠋ᠢ ᠬᠤᠷᠢᠶᠠᠠ ᠬᠠᠲᠠᠭᠠᠯᠠᠲᠤᠭᠠᠢ ᠬᠡᠮᠡᠨ ᠡᠯᠴᠢᠨ ᠢᠯᠡᠭᠡᠪᠡ ᠃
      ᠲᠠᠶ᠋ᠢᠲᠦ ᠬᠣᠲᠠ ᠶ᠋ᠢ ᠰᠠᠬᠢᠬᠴᠢ ᠲᠦᠰᠢᠮᠡᠯ ᠡᠯᠲᠡᠮᠦᠷ ᠪᠣᠯᠪᠠᠰᠤ ᠬᠠᠩᠯᠢᠨ ᠪ ᠲᠤᠭᠲᠤᠬ᠋᠎ᠠ ᠶ᠋ᠢᠨ ᠣᠮᠪᠤᠯᠤ ᠪᠦᠯᠦᠭᠡ ᠃ ᠲᠡᠷᠡ ᠠᠩᠬᠠᠨ  ᠳᠤ ᠪᠠᠨ ᠬᠠᠶ᠋ᠢᠱᠠᠨ ᠬᠥᠯᠥᠭ ᠬᠠᠭᠠᠨ ᠪ  ᠰᠢᠲᠡᠷ ᠬᠠᠮᠠᠭᠠᠯᠠᠭᠴᠢ ᠪᠠᠶ᠋ᠢᠵᠤ ᠠᠷᠪᠠᠭᠠᠳ ᠵᠢᠯ ᠣᠮᠠᠷᠠᠲᠦ ᠬᠢᠯᠢ ᠶ᠋ᠢ ᠰᠠᠬᠢᠵᠤ ᠲᠡᠭᠦᠨ ᠪ ᠢᠲᠡᠭᠡᠯ ᠬᠠᠶ᠋ᠢᠷ᠎ᠠ ᠶ᠋ᠢ ᠠᠨᠤ ᠭᠦᠨ ᠣᠯᠵᠠᠢ ᠃ ᠣᠲᠣ ᠬᠡᠲᠦᠶ᠋ᠢᠪᠡᠷ ᠡᠰᠡᠨᠲᠡᠮᠦᠷ ᠬᠠᠭᠠᠨ ᠪ ᠲᠦᠷᠦ ᠶ᠋ᠢᠨ ᠲᠦᠰᠢᠮᠡᠯ ᠪᠣᠯᠤᠭᠰᠠᠨ ᠴᠤ᠌ ᠬᠠᠭᠤᠴᠢᠨ ᠡᠵᠡᠨ ᠶ᠋ᠢᠡᠨ ᠶᠡᠷᠦ ᠮᠠᠷᠲᠠᠭᠰᠠᠨ ᠦᠭᠡᠢ ᠠᠵᠤᠭᠤ ᠃ ᠲᠡᠷᠡ ᠱᠠᠩᠲᠤ ᠬᠣᠲᠠ ᠶ᠋ᠢᠨ ᠵᠠᠷᠯᠢᠬ ᠊ᠢ ᠡᠰᠡᠷᠭᠦᠴᠡᠨ ᠰᠢ ᠠᠨ ᠸᠠᠩ ᠷᠠᠤᠠᠨᠠᠰᠢᠷᠢ ᠯᠤᠭᠡ ᠨᠡᠶ᠋ᠢᠯᠡᠵᠦ  ᠬᠠᠶ᠋ᠢᠱᠠᠨ ᠬᠥᠯᠥᠭ ᠬᠠᠭᠠᠨ ᠪ ᠬᠣᠶᠠᠲᠤᠭᠠᠷ ᠬᠥᠪᠡᠭᠦᠨ ᠬᠤᠸᠠᠢ ᠸᠠᠩ ᠲᠣᠭᠲᠡᠮᠦᠷ ᠊ᠢ ᠶᠡᠬᠡ ᠬᠠᠭᠠᠨ ᠪ ᠰᠠᠭᠤᠷᠢᠨ  ᠳᠤ ᠰᠠᠭᠤᠯᠭᠠᠬᠤ ᠪᠠᠷ ᠬᠤᠤᠪᠢᠯᠲᠤᠨ ᠨᠡᠯᠢᠶᠡᠳ ᠨᠣᠶᠠᠨ ᠊ᠢ ᠪᠡᠶ᠎ᠡ  ᠳᠤ ᠪᠡᠨ ᠲᠠᠲᠠᠵᠤ ᠴᠠᠭ ᠲᠣᠬᠢᠶᠠᠯ ᠊ᠢ ᠬᠦᠯᠢᠶᠡᠵᠦ ᠪᠠᠶ᠋ᠢᠯ᠎ᠠ ᠃
      ᠲᠡᠲᠦᠢ ᠳ᠋ᠤᠷ ᠱᠠᠩᠲᠤ ᠬᠣᠲᠠ ᠶ᠋ᠢᠨ ᠨᠣᠶᠠᠳ ᠲᠦᠰᠢᠮᠡᠳ ᠡᠰᠡᠨᠲᠡᠮᠦᠷ ᠬᠠᠭᠠᠨ ᠪ ᠭᠠᠰᠢᠭᠤᠲᠠᠯ ᠊ᠢ ᠭᠦᠢᠴᠡᠤᠠᠬᠡᠭᠡᠳ ᠪᠠᠪᠤᠬᠠᠨ ᠬᠠᠲᠤᠨ ᠂ ᠬᠣᠩ ᠲᠠᠶ᠋ᠢᠽᠢ ᠷᠠᠵᠠᠪᠠᠭ ᠦ᠋ᠨ ᠬᠠᠮᠲᠤ ᠳᠠᠶ᠋ᠢᠳᠤ  ᠳᠤ ᠣᠴᠢᠬᠤ ᠪᠠᠷ ᠪᠡᠯᠡᠤᠠᠬᠡᠵᠦ ᠪᠠᠶ᠋ᠢᠪᠠ ᠃ ᠠᠷᠬ᠋᠎ᠠ ᠤᠬᠠᠭᠠᠨ ᠶᠡᠬᠡᠲᠡᠢ ᠡᠯᠲᠡᠮᠦᠷ ᠠᠯᠢ ᠬᠡᠲᠤᠶ᠋ᠢᠨ ᠡᠨᠡ ᠮᠡᠲᠡᠭᠡ ᠶ᠋ᠢ ᠣᠯᠤᠭᠠᠳ ᠤᠬᠠᠭᠠᠨ ᠪ ᠳᠣᠲᠣᠷ᠎ᠠ ᠤᠬᠠᠭᠠᠨ  ᠬᠡᠷᠡᠭᠯᠡᠪᠡ ᠃ ᠲᠡᠷᠡ ᠪᠡᠷ ᠨᠠᠢ᠍ᠮᠠᠲᠤᠭᠠᠷ ᠰᠠᠷ᠎ᠠ ᠶ᠋ᠢᠨ ᠰᠢᠨ᠎ᠡ ᠶ᠋ᠢᠨ ᠳᠥᠷᠪᠡᠨ  ᠪ ᠥᠷᠯᠥᠭᠡ  ᠪᠢᠴᠢᠭ᠌ ᠴᠡᠷᠢᠭ ᠦ᠋ᠨ ᠲᠦᠰᠢᠮᠡᠳ ᠰᠢᠩ ᠱᠸᠩ ᠭᠥᠩ ᠣᠷᠲᠣᠨ  ᠳᠤ ᠴᠤᠭᠯᠠᠷᠠᠵᠤ ᠂ ᠫᠢᠩ ᠵᠠᠩ   ᠵᠸᠩᠱ᠌ᠢ ᠲᠦᠰᠢᠮᠡᠯ ᠠᠪᠲᠤᠯᠠ ᠠ᠋ᠴᠠ ᠬᠤᠸᠠᠩᠬᠡᠦ ᠪᠠᠪᠤᠬᠠᠨ ᠪᠣᠯᠤᠨ ᠬᠣᠩ ᠲᠠᠶ᠋ᠢᠽᠢ ᠷᠠᠵᠠᠪᠠᠭ ᠦ᠋ᠨ ᠵᠠᠷᠯᠢᠬ ᠊ᠢ ᠨᠡᠶ᠋ᠢᠲᠡᠯᠡᠬᠦ ᠭᠡᠵᠦ ᠪᠠᠶ᠋ᠢᠲᠠᠯ᠎ᠠ ᠡᠯᠲᠡᠮᠦᠷ ᠥᠪᠡᠷ ᠦ᠋ᠨ ᠬᠤᠷᠰᠢᠶ᠎ᠠ ᠨᠠᠮᠲᠠᠨ ᠠᠷᠪᠠᠨ ᠳᠣᠯᠣᠭᠠᠨ ᠪᠠᠭᠠᠲᠤᠷ ᠡᠷᠡᠴᠦᠳ ᠊ᠢ ᠳᠠᠶ᠋ᠢᠴᠢᠯᠠᠵᠤ ᠪᠢᠴᠢᠭ᠌ ᠴᠡᠷᠢᠭ ᠦ᠋ᠨ ᠣᠯᠠᠨ ᠲᠦᠰᠢᠮᠡᠯ ᠊ᠢ ᠪᠦᠰᠡᠯᠡᠨ ᠠᠪᠤᠭᠠᠳ ᠥᠨᠲᠥᠷ ᠳᠠᠭᠤᠨ ᠶ᠋ᠢᠠᠷ ᠥᠭᠦᠯᠡᠷᠦᠨ ᠄ 《  ᠬᠥᠯᠥᠭ ᠬᠠᠭᠠᠨ ᠪ ᠬᠣᠶᠠᠷ ᠬᠥᠪᠡᠭᠦᠨ  ᠳᠤ ᠳᠡᠯᠡᠬᠡᠢ ᠳ᠋ᠠᠬᠢᠨ ᠪ ᠲᠥᠪ ᠤᠲᠤᠮᠰᠢᠯ ᠊ᠢ ᠭᠡᠲᠡᠷᠭᠦ ᠲᠤᠰᠢᠶᠠᠪᠠᠰᠤ ᠵᠣᠬᠢᠮᠤᠢ ᠃ ᠠᠶᠤᠮᠰᠢᠬ ᠦᠭᠡᠢ ᠦᠯᠦ ᠳᠠᠭᠠᠭᠰᠠᠳ ᠊ᠢ ᠠᠯᠠᠮᠤᠢ 》 ᠬᠡᠮᠡᠭᠡᠳ ᠫᠢᠩ ᠵᠠᠩ ᠵᠸᠩᠱ᠌ᠢ ᠲᠦᠰᠢᠮᠡᠯ ᠠᠪᠲᠤᠯᠠ ᠵᠢᠴᠢ ᠵᠡᠭᠦᠨ  ᠭᠠᠷᠤᠨ ᠴᠢᠩᠰᠠᠩ ᠪᠠᠶᠠᠨᠴᠢᠷ ᠵᠡᠷᠭᠡ ᠠᠷᠪᠠᠨ ᠨᠣᠶᠠᠨ ᠊ᠢ ᠪᠠᠷᠢᠪᠴᠢᠯᠠᠵᠤ ᠭᠢᠨᠲᠠᠨ  ᠳᠤ ᠬᠣᠷᠢᠪᠠ ᠃
      ᠲᠡᠲᠦᠢ ᠳ᠋ᠤᠷ ᠬᠠᠶ᠋ᠢᠱᠠᠨ  ᠬᠥᠯᠥᠭ ᠬᠠᠭᠠᠨ ᠪ ᠠᠬᠠᠮᠠᠳ ᠬᠥᠪᠡᠭᠦᠨ ᠵᠸᠤ ᠸᠠᠩ  ᠬᠣᠱ᠌ᠢᠯᠠ ᠠᠯᠲᠠᠢ ᠣᠷᠴᠢᠮ ᠪᠠᠶ᠋ᠢᠬᠰᠠᠨ ᠲᠤᠯᠠ ᠲᠡᠷᠡ ᠳᠠᠷᠤᠢ  ᠳᠤ ᠪᠤᠴᠠᠵᠤ ᠢᠷᠡᠵᠦ ᠴᠢᠲᠠᠬᠤ ᠦᠭᠡᠢ ᠃ ᠡᠶ᠋ᠢᠨ ‍ᠬᠦ ᠡᠯᠲᠡᠮᠦᠷ  ᠪᠡᠷ ᠾᠸᠨᠠᠨ ᠬᠤᠪᠢᠶᠠᠷᠢ ᠮᠣᠵᠢ ᠶ᠋ᠢᠨ  ᠵᠥᠪᠯᠡᠭᠴᠢ  ᠮᠢᠩᠯᠢᠭ᠍ᠲᠤᠩᠭ᠎ᠠ ᠪᠣᠯᠤᠨ ᠵᠠᠰᠠᠭ ᠊ᠢ ᠳᠣᠭᠣᠯᠭᠠᠬᠤ ᠲᠦᠰᠢᠮᠡᠯ  ᠲᠠᠷᠮᠠᠰᠢᠷᠢ ᠶ᠋ᠢ ᠵᠢᠶᠠᠩᠯᠢᠩ ᠦ᠋ᠨ  ᠭᠠᠵᠠᠷ ᠠ᠋ᠴᠠ ᠬᠠᠶ᠋ᠢᠱᠠᠨ  ᠬᠥᠯᠥᠭ ᠬᠠᠭᠠᠨ ᠪ ᠬᠣᠶᠠᠲᠤᠭᠠᠷ ᠬᠥᠪᠡᠭᠦᠨ ᠬᠤᠸᠠᠢ ᠸᠠᠩ ᠲᠣᠭᠲᠡᠮᠦᠷ ᠊ᠢ ᠦᠤᠠᠲᠡᠷ ᠲᠣᠰᠴᠤ ᠠᠪᠴᠢᠷ᠎ᠠ ᠬᠡᠮᠡᠨ ᠵᠠᠷᠯᠠᠪᠠ ᠃ ᠡᠭᠦᠨ ᠪ ᠬᠠᠮᠲᠤ ᠾᠧᠨᠠᠨ ᠬᠤᠪᠢᠶᠠᠷᠢ ᠮᠣᠵᠢ ᠶ᠋ᠢᠨ ᠫᠢᠩ ᠵᠠᠩ ᠲᠦᠰᠢᠮᠡᠯ ᠪᠠᠶᠠᠨ  ᠳᠤ ᠨᠢᠭᠤᠴᠠ ᠮᠡᠲᠡᠭᠡ ᠬᠦᠷᠭᠡᠵᠦ ᠬᠤᠸᠠᠢ ᠸᠠᠩ ᠲᠣᠭᠲᠡᠮᠦᠷ  ᠊ᠢ  ᠴᠡᠷᠢᠭ ᠶ᠋ᠢᠡᠷ ᠬᠠᠮᠠᠭᠠᠯᠠᠨ ᠨᠡᠶ᠋ᠢᠰᠯᠡᠯ  ᠳᠤ ᠬᠦᠷᠭᠡᠵᠦ ᠢᠷ᠎ᠡ ᠬᠡᠮᠡᠪᠡ ᠃
       ᠪᠠᠶᠠᠨ ᠪᠣᠯ ᠮᠡᠷᠭᠢᠳ ᠠᠶ᠋ᠢᠮᠠᠭ ᠦ᠋ᠨ ᠬᠦᠮᠦᠨ ᠂ ᠮᠥᠨ  ᠴᠤ᠌ ᠬᠠᠶ᠋ᠢᠱᠠᠨ  ᠬᠥᠯᠥᠭ ᠬᠠᠭᠠᠨ ᠪ ᠬᠠᠭᠤᠴᠢᠨ ᠲᠦᠰᠢᠮᠡᠯ ᠪᠣᠯᠤᠮᠤᠢ ᠃ ᠲᠡᠷᠡ ᠠᠷᠪᠠᠨ ᠲᠠᠪᠤᠨ ᠨᠠᠰᠤᠨ ᠠ᠋ᠴᠠ ᠡᠬᠢᠯᠡᠭᠡᠳ ᠬᠠᠶ᠋ᠢᠱᠠᠨ ᠪ ᠣᠷᠲᠣᠨ  ᠳᠤ ᠢᠷᠡᠵᠦ ᠦᠢᠯᠡᠴᠢᠯᠡᠭᠰᠡᠨ ᠠᠵᠤᠭᠤ ᠃ ᠡᠲᠦᠭᠡ ᠡᠯᠲᠡᠮᠦᠷ   ᠦ᠋ᠨ ᠨᠢᠭᠤᠴᠠ ᠮᠡᠲᠡᠭᠡ ᠶ᠋ᠢ ᠣᠯᠤᠭᠠᠳ ᠄ 《 ᠡᠨᠡ ᠪᠣᠯᠪᠠᠰᠤ ᠡᠵᠡᠨ ᠪ ᠮᠢᠨᠢ ᠬᠥᠪᠡᠭᠦᠨ ᠪᠣᠯᠠᠢ   ᠃ ᠡᠷᠲᠡ ᠡᠲᠦᠷ  ᠬᠥᠯᠥᠭ ᠬᠠᠭᠠᠨ ᠪ ᠬᠦᠨᠲᠦ  ᠬᠡᠰᠢᠭ ᠬᠦᠷᠲᠡᠵᠦ ᠡᠨᠡ ‍ᠬᠦ ᠡᠷᠬᠢᠮ ᠵᠡᠷᠭᠡ  ᠳᠤ  ᠬᠦᠷᠦᠭᠰᠡᠨ ᠪᠣᠢ ᠊ᠶ᠎ᠠ ᠃ ᠡᠲᠦᠭᠡ ᠪᠢ ᠬᠠᠵᠠᠭᠤ ᠠ᠋ᠴᠠ ᠬᠠᠷᠠᠵᠤ ᠬᠡᠷᠬᠢᠨ ᠪᠣᠯᠤᠮᠤᠢ ! 》 ᠬᠡᠮᠡᠭᠡᠳ ᠡᠯᠲᠡᠮᠦᠷ ᠲᠦ ᠬᠠᠷᠢᠭᠤ ᠠᠶ᠋ᠢᠯᠠᠤᠠᠬᠠᠷᠤᠨ ᠄ 《 ᠴᠢ ᠪᠡᠷ ᠨᠡᠶ᠋ᠢᠰᠯᠡᠯ ᠬᠣᠲᠠ ᠶ᠋ᠢᠨ  ᠬᠡᠷᠡᠭ ᠊ᠢ ᠰᠠᠶ᠋ᠢᠲᠤᠷ ᠬᠠᠮᠢᠶᠠᠷᠴᠤ ᠪᠠᠶ᠋ᠢᠬᠲᠤᠨ ᠂ ᠪᠢ ᠪᠡᠷ ᠾᠧᠨᠠᠨ ᠠ᠋ᠴᠠ ᠲᠤᠰᠠᠯᠠᠰᠤᠭᠠᠢ   》 ᠬᠡᠮᠡᠪᠡ ᠃
      ᠲᠡᠨᠲᠡᠴᠡ ᠮᠢᠩᠯᠢᠭ᠌ᠲᠤᠩᠭ᠎ᠠ   ᠪᠡᠷ ᠵᠢᠶᠠᠩᠯᠢᠩ ᠳ᠋ᠤᠷ ᠢᠷᠡᠭᠡᠳ ᠳᠠᠶ᠋ᠢᠲᠦ ᠬᠣᠲᠠ ᠶ᠋ᠢᠨ ᠪᠠᠴᠢᠮ  ᠪᠠᠶ᠋ᠢᠲᠠᠯ ᠊ᠢ ᠠᠶ᠋ᠢᠯᠠᠤᠠᠬᠠᠨ ᠡᠯᠲᠡᠮᠦᠷ   ᠦ᠋ᠨ ᠰᠠᠨᠠᠬ᠋᠎ᠠ ᠶ᠋ᠢ ᠤᠯᠠᠮᠵᠢᠯᠠᠭᠰᠠᠨ᠎ᠠ   ᠬᠤᠸᠠᠢ ᠸᠠᠩ ᠲᠣᠭᠲᠡᠮᠦᠷ ᠶᠡᠬᠡᠲᠡ ᠪᠠᠶᠠᠷᠯᠠᠵᠤ ᠳᠠᠷᠠᠬ᠋᠎ᠠ ᠡᠲᠦᠷ ᠨᠢ ᠳᠠᠶ᠋ᠢᠳᠤ ᠵᠦᠭ ᠮᠣᠷᠲᠠᠵᠤ ᠾᠧᠨᠠᠨ ᠶ᠋ᠢᠠᠷ ᠥᠩᠭᠡᠷᠡᠬᠦᠶ᠎ᠡ ᠪᠠᠶᠠᠨ ᠬᠤᠶᠠᠭᠲᠤ  ᠴᠡᠷᠢᠭ ᠊ᠢ ᠵᠠᠬᠢᠷᠤᠨ ᠲᠣᠭᠲᠡᠮᠦᠷ ᠊ᠢ ᠲᠣᠰᠴᠤ ᠠᠪᠤᠭᠠᠳ ᠨᠡᠶ᠋ᠢᠰᠯᠡᠯ ᠬᠣᠲᠠᠨ  ᠳᠤ ᠬᠦᠷᠭᠡᠪᠡ ᠃
       ᠬᠤᠸᠠᠢ ᠸᠠᠩ ᠲᠣᠭᠲᠡᠮᠦᠷ  ᠲᠥᠷᠥᠭᠰᠡᠨ ᠡᠴᠡ ᠠᠪᠤᠭᠠᠳ ᠣᠲᠣ ᠪᠣᠯᠲᠠᠯ᠎ᠠ ᠲᠣᠭᠲᠠᠭᠤᠨ ᠪᠤᠰᠤ  ᠴᠦᠯᠡᠭᠳᠡᠯ ᠠᠮᠢᠲᠤᠷᠠᠯ ᠊ᠢ ᠥᠩᠭᠡᠷᠡᠭᠦᠯᠦᠭᠰᠡᠭᠡᠷ ᠢᠷᠡᠭᠰᠡᠨ ᠲᠤᠯᠠ ᠬᠠᠭᠠᠨ ᠣᠷᠣ  ᠳᠤ ᠰᠠᠭᠤᠬᠤ ᠶ᠋ᠢ ᠬᠡᠨ ᠡᠴᠡ  ᠴᠤ᠌ ᠢᠯᠡᠭᠦᠦ ᠬᠦᠰᠡᠬᠦ ᠨᠢ ᠳᠠᠮᠵᠢᠬ ᠦᠭᠡᠢ ᠃ ᠭᠡᠪᠡᠴᠦ ᠭᠣᠪᠢ ᠶ᠋ᠢᠨ ᠤᠮᠠᠷ᠎ᠠ  ᠳᠤ ᠳᠠᠷᠤᠨ ᠰᠠᠭᠤᠭᠰᠠᠨ ᠴᠡᠷᠢᠭ ᠦ᠋ᠨ ᠡᠷᠬᠡ ᠲᠡᠢ ᠬᠤᠱ᠌ᠢᠯᠠ ᠠᠬ᠎ᠠ ᠪᠠᠨ ᠪᠣᠲᠣᠪᠠᠰᠤ ᠵᠢᠷᠦᠬᠡ ᠰᠡᠤᠠᠬᠢᠯ ᠢᠨᠦ ᠳᠣᠯᠭᠢᠰᠤᠮᠤᠢ ᠃ ᠲᠡᠷᠡ ᠪᠡᠷ ᠡᠯᠲᠡᠮᠦᠷ ᠲᠡᠢ  ᠠᠭᠤᠯᠵᠠᠭᠠᠳ ᠲᠦᠯᠭᠡᠵᠦ ᠥᠭᠦᠯᠡᠷᠦᠨ ᠄ 《 ᠮᠢᠨᠦ ᠠᠬ᠎ᠠ ᠬᠤᠱ᠌ᠢᠯᠠ ᠤᠮᠠᠷᠠᠲᠤ ᠭᠠᠵᠠᠷ ᠪᠣᠢ ᠂ ᠠᠬ᠎ᠠ ᠶ᠋ᠢᠨ ᠡᠷᠲᠡᠮ ᠊ᠢ ᠪᠣᠲᠣᠪᠠᠰᠤ ᠵᠦᠢ ᠢᠨᠦ ᠶᠡᠬᠡ ᠰᠠᠭᠤᠷᠢᠨ ᠳ᠋ᠤᠷ ᠰᠠᠭᠤᠬᠤ ᠶᠣᠰᠣᠲᠠᠢ ᠪᠥᠭᠡᠲᠡᠯ᠎ᠡ ᠪᠢ ᠬᠡᠷᠬᠢᠵᠦ ᠠᠶᠤᠮᠰᠢᠬ ᠦᠭᠡᠢ ᠲᠩᠷᠢ ᠶ᠋ᠢᠨ ᠵᠦᠢ ᠶ᠋ᠢ ᠰᠠᠮᠠᠭᠤᠷᠠᠭᠤᠯᠤᠮᠤᠢ ? 》 ᠬᠡᠮᠡᠪᠡ ᠃

       ᠡᠯᠲᠡᠮᠦᠷ ᠥᠭᠦᠯᠡᠷᠦᠨ ᠄ 《 ᠬᠦᠮᠦᠨ ᠪ ᠰᠡᠤᠠᠬᠢᠯ ᠦ᠋ᠨ ᠬᠠᠨᠲᠤᠰᠢ ᠡᠰᠡᠷᠭᠦ ᠲᠡᠰᠡᠷᠭᠦ ᠲᠤᠯᠠ ᠬᠢᠯᠭᠠᠰᠤᠨ ᠲᠡᠲᠦᠢ ᠴᠢᠯᠥᠭᠡ ᠦᠭᠡᠢ ᠂ ᠬᠡᠷᠪᠡᠲᠡ ᠨᠢᠭᠡᠨᠲᠡ ᠠᠯᠲᠠᠪᠠᠰᠤ ᠭᠡᠮᠰᠢᠪᠡᠴᠦ ᠣᠷᠣᠶ᠋ᠢᠲᠠᠮᠤᠢ  ᠊ᠶ᠎ᠠ 》 ᠬᠡᠮᠡᠬᠦᠢ ᠳ᠋ᠤᠷ ᠬᠤᠸᠠᠢ ᠸᠠᠩ ᠲᠣᠭᠲᠡᠮᠦᠷ ᠥᠭᠦᠯᠡᠷᠦᠨ ᠄ 《 ᠬᠡᠷᠬᠢᠪᠡᠴᠦ ᠬᠦᠯᠢᠶᠡᠵᠦ ᠡᠰᠡ ᠪᠣᠯᠬᠤ ᠬᠡᠮᠡᠪᠡᠰᠦ ᠮᠢᠨᠦ ᠰᠠᠨᠠᠭᠠᠨ ᠊ᠢ ᠨᠡᠶ᠋ᠢᠲᠡ ᠳ᠋ᠤᠷ ᠵᠠᠷᠯᠠᠨ ᠤᠬᠠᠭᠤᠯ 》 ᠬᠡᠮᠡᠭᠡᠳ ᠶᠢᠰᠦᠨ ᠰᠠᠷ᠎ᠠ ᠶ᠋ᠢᠨ ᠨᠢᠭᠡᠨ ᠪ ᠡᠲᠦᠷ ᠬᠠᠭᠠᠨ ᠰᠠᠭᠤᠷᠢᠨ  ᠳᠤ ᠰᠠᠭᠤᠪᠠ ᠃ ᠮᠣᠩᠭᠣᠯ ᠶ᠋ᠢᠠᠷ ᠵᠠᠶᠠᠭᠠᠲᠤ ᠬᠠᠭᠠᠨ ᠬᠡᠮᠡᠮᠦᠢ ᠃ ᠣᠨ ᠪ ᠴᠣᠯᠠ ᠶ᠋ᠢ ᠲᠢᠶᠠᠨ ᠯᠢ ᠶ᠋ᠢᠨ ᠲᠡᠷᠢᠭᠦᠨ ᠣᠨ (1328 ᠣᠨ ) ᠬᠡᠮᠡᠵᠦᠬᠦᠢ ᠃
     ᠲᠣᠭᠲᠡᠮᠦᠷ ᠵᠠᠶᠠᠭᠠᠲᠤ ᠬᠠᠭᠠᠨ ᠳᠠᠶ᠋ᠢᠳᠤ  ᠳᠤ ᠰᠠᠭᠤᠷᠢᠨ᠎ᠠ ᠰᠠᠭᠤᠭᠰᠠᠨ ᠲᠡᠷᠡ ᠴᠠᠭ ᠲᠤ ᠱᠠᠩᠲᠤ ᠬᠣᠲᠠᠨ᠎ᠠ ᠳ᠋ᠠᠤᠯᠠᠳ ᠱᠠᠭ ᠪᠣᠯᠤᠨ ᠯᠢᠶᠠᠩ ᠸᠠᠩ ᠸᠠᠩ ᠴᠡᠨ ᠨᠠᠷ ᠪᠠᠰᠠ ᠬᠤᠩ ᠲᠠᠶ᠋ᠢᠽᠢ ᠷᠠᠵᠠᠪᠠᠭ ᠊ᠢ ᠬᠠᠭᠠᠨ ᠡᠷᠭᠦᠮᠵᠢᠯᠡᠵᠦ ᠣᠨ ᠪ ᠴᠣᠯᠠ ᠶ᠋ᠢ ᠲᠢᠶᠠᠨ ᠱᠦᠨ ᠬᠡᠮᠡᠪᠡ ᠃ ᠡᠶ᠋ᠢᠨ ‍ᠬᠦ ᠳᠠᠶ᠋ᠢᠳᠤ ᠪᠣᠯᠤᠨ ᠱᠠᠩᠲᠤ  ᠳᠤ  ᠬᠣᠶᠠᠷ ᠬᠠᠭᠠᠨ ᠊ᠢ ᠵᠡᠷᠭᠡ ᠪᠡᠷ ᠪᠠᠶ᠋ᠢᠭᠤᠯᠤᠭᠰᠠᠨ ᠤᠴᠢᠷ ᠡᠭᠦᠰᠴᠦᠬᠦᠢ ᠃
      ᠲᠩᠷᠢ ᠳᠡᠭᠡᠷ᠎ᠡ ᠶᠠᠭᠠᠬᠢᠨ ᠬᠣᠶᠠᠷ  ᠨᠠᠷᠠᠨ ᠪᠠᠶ᠋ᠢᠵᠤ ᠪᠣᠯᠬᠤ ᠠᠵᠢ ᠃ ᠳ᠋ᠠᠤᠯᠠᠳ ᠱᠠᠭ ᠵᠢᠩᠬᠢᠨᠢ ᠬᠠᠭᠠᠨ ᠲᠥᠷᠥ ᠶ᠋ᠢ ᠲᠥᠯᠥᠭᠡᠯᠡᠨ ᠴᠡᠷᠢᠭ ᠲᠣᠮᠢᠯᠠᠨ ᠳᠠᠶ᠋ᠢᠳᠤ ᠬᠣᠲᠠ ᠶ᠋ᠢ ᠳᠠᠶ᠋ᠢᠯᠠᠪᠠ ᠃ ᠡᠯᠲᠡᠮᠦᠷ  ᠴᠡᠷᠢᠭ ᠵᠠᠬᠢᠷᠤᠨ ᠤᠭᠲᠤᠨ ᠪᠠᠶ᠋ᠢᠯᠲᠤᠪᠠ ᠃ ᠡᠨᠡ ᠪᠣᠯ ᡁᠢ ᠾᠧ ᠶ᠋ᠢᠨ ᠲᠡᠷᠢᠭᠦᠨ ᠣᠨ ᠪ ᠶᠢᠰᠦᠨ ᠰᠠᠷ᠎ᠠ  ᠳᠤ ᠪᠣᠯᠤᠭᠰᠠᠨ ᠬᠣᠶᠠᠷ ᠡᠵᠡᠨ ᠪ ᠬᠠᠭᠠᠨ ᠣᠷᠣ ᠪᠤᠯᠢᠶᠠᠯᠲᠤᠭᠰᠠᠨ ᠳᠠᠶ᠋ᠢᠨ ᠪᠣᠯᠤᠮᠤᠢ ᠃ ᠲᠡᠦᠬᠡᠨ᠎ᠡ ᠪᠠᠰᠠ 《 ᠬᠣᠶᠠᠷ ᠨᠡᠶ᠋ᠢᠰᠯᠡᠯ ᠦ᠋ᠨ ᠲᠤᠯᠤᠯᠲᠤᠭᠠᠨ 》  ᠭᠡᠳᠡᠭ ᠃
       ᠡᠯᠲᠡᠮᠦᠷ ᠂ ᠳᠡᠭᠦᠦ ᠰᠠᠲᠤᠨ ᠪᠣᠯᠤᠨ ᠬᠥᠪᠡᠭᠦᠨ ᠲᠠᠩᠭᠢᠰ ᠨᠠᠷ ᠦ᠋ᠨ ᠬᠠᠮᠲᠤ  ᠴᠡᠷᠢᠭ ᠶ᠋ᠢᠡᠨ ᠵᠠᠬᠢᠷᠴᠤ ᠱᠠᠩᠲᠤ ᠠ᠋ᠴᠠ ᠳᠠᠶ᠋ᠢᠯᠠᠷ᠎ᠠ ᠢᠷᠡᠬ᠋ᠰᠡᠨ ᠲᠢᠶᠠᠨ ᠱᠦᠨ ᠳ᠋ᠢ ᠷᠠᠵᠠᠪᠠᠭ ᠬᠠᠭᠠᠨ ᠪ  ᠴᠡᠷᠢᠭ ᠲᠡᠢ ᠦᠬᠦᠵᠦ ᠰᠡᠬᠡᠬᠦ ᠶ᠋ᠢᠨ ᠪᠠᠶ᠋ᠢᠯᠲᠤᠭᠠᠨ ᠬᠢᠵᠦ ᠪᠠᠶ᠋ᠢᠬᠰᠠᠨ ᠵᠠᠩᠭᠢᠯᠠᠬ᠋᠎ᠠ ᠶ᠋ᠢᠨ ᠦᠶ᠎ᠡ  ᠳᠤ ᠂ ᠵᠡᠭᠦᠨ ᠬᠣᠶ᠋ᠢᠲᠤ ᠣᠷᠣᠨ  ᠳᠤ ᠳᠠᠷᠤᠨ ᠰᠠᠭᠤᠭᠰᠠᠨ ᠮᠣᠩᠭᠣᠯ  ᠴᠡᠷᠢᠭ ᠦ᠋ᠨ ᠶᠤᠸᠠᠨᠱᠤᠸᠠᠢ ᠪᠦᠬᠡᠲᠡᠮᠦᠷ ( ᠡᠯᠲᠡᠮᠦᠷ ᠦ᠋ᠨ ᠠᠪᠠᠬ᠋᠎ᠠ ) ᠪᠣᠯᠤᠨ ᠴᠢ ᠸᠠᠩ  ᠥᠷᠯᠥᠭ ᠪᠤᠬ᠎ᠠ ᠶ᠋ᠢᠨ  ᠴᠡᠷᠢᠭ ᠱᠠᠩᠲᠤ ᠬᠣᠲᠠ ᠶ᠋ᠢᠨ ᠰᠡᠷᠭᠡᠶ᠋ᠢᠯᠡᠯᠲᠡ ᠬᠣᠭᠣᠰᠣᠨ ᠪᠣᠯᠤᠭᠰᠠᠨ ᠵᠠᠪᠰᠢᠶᠠᠨ ᠊ᠢ ᠳᠠᠯᠢᠮᠳᠠᠭᠤᠯᠵᠤ ᠂ ᠠᠷᠪᠠᠨ ᠰᠠᠷ᠎ᠠ ᠶ᠋ᠢᠨ ᠠᠷᠪᠠᠨ ᠭᠤᠷᠪᠠᠨ ᠪ ᠡᠲᠦᠷ ᠭᠡᠨᠡᠤᠠᠲᠡ ᠳᠠᠭᠠᠷᠢᠨ ᠴᠣᠬᠢᠪᠠ ᠃ ᠱᠠᠩᠲᠤ ᠬᠣᠲᠠ ᠶ᠋ᠢ ᠰᠠᠬᠢᠨ ᠰᠠᠭᠤᠭᠰᠠᠨ ᠳ᠋ᠠᠤᠯᠠᠳ ᠱᠠᠭ ᠨᠠᠷ  ᠴᠡᠷᠢᠭ ᠦ᠋ᠨ ᠬᠦᠴᠦᠨ  ᠮᠡᠬᠦᠰᠲᠡᠭᠡᠳ ᠬᠣᠷᠢᠬᠯᠠᠵᠤ ᠳᠡᠶ᠋ᠢᠯᠬᠦ ᠦᠭᠡᠢ ᠪᠣᠯᠵᠠᠢ ᠃ ᠡᠶ᠋ᠢᠨ ‍ᠬᠦ ᠳ᠋ᠠᠣᠯᠠᠳ ᠱᠠᠬ ᠠᠷᠪᠠᠨ ᠳᠥᠷᠪᠡᠨ ᠪ ᠡᠲᠦᠷ ᠳᠡᠭᠡᠳᠦ ᠪᠡᠶ᠎ᠡ ᠶ᠋ᠢ ᠨᠢᠴᠦᠭᠦᠯᠡᠨ ( ᠪᠡᠶ᠎ᠡ ᠨᠢᠴᠦᠬᠦᠯᠡᠬᠦ ᠨᠢ ᠶᠠᠯ᠎ᠠ ᠬᠦᠯᠢᠶᠡᠬᠦ ᠶ᠋ᠢᠨ  ᠲᠡᠮᠲᠡᠭ ᠪᠤᠶᠤ ) ᠬᠠᠭᠠᠨ ᠪ ᠬᠠᠰ ᠲᠠᠮᠠᠬ᠋᠎ᠠ ᠶ᠋ᠢ ᠲᠡᠪᠡᠷᠢᠭᠡᠳ  ᠪᠢᠴᠢᠭ᠌  ᠴᠡᠷᠢᠭ ᠦ᠋ᠨ ᠲᠦᠰᠢᠮᠡᠳ ᠊ᠢ ᠳᠠᠭᠠᠭᠤᠯᠤᠨ ᠪᠠᠭᠤᠵᠤ  ᠥᠭᠴᠡᠢ ᠃ ᠰᠠᠶᠢᠬᠠᠨ ᠬᠠᠭᠠᠨ ᠰᠠᠭᠤᠷᠢᠨ  ᠳᠤ ᠰᠠᠭᠤᠭᠠᠳ ᠬᠣᠶᠠᠷ ᠰᠠᠷ᠎ᠠ ᠪᠣᠯᠤᠭᠰᠠᠨ ᠶᠢᠰᠦᠨ ᠨᠠᠰᠤᠲᠠᠢ ᠲᠢᠶᠠᠨ ᠱᠦᠨ ᠳ᠋ᠢ ᠬᠠᠭᠠᠨ ᠷᠠᠵᠠᠪᠠᠬ ᠮᠥᠷ ᠰᠤᠷᠠᠭ ᠦᠭᠡᠢ ᠪᠣᠯᠪᠠ ᠃ ᠠᠷᠪᠠᠨ ᠰᠠᠷ᠎ᠠ ᠶ᠋ᠢᠨ ᠬᠣᠷᠢᠨ ᠨᠢᠭᠡᠨ ᠪ ᠡᠲᠦᠷ ᠂ ᠲᠣᠬᠲᠡᠮᠦᠷ ᠵᠠᠶᠠᠭᠠᠲᠤ ᠬᠠᠭᠠᠨ ᠰᠢᠩ ᠱᠸᠩ ᠭᠦᠩ ᠣᠷᠲᠤᠨ  ᠳᠤ ᠰᠠᠭᠠᠲᠠᠵᠤ ᠂ ᠴᠢ ᠸᠠᠩ  ᠥᠷᠯᠥᠭ ᠪᠤᠬ᠎ᠠ ᠲᠠᠨ ᠶᠡᠬᠡ ᠬᠠᠭᠠᠨ ᠪ ᠬᠠᠰ ᠲᠠᠮᠠᠬ᠋᠎ᠠ ᠶ᠋ᠢ ᠡᠷᠭᠦᠪᠡ ᠃ ᠳ᠋ᠠᠣᠯᠠᠳ ᠱᠠᠬ ᠲᠡᠷᠢᠭᠦᠲᠡᠢ ᠱᠠᠩᠲᠤ ᠬᠣᠲᠠ ᠶ᠋ᠢᠨ  ᠪᠢᠴᠢᠭ᠌ ᠴᠡᠷᠢᠭ ᠦ᠋ᠨ ᠲᠦᠰᠢᠮᠡᠳ ᠊ᠢ ᠳᠠᠶ᠋ᠢᠳᠤ  ᠳᠤ ᠳᠠᠷᠤᠵᠤ ᠠᠪᠴᠢᠷᠠᠭᠠᠳ ᠠᠯᠠᠬᠤ ᠶ᠋ᠢ ᠨᠢ ᠠᠯᠠᠵᠤ ᠴᠦᠯᠡᠬᠦ ᠶ᠋ᠢ ᠨᠢ ᠴᠦᠯᠡᠪᠡ ᠃  ᠬᠡᠷᠡᠭ ᠦ᠋ᠨ ᠡᠵᠡᠨ ᠳ᠋ᠠᠣᠯᠠᠳ ᠱᠠᠬ ᠊ᠢ ᠮᠥᠴᠢᠯᠡᠨ ᠠᠯᠠᠵᠤ ᠵᠡᠭᠡᠯᠢ  ᠳᠤ ᠬᠠᠶᠠᠪᠠ ᠃ ᠲᠥᠷᠥᠯ ᠦ᠋ᠨ ᠨᠣᠶᠠᠨ ᠯᠢᠶᠠᠩ ᠸᠠᠩ ᠸᠠᠩ ᠴᠠᠨ ᠊ᠢ ᠴᠢᠰᠤ ᠭᠠᠷᠭᠠᠯ ᠦᠭᠡᠢ ᠪᠡᠷ  ᠨᠥᠭᠴᠢᠭᠦᠯᠪᠡ ᠃
      ᠲᠣᠬᠲᠡᠮᠦᠷ ᠵᠠᠶᠠᠭᠠᠲᠤ ᠬᠠᠭᠠᠨ ᠪᠠᠷ ᠳ᠋ᠠᠣᠯᠠᠳ ᠱᠠᠬ ᠂ ᠯᠢᠶᠠᠩ ᠸᠠᠩ ᠸᠠᠩ ᠴᠠᠨ ᠲᠦᠷᠦᠭᠦᠲᠠᠢ ᠱᠠᠩᠲᠤ ᠬᠣᠲᠠ ᠶ᠋ᠢᠨ  ᠪᠢᠴᠢᠭ᠌ ᠴᠡᠷᠢᠭ ᠦ᠋ᠨ ᠲᠦᠰᠢᠮᠡᠳ ᠊ᠢ ᠬᠠᠷᠬᠢᠰ ᠬᠡᠷᠴᠡᠭᠡᠢ ᠪᠡᠷ ᠳᠠᠷᠤᠩᠭᠤᠶ᠋ᠢᠯᠠᠵᠠᠢ ᠃ ᠲᠡᠭᠦᠨ ᠊ᠢ ᠬᠦᠷᠢᠶᠡᠯᠡᠨ ᠶᠡᠬᠡ ᠬᠠᠭᠠᠨ ᠪ ᠰᠠᠭᠤᠷᠢᠨ  ᠳᠤ ᠭᠠᠷᠭᠠᠭᠰᠠᠨ ᠡᠯᠲᠡᠮᠦᠷ ᠂ ᠪᠠᠶᠠᠨ ᠲᠦᠷᠦᠭᠦᠲᠠᠢ ᠳᠠᠶ᠋ᠢᠳᠤ ᠬᠣᠲᠠ ᠶ᠋ᠢᠨ  ᠪᠢᠴᠢᠭ᠌ ᠴᠡᠷᠢᠭ ᠦ᠋ᠨ ᠲᠦᠰᠢᠮᠡᠳ ᠊ᠢ ᠪᠣᠯ ᠭᠠᠪᠢᠶ᠎ᠠ  ᠲᠡᠮᠲᠡᠭᠯᠡᠨ ᠬᠦᠨᠲᠦ ᠪᠡᠷ ᠱᠠᠩᠨᠠᠪᠠ ᠃ ᠡᠨᠲᠡ ᠡᠯᠲᠡᠮᠦᠷ ᠊ᠢ ᠲᠠᠢ ᠫᠢᠩ ᠸᠠᠩ ᠡᠷᠭᠦᠮᠵᠢᠯᠡᠵᠦ ᠂ ᠲᠥᠪ  ᠪᠢᠴᠢᠭ᠌ ᠦ᠋ᠨ ᠮᠣᠵᠢ ᠶ᠋ᠢᠨ ᠪᠠᠷᠠᠭᠤᠨ ᠭᠠᠷᠤᠨ ᠴᠢᠩᠰᠠᠩ ᠂  ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠦ᠋ᠨ ᠵᠠᠬᠢᠷᠤᠭᠴᠢ ᠲᠦᠰᠢᠮᠡᠯ ᠪᠣᠯᠭᠠᠭᠠᠳ ᠳᠠᠷᠬᠠᠨ ᠴᠣᠯᠠ ᠨᠡᠮᠡᠵᠦ ᠰᠣᠶᠣᠷᠬᠠᠪᠠ ᠃ ᠪᠠᠶᠠᠨ ᠊ᠢ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ  ᠶ᠋ᠢᠨ ᠳ᠋ᠠᠶ᠋ᠢᠹᠦ᠋ ᠲᠦᠰᠢᠮᠡᠯ ᠪᠣᠯᠭᠠᠵᠤ ᠰᠢᠲᠠᠷ ᠬᠠᠮᠠᠭᠠᠯᠠᠬᠤ  ᠴᠡᠷᠢᠭ ᠊ᠢ ᠵᠠᠬᠢᠷᠤᠭᠤᠯᠪᠠ ᠃
      ᠨᠢᠭᠡᠨ ᠡᠲᠦᠷ ᠲᠣᠬᠲᠡᠮᠦᠷ ᠵᠠᠶᠠᠭᠠᠲᠤ ᠬᠠᠭᠠᠨ ᠪᠠᠷ ᠲᠠᠢ ᠫᠢᠩ ᠸᠠᠩ ᠡᠯᠲᠡᠮᠦᠷ ᠊ᠢ ᠣᠷᠲᠤᠨ  ᠳᠤ ᠪᠠᠨ ᠳᠠᠭᠤᠳᠠᠨ ᠠᠪᠴᠢᠷᠠᠭᠠᠳ ᠥᠭᠦᠯᠡᠷᠦᠨ ᠄ 《 ᠱᠠᠩᠲᠤ ᠶ᠋ᠢᠨ  ᠬᠡᠷᠡᠭ ᠬᠤᠪᠢᠰᠤᠯ ᠊ᠢ  ᠲᠥᠪᠰᠢᠳᠬᠡᠭᠰᠡᠨ ᠢᠨᠤ ᠪᠦᠷ ᠡᠷᠬᠢᠮ ᠰᠠᠶ᠋ᠢᠳ ᠴᠢᠨᠦ ᠭᠠᠪᠢᠶ᠎ᠠ ᠪᠣᠯᠠᠢ ᠃ ᠥᠨᠥᠲᠥᠷ ᠮᠡᠬᠦᠰ ᠪᠢ ᠡᠨᠡ ᠡᠷᠬᠢᠮ  ᠰᠠᠭᠤᠷᠢᠨ᠎ᠠ ᠰᠠᠭᠤᠭᠰᠠᠨ ᠤᠬ ᠰᠠᠨᠠᠬ᠋᠎ᠠ ᠪᠣᠯᠪᠠᠰᠤ ᠰᠠᠭᠤᠷᠢᠨ ᠊ᠢ ᠤᠮᠠᠷ᠎ᠠ ᠬᠢᠯᠢ ᠶ᠋ᠢ ᠳᠠᠷᠤᠨ ᠰᠠᠭᠤᠭᠰᠠᠨ ᠠᠬ᠎ᠠ ᠬᠤᠱᠢᠯᠠ ᠳ᠋ᠤᠷ ᠨᠠᠶ᠋ᠢᠷ ᠲᠠᠯᠪᠢᠬᠤᠢ ᠣᠴᠢᠷ᠎ᠠ ᠪᠤᠶᠤ ᠃ ᠡᠲᠦᠭᠡ ᠮᠡᠷᠭᠡᠨ ᠰᠠᠶ᠋ᠢᠳ ᠲᠠᠨ ᠊ᠢ ᠤᠷᠢᠵᠤ ᠲᠤᠰ  ᠬᠡᠷᠡᠭ ᠊ᠢ ᠵᠥᠪᠲᠡᠰᠦᠭᠡᠢ 》 ᠬᠡᠮᠡᠮᠦ ᠃
      ᠡᠯᠲᠡᠮᠦᠷ ᠥᠭᠦᠯᠡᠷᠦᠨ ᠄ 《 ᠡᠵᠡᠨ ᠲᠠᠨ ᠢᠩᠬᠢᠬᠦ  ᠬᠡᠷᠡᠭ ᠦᠭᠡᠢ ᠃ ᠡᠷᠲᠡᠨ ᠡᠴᠡ ᠠᠪᠤᠭᠠᠳ ᠬᠠᠭᠠᠨ ᠰᠠᠭᠤᠷᠢᠨ ᠊ᠢ  ᠡᠵᠡᠯᠡᠭᠰᠡᠳ ᠭᠠᠭᠴᠠ ‍ᠬᠦ ᠠᠬᠠᠮᠠᠳ ᠬᠥᠪᠡᠭᠦᠨ ᠪᠤᠰᠤ ᠃ ᠲᠠ ᠬᠣᠶᠠᠷ ᠪᠦᠷ  ᠬᠥᠯᠥᠭ ᠬᠠᠭᠠᠨ ᠪ  ᠲᠥᠷᠥᠭᠰᠡᠨ ᠬᠥᠪᠡᠭᠦᠨ ᠪᠥᠯᠥᠭᠡ ᠃ ᠵᠸᠦ ᠸᠠᠩ ᠠᠬᠠᠮᠠᠳ ᠭᠡᠬᠦᠯ᠎ᠡ ᠡᠵᠡᠨ ᠲᠠᠨ ᠭᠠᠪᠢᠶ᠎ᠠ ᠶᠡᠬᠡᠲᠡᠨ ᠲᠤᠯᠠ ᠠᠯᠢ ᠠᠨᠤ ᠰᠠᠭᠤᠷᠢᠨ ᠊ᠢ  ᠡᠵᠡᠯᠡᠭᠰᠡᠨ ᠴᠤ᠌  ᠪᠦᠷ  ᠶᠣᠰᠤᠨ᠎ᠠ ᠨᠡᠶ᠋ᠢᠴᠡᠮᠦᠢ ᠃ 》
      ᠲᠣᠬᠲᠡᠮᠦᠷ ᠵᠠᠶᠠᠭᠠᠲᠤ ᠬᠠᠭᠠᠨ ᠪᠠᠬᠠᠨ ᠪᠣᠲᠣᠯᠬᠢᠯᠠᠭᠠᠳ ᠥᠭᠦᠯᠡᠷᠦᠨ ᠄ 《 ᠬᠡᠲᠦᠶ᠋ᠢᠪᠡᠷ ᠡᠶ᠋ᠢᠨ ‍ᠬᠦ ᠥᠭᠦᠯᠡᠪᠡᠴᠦ ᠮᠢᠨᠦ ᠳᠣᠲᠣᠷ᠎ᠠ ᠶᠡᠷᠦ ᠨᠢ ᠠᠮᠤᠷ ᠦᠭᠡᠢ ᠂ ᠠᠬ᠎ᠠ ᠳ᠋ᠤᠷ ᠰᠠᠭᠤᠷᠢᠨ ᠶ᠋ᠢᠠᠨ ᠨᠠᠶ᠋ᠢᠷ ᠲᠠᠯᠪᠢᠬᠤ ᠠ᠋ᠴᠠ ᠪᠢᠰᠢ ᠂ ᠰᠡᠤᠠᠬᠢᠯ ᠊ᠢ ᠲᠡᠭᠡᠵᠦ ᠵᠣᠪᠠᠭᠠᠬᠤ ᠳᠤᠷ᠎ᠠ ᠦᠭᠡᠢ ᠃ ᠲᠡᠶ᠋ᠢᠮᠦ ᠶ᠋ᠢᠨ ᠲᠤᠯᠠ ᠮᠡᠷᠭᠡᠨ ᠰᠠᠶ᠋ᠢᠳ ᠲᠤᠰᠬᠠᠢ ᠡᠯᠴᠢᠨ ᠪ ᠪᠦᠯᠬᠦᠮ ᠪᠠᠶ᠋ᠢᠭᠤᠯᠵᠤ ᠭᠣᠪᠢ ᠶ᠋ᠢᠨ ᠤᠮᠠᠷ᠎ᠠ  ᠳᠤ ᠠᠬ᠎ᠠ ᠶ᠋ᠢ ᠤᠷᠢᠷ᠎ᠠ ᠢᠯᠡᠭᠡᠪᠡᠰᠦ ᠶᠠᠮᠠᠷ ? ᠠᠬ᠎ᠠ ᠬᠡᠷᠪᠡ ᠮᠢᠨᠦ ᠰᠠᠨᠠᠯ ᠊ᠢ ᠬᠦᠯᠢᠶᠡᠨ ᠡᠰᠡ ᠠᠪᠤᠪᠠᠰᠤ ᠪᠢᠲᠡ ᠳᠠᠬᠢᠨ ᠵᠥᠪᠲᠡᠰᠦᠭᠡᠢ 》 ᠬᠡᠮᠡᠪᠡ ᠃
       ᠲᠣᠬᠲᠡᠮᠦᠷ ᠦ᠋ᠨ ᠡᠨᠡ ᠠᠩᠬᠢ ᠥᠭᠦᠯᠡᠯ ᠊ᠢ ᠰᠣᠨᠣᠰᠤᠭᠠᠳ ᠡᠯᠲᠡᠮᠦᠷ ᠳᠠᠬᠢᠵᠤ ᠥᠪᠡᠷ ᠦ᠋ᠨ ᠰᠠᠨᠠᠯ ᠊ᠢ ᠪᠠᠷᠢᠮᠲᠠᠯᠠᠬᠤ ᠦᠭᠡᠢ ᠪᠣᠯᠪᠠ ᠃
       ᠲᠢᠶᠠᠨ ᠯᠢ ᠶ᠋ᠢᠨ ᠲᠡᠷᠢᠭᠦᠨ ᠣᠨ ᠪ ᠠᠷᠪᠠᠨ ᠨᠢᠭᠡᠲᠦᠭᠡᠷ ᠰᠠᠷ᠎ᠠ  ᠳᠤ ᠲᠣᠬᠲᠡᠮᠦᠷ ᠵᠠᠶᠠᠭᠠᠲᠤ ᠬᠠᠭᠠᠨ ᠪᠠᠷ ᠰᠡᠲᠢ ᠬᠢᠭᠡᠳ ᠬᠠᠰᠠᠨ ᠬᠣᠶᠠᠷ ᠊ᠢ ᠤᠷᠢᠳ ᠬᠣᠵᠢᠳ ᠭᠣᠪᠢ ᠶ᠋ᠢᠨ ᠤᠮᠠᠷ᠎ᠠ  ᠳᠤ ᠢᠯᠡᠭᠡᠵᠦ ᠵᠸᠦ ᠸᠠᠩ  ᠬᠣᠱᠢᠯᠠ ᠶ᠋ᠢ ᠨᠡᠶ᠋ᠢᠰᠯᠡᠯ  ᠳᠤ ᠢᠷᠡᠵᠦ ᠶᠡᠬᠡ ᠬᠠᠭᠠᠨ ᠪ ᠰᠠᠭᠤᠷᠢᠨ  ᠳᠤ ᠰᠠᠭᠤᠬᠤ ᠶ᠋ᠢ ᠬᠦᠰᠡᠮᠵᠢᠯᠡᠪᠡ ᠃
       ᠵᠸᠦ ᠸᠠᠩ ᠬᠤᠱᠢᠯᠠ ᠪᠣᠯ ᠬᠠᠶ᠋ᠢᠱᠠᠨ  ᠬᠥᠯᠥᠭ ᠬᠠᠭᠠᠨ ᠪ ᠠᠬᠠᠮᠠᠳ ᠬᠥᠪᠡᠭᠦᠨ ᠮᠥᠨ ᠃ ᠬᠠᠶ᠋ᠢᠱᠠᠨ  ᠬᠥᠯᠥᠭ ᠬᠠᠭᠠᠨ ᡁᠢ ᠳ᠋ᠠ ᠶ᠋ᠢᠨ ᠲᠡᠷᠢᠭᠦᠨ ᠣᠨ (1308 ᠣᠨ )  ᠳᠤ ᠶᠡᠬᠡ ᠬᠠᠭᠠᠨ ᠪ ᠣᠷᠣ  ᠳᠤ ᠰᠠᠭᠤᠵᠤ 《 ᠠᠬ᠎ᠠ ᠠᠨᠤ ᠬᠠᠯᠢᠪᠠᠰᠤ ᠳᠡᠭᠦᠦ ᠢᠨᠤ ᠵᠠᠯᠭᠠᠮᠵᠢᠯᠠᠬᠤ 》 ᠭᠡᠰᠡᠨ ᠪᠣᠯᠵᠣᠬ᠋᠎ᠠ ᠶᠣᠰᠣᠭᠠᠷ ᠳᠡᠭᠦᠦ ᠠᠶᠤᠷᠪᠠᠷᠸᠠᠲᠠ ᠶ᠋ᠢ ᠶᠡᠬᠡ ᠬᠠᠭᠠᠨ ᠪ ᠵᠠᠯᠭᠠᠮᠵᠢᠯᠠᠭᠴᠢ ᠪᠠᠷ ᠲᠣᠭᠲᠠᠭᠠᠵᠠᠢ ᠃ ᡁᠢ ᠳ᠋ᠠ ᠶ᠋ᠢᠨ ᠳᠥᠷᠪᠡᠳᠦᠭᠡᠷ ᠣᠨ  ᠳᠤ  ᠬᠠᠢᠱᠠᠨ ᠬᠥᠯᠥᠭ ᠬᠠᠭᠠᠨ ᠬᠠᠯᠢᠵᠤ ᠠᠶᠤᠷᠪᠠᠷᠸᠠᠲᠡ ᠶᠡᠬᠡ ᠬᠠᠭᠠᠨ ᠪ ᠣᠷᠣ  ᠳᠤ ᠰᠠᠭᠤᠭᠰᠠᠨ ᠪ ᠳᠠᠷᠠᠬ᠋᠎ᠠ 《 ᠳᠡᠭᠦᠦ ᠢᠨᠦ ᠬᠠᠯᠢᠪᠠᠰᠦ ᠦᠶᠡᠯᠢᠳ ᠬᠥᠪᠡᠭᠦᠨ ᠢᠨᠦ ᠵᠠᠯᠭᠠᠮᠵᠢᠯᠠᠬᠤ 》 ᠭᠡᠰᠡᠨ ᠤᠷᠢᠲᠤ ᠶ᠋ᠢᠨ ᠪᠣᠯᠵᠣᠬ᠋᠎ᠠ ᠶᠣᠰᠣᠭᠠᠷ ᠬᠠᠶ᠋ᠢᠱᠠᠨ ᠪ ᠠᠬᠠᠮᠠᠳ ᠬᠥᠪᠡᠭᠦᠨ ᠬᠣᠱᠶ᠋ᠯᠠ ᠶ᠋ᠢ ᠶᠡᠬᠡ ᠬᠠᠭᠠᠨ ᠪ ᠵᠠᠯᠭᠠᠮᠵᠢᠯᠠᠭᠴᠢ ᠪᠠᠷ ᠲᠣᠭᠲᠠᠭᠠᠭᠰᠠᠨ ᠦᠭᠡᠢ ᠂ ᠬᠠᠷᠢᠨ ᠥᠪᠡᠷ ᠦ᠋ᠨ ᠬᠥᠪᠡᠭᠦᠨ ᠰᠤᠲᠢᠪᠠᠯᠨ ᠶ᠋ᠢ ᠬᠣᠩ ᠲᠠᠶ᠋ᠢᠽᠢ ᠡᠷᠭᠦᠮᠵᠢᠯᠡᠵᠦ ᠂ ᠬᠣᠱᠶ᠋ᠯᠠ ᠶ᠋ᠢ ᠵᠸᠦ ᠸᠠᠩ ᠡᠷᠭᠦᠮᠵᠢᠯᠡᠨ ᠶᠦᠨᠨᠠᠨ ᠊ᠢ ᠳᠠᠷᠤᠨ ᠰᠠᠭᠤᠯᠭᠠᠬᠤ ᠪᠠᠷ ᠢᠯᠡᠭᠡᠪᠡ ᠃ ᠬᠣᠱᠶ᠋ᠯᠠ ᠶ᠋ᠢᠨ ᠳᠡᠭᠦᠦ ᠲᠣᠭᠲᠡᠮᠦᠷ ᠊ᠢ ᠬᠤᠸᠠᠢ ᠸᠠᠩ ᠡᠷᠭᠦᠮᠵᠢᠯᠡᠵᠦ ᠵᠢᠶᠠᠩᠯᠢᠩ ᠦ᠋ᠨ ᠭᠠᠵᠠᠷ ( ᠣᠲᠣ ᠶ᠋ᠢᠨ ᠬᠤᠪᠧᠢ ᠮᠣᠵᠢ ᠶ᠋ᠢᠨ ᠵᠢᠶᠠᠩ ᠯᠢᠩ ) ᠎ᠲᠤ᠌ ᠶᠠᠪᠤᠭᠤᠯᠪᠠ ᠃ ᠡᠨᠡ ᠪᠣᠯ  ᠬᠡᠷᠡᠭ ᠳᠡᠭᠡᠷ᠎ᠡ ᠪᠡᠨ ᠡᠷᠬᠡᠲᠦ ᠰᠠᠶ᠋ᠢᠳ ᠲᠡᠮᠤᠲᠠᠷ ᠦ᠋ᠨ ᠥᠪᠡᠷ ᠦ᠋ᠨ ᠪᠠᠶ᠋ᠢᠷᠢ ᠰᠠᠭᠤᠷᠢ ᠪᠠᠨ ᠬᠠᠮᠠᠭᠠᠯᠠᠬᠤ ᠶ᠋ᠢᠨ ᠲᠥᠯᠥᠭᠡ ᠭᠠᠷᠭᠠᠭᠰᠠᠨ ᠬᠣᠶ᠋ᠢᠬᠤᠷ ᠠᠷᠬ᠋᠎ᠠ ᠪᠥᠭᠡᠳ ᠠᠶᠤᠷᠪᠠᠷᠸᠠᠲᠡ ᠪᠤᠶᠠᠨᠲᠤ ᠬᠠᠭᠠᠨ ᠪᠠᠷ ᠥᠪᠡᠷ ᠦ᠋ᠨ ᠬᠥᠪᠡᠭᠦᠨ ᠰᠤᠲᠢᠪᠠᠯᠨ ᠶᠡᠬᠡ ᠬᠠᠭᠠᠨ ᠪ ᠰᠠᠭᠤᠷᠢᠨ ᠊ᠢ ᠢᠯᠭᠤᠬᠠᠨ ᠶ᠋ᠢᠠᠷ ᠵᠠᠯᠭᠠᠮᠵᠢᠯᠠᠬᠤ  ᠳᠤ ᠰᠠᠭᠠᠳ ᠳᠤᠳᠬᠠᠷ ᠊ᠢ ᠨᠢ ᠠᠷᠢᠯᠭᠠᠵᠤ  ᠥᠭᠭᠦᠭᠰᠡᠨ ᠨᠠᠷᠢᠨ ᠪᠣᠲᠣᠯᠬ᠋᠎ᠠ ᠪᠣᠯᠤᠮᠤᠢ ᠃
     ᠶᠠᠨ ᠶᠢᠦ ᠶ᠋ᠢᠨ ᠭᠤᠷᠪᠠᠲᠤᠭᠠᠷ ᠣᠨ (1316 ᠣᠨ ) ᠪ ᠠᠷᠪᠠᠨ ᠨᠢᠭᠡᠨ ᠰᠠᠷ᠎ᠠ  ᠳᠤ ᠵᠸᠦ ᠸᠠᠩ ᠬᠣᠱᠶ᠋ᠯᠠ ᠶᠦᠨᠨᠠᠨ  ᠳᠤ ᠣᠴᠢᠬᠤ ᠪᠠᠷ ᠬᠠᠶ᠋ᠢᠱᠠᠨ  ᠬᠥᠯᠥᠭ ᠬᠠᠭᠠᠨ ᠪ ᠬᠠᠭᠤᠴᠢᠨ ᠲᠦᠰᠢᠮᠡᠯ ᠲᠣᠬᠤᠷᠦ ᠂ ᠤᠷᠲᠤ ᠂ ᠽᠠᠩ ᠵᠢᠶᠠ ᠨᠦ᠍ ᠂ ᠪᠣᠯᠣᠳ ᠪᠣᠯᠤᠨ ᠵᠢᠶᠣᠤ ᠬᠤᠸᠠ ᠲᠠᠨ ᠊ᠢ ᠠᠪᠴᠤ ᠮᠣᠷᠲᠠᠪᠠ ᠃ ᠲᠠᠲᠠ ᠶᠠᠨ ᠠᠨ ᠶ᠋ᠢᠠᠷ ᠦᠩᠭᠡᠷᠡᠬᠦ  ᠳᠤ ᠬᠠᠶ᠋ᠢᠱᠠᠨ  ᠬᠥᠯᠥᠭ ᠬᠠᠭᠠᠨ ᠪ ᠬᠠᠭᠤᠴᠢᠨ ᠲᠦᠰᠢᠮᠡᠯ ᠰᠢᠷ᠎ᠠ ᠂ ᠱᠠᠪᠲᠤᠨ ᠂ ᠠᡁᠮᠠᠨ ᠨᠠᠷ ᠬᠠᠯᠠᠭᠤᠨ ᠶ᠋ᠢᠠᠷ ᠤᠭᠲᠤᠪᠠᠢ ᠃ ᠲᠡᠷᠡ ᠴᠠᠭ ᠲᠤ ᠬᠣᠱᠶ᠋ᠯᠠ ᠶ᠋ᠢ ᠳᠠᠭᠠᠵᠤ ᠶᠠᠪᠤᠭᠰᠠᠨ ᠵᠢᠶᠣᠤ ᠬᠤᠸᠠ  ᠬᠡᠮᠡᠭᠴᠢ ᠢᠨᠦ ᠬᠠᠭᠤᠴᠢᠨ ᠨᠠᠶ᠋ᠢᠵᠠ ᠰᠢᠷ᠎ᠠ ᠨᠠᠷ ᠲᠠᠢ ᠠᠭᠤᠯᠵᠠᠭᠠᠳ ᠬᠠᠷᠢᠯᠴᠠᠨ ᠲᠡᠪᠡᠷᠢᠯᠲᠦᠨ ᠨᠢᠯᠪᠤᠰᠤ ᠤᠨᠠᠭᠠᠵᠤ ᠥᠭᠦᠯᠡᠷᠦᠨ ᠄ 《 ᠣᠲᠣ ᠶ᠋ᠢᠨ ᠶᠡᠬᠡ ᠬᠠᠭᠠᠨ ᠪ ᠣᠷᠣ ᠶ᠋ᠢ ᠴᠣᠬᠣᠮ  ᠳᠤ ᠪᠠᠨ ᠬᠠᠶ᠋ᠢᠱᠠᠨ  ᠬᠥᠯᠥᠭ ᠬᠠᠭᠠᠨ ᠪ ᠬᠣᠶ᠋ᠢᠴᠢᠰ ᠵᠠᠯᠭᠠᠮᠵᠢᠯᠠᠪᠠᠰᠤ ᠵᠣᠬᠢᠬᠤ ᠪᠥᠯᠥᠭᠡ ᠃ ᠭᠡᠲᠡᠯ᠎ᠡ ᠲᠡᠭᠦᠨ ᠪ ᠠᠬᠠᠮᠠᠳ ᠬᠥᠪᠡᠭᠦᠨ ᠬᠣᠱᠶ᠋ᠯᠠ ᠶ᠋ᠢ ᠠᠯᠤᠰ ᠭᠠᠵᠠᠷ ᠶᠠᠪᠤᠭᠤᠯᠪᠠ ᠃ ᠡᠨᠡ ᠪᠣᠯᠪᠠᠰᠤ ᠠᠶᠤᠷᠪᠠᠷᠸᠠᠲᠡ ᠪᠤᠶᠠᠨᠲᠤ ᠬᠠᠭᠠᠨ ᠪ ᠤᠭ ᠰᠠᠨᠠᠬ᠋᠎ᠠ ᠪᠤᠰᠤ ᠂ ᠬᠠᠷᠢᠨ ᠵᠠᠯᠢᠬᠠᠢ ᠲᠦᠰᠢᠮᠡᠳ ᠦ᠋ᠨ ᠭᠠᠷᠭᠠᠭᠰᠠᠨ ᠬᠣᠶ᠋ᠢᠬᠤᠷ ᠠᠷᠬ᠋᠎ᠠ ᠪᠤᠶᠤ ᠃ ᠪᠢᠲᠡ ᠶᠡᠬᠡ ᠬᠠᠭᠠᠨ  ᠳᠤ ᠠᠶ᠋ᠢᠯᠠᠤᠠᠬᠠᠵᠤ ᠵᠠᠯᠢᠬᠠᠢ ᠲᠦᠰᠢᠮᠡᠳ ᠦ᠋ᠨ ᠵᠠᠪᠰᠠᠷᠲᠠᠭᠤᠯᠬᠤ ᠤᠪ ᠮᠡᠬᠡ ᠶ᠋ᠢ ᠢᠯᠡᠴᠢᠯᠡᠰᠦᠭᠡᠢ ᠃ ᠡᠰᠡ ᠲᠡᠭᠡᠪᠡᠰᠦ  ᠬᠡᠷᠡᠭ ᠦ᠋ᠨ ᠪᠠᠶ᠋ᠢᠲᠠᠯ ᠬᠠᠮᠢᠭᠠᠰᠢ ᠪᠣᠯᠬᠤ ᠶ᠋ᠢ ᠪᠤᠤ ᠮᠡᠲᠡ 》 ᠬᠡᠮᠡᠪᠡᠢ ᠃
      ᠣᠯᠠᠨ ᠶ᠋ᠢᠠᠷ ᠶ᠋ᠢᠠᠨ ᠵᠢᠶᠣᠤ ᠬᠤᠸᠠ ᠶ᠋ᠢᠨ  ᠬᠡᠯᠡᠭᠰᠡᠨ ᠊ᠢ ᠰᠣᠨᠣᠰᠤᠭᠠᠳ ᠴᠥᠮ ᠰᠡᠤᠠᠬᠢᠯ ᠬᠥᠲᠡᠯᠵᠦ ᠂ ᠲᠡᠭᠦᠨ ᠊ᠢ ᠳᠠᠶ᠋ᠢᠳᠤ ᠬᠣᠲᠠᠨ᠎ᠠ ᠪᠤᠴᠠᠵᠤ ᠬᠠᠷᠢᠭᠠᠳ ᠶᠡᠬᠡ ᠬᠠᠭᠠᠨ  ᠳᠤ ᠡᠨᠡ ‍ᠬᠦ ᠰᠠᠨᠠᠯ ᠊ᠢ ᠳᠠᠮᠵᠢᠭᠤᠯᠤᠨ ᠠᠶ᠋ᠢᠯᠠᠤᠠᠬᠠᠭᠤᠯᠬᠤ ᠪᠠᠷ ᠵᠥᠪᠲᠡᠨ ᠲᠣᠭᠲᠠᠪᠠ ᠃ ᠱᠠᠨᠰᠢ ᠬᠤᠪᠢᠶᠠᠷᠢ ᠮᠣᠵᠢ ᠶ᠋ᠢᠨ ᠴᠢᠩᠰᠠᠩ ᠠᠰᠬᠠᠨ ᠪᠣᠯ ᠤᠤᠯ  ᠳᠤ ᠪᠠᠨ ᠲᠥᠪ  ᠪᠢᠢᠴᠢᠭ᠌ ᠦ᠋ᠨ ᠮᠣᠵᠢ ᠶ᠋ᠢᠨ ᠳᠠᠶ᠋ᠢᠱᠶ᠋ ᠲᠦᠰᠢᠮᠡᠯ ᠪᠠᠶ᠋ᠢᠵᠠᠢ ᠃ ᠲᠡᠷᠡ ᠪᠡᠷ ᠲᠡᠮᠤᠲᠠᠷ ᠲᠤ ᠬᠠᠪᠴᠢᠬᠲᠠᠨ ᠰᠢᠬᠠᠭᠲᠠᠭᠠᠳ ᠱᠠᠨᠰᠢ  ᠳᠤ  ᠢᠷᠡᠭᠰᠡᠨ ᠪᠥᠭᠡᠳ ᠳᠠᠶ᠋ᠢᠱᠶ᠋ ᠶ᠋ᠢᠨ ᠲᠤᠰᠢᠶᠠᠯ ᠊ᠢ ᠨᠢ ᠪᠠᠰᠠ ᠲᠡᠮᠤᠲᠠᠷ ᠪᠤᠯᠢᠶᠠᠨ ᠠᠪᠤᠭᠰᠠᠨ ᠪᠥᠯᠥᠭᠡ ᠃ ᠡᠶ᠋ᠢᠮᠦ ᠡᠴᠡ ᠠᠰᠬᠠᠨ ᠠᠯᠢ ᠬᠡᠲᠦᠶ᠋ᠢᠨ ᠲᠡᠮᠤᠲᠠᠷ ᠲᠤ ᠬᠣᠷᠣᠰᠤᠯ ᠡᠪᠦᠷᠯᠡᠵᠦ ᠲᠣᠬᠢᠶᠠᠯ ᠣᠯᠲᠠᠪᠠᠯ ᠥᠰᠢᠶ᠎ᠡ ᠠᠪᠬᠤ ᠪᠠᠷ ᠪᠠᠶ᠋ᠢᠵᠠᠢ ᠃ ᠵᠢᠶᠣᠤ ᠬᠤᠸᠠ ᠶ᠋ᠢ ᠳᠠᠶ᠋ᠢᠳᠤ  ᠳᠤ ᠪᠤᠴᠠᠬᠤ ᠦᠶ᠎ᠡ  ᠳᠤ ᠠᠰᠬᠠᠨ ᠱᠠᠨᠰᠢ ᠬᠤᠪᠢᠶᠠᠷᠢ ᠮᠣᠵᠢ ᠶ᠋ᠢᠨ ᠫᠢᠩ ᠵᠠᠩ ᠲᠦᠰᠢᠮᠡᠯ ᠲᠠᠴᠠᠷ ᠂ ᠢᠤᠶ᠋ᠢᠱᠶ᠋ ᠳ᠋ᠠᠶ᠋ᠢᠹᠦ᠋ ᠲᠦᠰᠢᠮᠡᠯ ᠲᠦᠷᠦᠪᠡᠢ ᠵᠢᠴᠢ ᠲᠣᠭᠣᠨ ᠵᠡᠷᠭᠡ ᠬᠥᠮᠦᠰ ᠲᠡᠢ ᠬᠣᠯᠪᠣᠬ᠋᠎ᠠ ᠠᠪᠴᠤ ᠱᠠᠨᠰᠢ  ᠳᠤ ᠰᠠᠭᠤᠬ᠋᠎ᠠ ᠮᠣᠩᠭᠣᠯ  ᠴᠡᠷᠢᠭ ᠊ᠢ ᠳᠠᠶ᠋ᠢᠴᠢᠯᠠᠨ ᠵᠢᠶᠣᠤ ᠬᠤᠸᠠ ᠶ᠋ᠢᠨ ᠬᠠᠮᠲᠤ ᠮᠣᠷᠲᠠᠵᠤ ᠬᠠᠭᠠᠨ ᠪ ᠳᠡᠷᠭᠡᠳᠡᠬᠢ ᠶ᠋ᠢ ᠠᠷᠢᠭᠤᠤᠠᠬᠠᠨ ᠴᠡᠪᠡᠷᠯᠡᠬᠦ ᠭᠡᠬᠦ ᠨᠡᠷ᠎ᠡ ᠪᠡᠷ ᠲᠦᠩᠭᠤᠸᠠᠨ ᠪᠣᠭᠣᠮᠲᠠ ᠶ᠋ᠢ ᠭᠠᠷᠪᠠ ᠃ ᠭᠡᠲᠡᠯ᠎ᠡ ᠵᠠᠮ ᠵᠠᠭᠤᠷ᠎ᠠ ᠪᠠᠨ ᠲᠠᠴᠠᠷ ᠪᠣᠯᠤᠨ ᠲᠣᠭᠣᠨ ᠨᠠᠷ ᠤᠷᠪᠠᠵᠤ ᠠᠰᠬᠠᠨ ᠪᠣᠯᠤᠨ ᠵᠢᠶᠣᠤ ᠬᠤᠸᠠ ᠶ᠋ᠢ ᠬᠣᠣᠷᠯᠠᠵᠠᠢ ᠃
     ᠬᠣᠱᠶ᠋ᠯᠠ ᠪᠠᠷ ᠠᠰᠬᠠᠨ ᠂ ᠵᠢᠶᠣᠤ ᠬᠤᠸᠠ ᠨᠠᠷ ᠦ᠋ᠨ ᠬᠣᠣᠷᠯᠠᠭᠲᠠᠭᠰᠠᠨ ᠊ᠢ ᠰᠣᠨᠣᠰᠤᠭᠠᠳ ᠶᠦᠨᠨᠠᠨ  ᠳᠤ ᠣᠴᠢᠬᠤ ᠶ᠋ᠢ ᠪᠠᠶ᠋ᠢᠵᠤ ᠪᠠᠷᠠᠭᠤᠨᠰᠢ ᠴᠠᠭᠠᠲᠠᠢ ᠬᠠᠭᠠᠨᠲᠤ ᠤᠯᠤᠰ ᠊ᠢ  ᠴᠢᠭᠯᠡᠨ ᠶᠠᠪᠤᠵᠠᠢ ᠃
     ᠬᠣᠱᠶ᠋ᠯᠠ ᠲᠠᠨ ᠠᠯᠲᠠᠢ ᠬᠦᠷᠬᠦ  ᠳᠤ ᠴᠠᠭᠠᠲᠠᠢ ᠬᠠᠭᠠᠨᠲᠤ ᠤᠯᠤᠰ ᠦ᠋ᠨ ᠡᠰᠡᠨᠪᠤᠬ᠎ᠠ ᠬᠠᠨ ᠶᠡᠬᠡ ᠪᠠᠬ᠋᠎ᠠ ᠰᠠᠶ᠋ᠢᠳ ᠲᠦᠰᠢᠮᠡᠳ ᠶ᠋ᠢᠡᠨ ᠠᠪᠴᠤ ᠬᠠᠯᠠᠭᠤᠨ ᠶ᠋ᠢᠠᠷ ᠤᠭᠲᠤᠨ ᠠᠪᠤᠪᠠ ᠃ ᠲᠤᠬᠠᠢ ᠶ᠋ᠢᠨ ᠦᠶ᠎ᠡ  ᠳᠤ ᠴᠠᠭᠠᠲᠠᠢ ᠬᠠᠭᠠᠨᠲᠤ ᠤᠯᠤᠰ ᠪᠣᠯᠤᠨ ᠶᠤᠸᠠᠨ ᠤᠯᠤᠰ ᠦ᠋ᠨ ᠬᠣᠭᠣᠷᠣᠨᠲᠣᠬᠢ ᠬᠠᠷᠢᠴᠠᠬ᠋᠎ᠠ ᠪᠠᠴᠢᠮ ᠪᠠᠶ᠋ᠢᠪᠠ ᠃ ᠡᠰᠡᠨᠪᠤᠬ᠎ᠠ ᠬᠠᠨ ᠦᠷᠭᠦᠯᠵᠢ  ᠴᠡᠷᠢᠭ ᠳᠠᠶ᠋ᠢᠴᠢᠯᠠᠨ ᠶᠤᠸᠠᠨ ᠤᠯᠤᠰ ᠦ᠋ᠨ ᠬᠢᠯᠢ ᠬᠢᠵᠠᠭᠠᠷ ᠊ᠢ ᠳᠠᠭᠠᠷᠢᠨ ᠴᠣᠬᠢᠵᠤ ᠪᠠᠶ᠋ᠢᠬᠰᠠᠨ ᠲᠤᠯᠠ ᠬᠣᠱᠶ᠋ᠯᠠ ᠶ᠋ᠢᠨ ᠬᠦᠷᠴᠦ  ᠢᠷᠡᠭᠰᠡᠨ  ᠳᠤ ᠲᠣᠩ ᠶᠡᠬᠡ ᠪᠠᠶᠠᠷᠯᠠᠪᠠ ᠃ ᠳᠠᠶ᠋ᠢᠨ ‍ᠬᠦ ᠬᠠᠮᠤᠭ ᠦ᠋ᠨ ᠲᠠᠩᠰᠤᠭ ᠪᠠᠶᠠᠨ ᠨᠤᠲᠤᠭ ᠰᠠᠶᠢᠨ ᠨᠢᠷᠤᠭᠤ ( ᠣᠲᠣ ᠶ᠋ᠢᠨ ᠰᠢᠨᠵᠢᠶᠠᠩ ᠦ᠋ᠨ ᠲᠠᠷᠪᠠᠭᠠᠲᠠᠢ ᠣᠷᠴᠢᠮ ) ᠪᠣᠯᠤᠨ ᠢᠯᠢ ᠭᠣᠣᠯ ᠦ᠋ᠨ ᠰᠠᠪᠠ ᠭᠠᠵᠠᠷ ᠲᠤ ᠨᠤᠲᠤᠭᠯᠠᠭᠤᠯᠪᠠ ᠃ ᠬᠣᠱᠶ᠋ᠯᠠ ᠪᠠᠷ ᠴᠠᠭᠠᠲᠠᠢ ᠬᠠᠭᠠᠨᠲᠤ ᠤᠯᠤᠰ ᠲᠤ ᠠᠷᠪᠠᠭᠠᠳ ᠵᠢᠯ ᠰᠠᠭᠤᠪᠠ ᠃ ᠡᠨᠡ ᠬᠣᠭᠣᠷᠣᠨᠲᠣ ᠠᠶᠤᠷᠪᠠᠷᠸᠠᠲᠡ ᠪᠤᠶᠠᠨᠲᠤ ᠬᠠᠭᠠᠨ ᠬᠠᠯᠢᠵᠤ ᠂ ᠬᠥᠪᠡᠭᠦᠨ ᠰᠤᠲᠢᠪᠠᠯᠨ ᠭᠡᠭᠡᠨ ᠬᠠᠭᠠᠨ ᠂ ᠳᠠᠶ᠋ᠢᠳᠢᠩ ᠳ᠋ᠢ ᠡᠰᠡᠨᠲᠡᠮᠤᠷ ᠬᠠᠭᠠᠨ ᠪ ᠲᠥᠷᠥ ᠶ᠋ᠢ ᠥᠩᠭᠡᠷᠡᠭᠦᠯᠪᠡ ᠃ ᠡᠲᠦᠭᠡ 《 ᠬᠣᠶᠠᠷ ᠨᠡᠶ᠋ᠢᠰᠯᠡᠯ ᠦ᠋ᠨ ᠲᠤᠯᠤᠯᠲᠤᠭᠠᠨ   》 ᠊ᠢ ᠳᠠᠮᠵᠢᠭᠠᠳ ᠵᠸᠦ ᠸᠠᠩ ᠬᠣᠱᠶ᠋ᠯᠠ ᠶ᠋ᠢᠨ ᠳᠡᠭᠦᠦ  ᠲᠣᠭᠲᠡᠮᠦᠷ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠭᠰᠠᠨ ᠪᠣᠯᠤᠨ ᠡᠲᠦᠭᠡ ᠡᠯᠴᠢᠨ ᠢᠯᠡᠭᠡᠵᠦ ᠶᠡᠬᠡ ᠬᠠᠭᠠᠨ ᠪ ᠣᠷᠣ ᠶ᠋ᠢ ᠲᠡᠭᠦᠨ  ᠳᠤ ᠨᠠᠶ᠋ᠢᠷ ᠲᠠᠯᠪᠢᠬᠤ ᠪᠠᠷ ᠤᠷᠢᠷ᠎ᠠ  ᠢᠷᠡᠭᠰᠡᠨ ᠳ᠋ᠤᠷ ᠮᠠᠰᠢ ᠪᠠᠶᠠᠷᠯᠠᠵᠤ ᠭᠡᠨ᠎ᠡ ᠃
     ᠲᠡᠷᠡ ᠦᠶ᠎ᠡ  ᠳᠤ ᠴᠠᠭᠠᠲᠠᠢ ᠬᠠᠭᠠᠨᠲᠤ ᠤᠯᠤᠰ ᠦ᠋ᠨ ᠡᠰᠡᠨᠪᠤᠬ᠎ᠠ ᠬᠠᠨ ᠬᠠᠯᠢᠵᠤ ᠂ ᠲᠦᠷᠦᠭᠡᠲᠡᠮᠤᠷ ᠬᠠᠨ ᠡᠷᠬᠡ ᠮᠡᠲᠡᠵᠦ ᠪᠠᠶ᠋ᠢᠵᠠᠢ ᠃ ᠲᠡᠷᠡ ᠪᠡᠷ ᠶᠤᠸᠠᠨ ᠤᠯᠤᠰ ᠯᠤᠬ᠋᠎ᠠ ᠬᠠᠷᠢᠴᠠᠬ᠋᠎ᠠ ᠪᠠᠨ ᠰᠠᠶ᠋ᠢᠵᠢᠷᠠᠭᠤᠯᠵᠤ ᠦᠵᠦᠮ ᠦ᠋ᠨ ᠠᠷᠢᠬᠢ ᠂ ᠠᠷᠭᠤᠮᠠᠭ ᠮᠣᠷᠢ ᠵᠡᠷᠭᠡ ᠶ᠋ᠢᠨ  ᠪᠡᠯᠡᠭ ᠰᠡᠯᠲᠡ ᠡᠷᠭᠦᠨ ᠪᠠᠷᠢᠵᠤ ᠪᠠᠶ᠋ᠢᠵᠠᠢ ᠃
     ᠥᠭᠦᠯᠡᠬᠦ ᠢᠨᠦ ᠂  ᠲᠣᠭᠲᠡᠮᠦᠷ ᠵᠠᠶᠠᠭᠠᠲᠤ ᠬᠠᠭᠠᠨ ᠪ ᠲᠣᠮᠢᠯᠠᠭᠰᠠᠨ ᠡᠯᠴᠢᠨ ᠰᠡᠲᠢ ᠨᠠᠷ ᠵᠸᠦ ᠸᠠᠩ ᠦ᠋ᠨ ᠣᠷᠲᠣᠨ  ᠳᠤ ᠬᠦᠷᠴᠦ ᠢᠷᠡᠭᠡᠳ ᠵᠸᠦ ᠸᠠᠩ ᠬᠣᠱᠶ᠋ᠯᠠ ᠯᠤᠬ᠋᠎ᠠ ᠠᠭᠤᠯᠵᠠᠭᠠᠳ ᠥᠭᠦᠯᠡᠷᠦᠨ ᠄ 《 ᠶᠡᠬᠡ ᠨᠣᠶᠠᠨ ᠲᠠᠨ ᠪᠠᠷ  ᠬᠥᠯᠥᠭ ᠬᠠᠭᠠᠨ ᠪ ᠠᠬᠠᠮᠠᠳ ᠬᠥᠪᠡᠭᠦᠨ ᠪᠣᠯᠬᠤ ᠲᠤᠯᠠ ᠳᠡᠯᠡᠬᠡᠢ ᠳ᠋ᠠᠬᠢᠨ ᠊ᠢ ᠡᠵᠡᠯᠡᠪᠡᠰᠦ ᠵᠣᠬᠢᠮᠤᠢ ; ᠲᠦᠰᠢᠮᠡᠯ ᠪᠢ ᠪᠡᠷ ᠵᠠᠷᠯᠢᠬ ᠶ᠋ᠢᠠᠷ ᠤᠮᠠᠷᠠᠰᠢ ᠢᠷᠡᠵᠦ ᠶᠡᠬᠡ ᠨᠣᠶᠠᠨ ᠪ ᠡᠷᠲᠡ ᠡᠲᠦᠷ ᠬᠠᠭᠠᠨ ᠰᠠᠭᠤᠷᠢᠨ  ᠳᠤ ᠰᠠᠭᠤᠵᠤ ᠂ ᠨᠢᠭᠡ ᠳ᠋ᠤᠷ ᠳᠡᠯᠡᠬᠡᠢ ᠳ᠋ᠠᠬᠢᠨ ᠪ ᠬᠥᠮᠦᠰ ᠦ᠋ᠨ ᠰᠡᠤᠠᠬᠢᠯ ᠊ᠢ ᠲᠣᠬᠤᠷᠤᠭᠤᠯᠤᠨ ᠨᠥᠭᠦᠭᠡ ᠳ᠋ᠤᠷ ᠬᠠᠭᠠᠨ ᠪ ᠳᠡᠭᠦᠦ ᠬᠤᠸᠠᠢ ᠸᠠᠩ ᠦ᠋ᠨ ᠰᠠᠭᠤᠷᠢᠨ ᠊ᠢ ᠨᠠᠶ᠋ᠢᠷ ᠲᠠᠯᠪᠢᠬᠰᠠᠨ ᠰᠡᠤᠠᠬᠢᠯ ᠊ᠢ ᠬᠦᠯᠢᠶᠡᠨ ᠠᠪᠴᠤ ᠶᠡᠬᠡ ᠤᠶ᠋ᠢᠯᠠ ᠶ᠋ᠢ ᠪᠦᠲᠦᠭᠡᠬᠦ ᠪᠣᠯᠲᠤᠭᠠᠢ ᠬᠡᠮᠡᠨ ᠮᠥᠷᠭᠥᠨ ᠭᠣᠶᠣᠮᠤ 》  ᠬᠡᠮᠡᠭᠰᠡᠨ᠎ᠡ ᠵᠸᠦ ᠸᠠᠩ ᠬᠣᠱᠶ᠋ᠯᠠ ᠥᠴᠢᠷᠦᠨ ᠄ 《 ᠱᠠᠩᠲᠤ ᠬᠣᠲᠠ ᠶ᠋ᠢ  ᠲᠥᠪᠰᠢᠳᠬᠡᠭᠰᠡᠨ ᠢᠨᠦ ᠳᠡᠭᠦᠦ ᠲᠣᠭᠲᠡᠮᠦᠷ ᠦ᠋ᠨ ᠭᠠᠪᠢᠶ᠎ᠠ ᠪᠥᠭᠡᠳ ᠡᠲᠦᠭᠡ ᠨᠢᠭᠡᠨᠲᠡ ᠬᠠᠭᠠᠨ ᠰᠠᠭᠤᠵᠤ ᠣᠨ ᠪ ᠴᠣᠯᠠ ᠶ᠋ᠢ ᠲᠣᠭᠲᠠᠭᠠᠭᠰᠠᠨ ᠲᠤᠯᠠ ᠡᠵᠡᠨ ᠰᠠᠶ᠋ᠢᠳ ᠦ᠋ᠨ ᠢᠯᠭᠠᠬ᠋᠎ᠠ ᠲᠣᠭᠲᠠᠵᠤᠬᠤᠢ ᠂ ᠪᠢ ᠪᠡᠷ ᠲᠠᠬᠢᠨ ᠡᠨᠡ ‍ᠬᠦ ᠰᠠᠭᠤᠷᠢᠨ  ᠳᠤ ᠲᠠᠪᠰᠢᠪᠠᠰᠤ ᠲᠩᠷᠢ ᠳᠡᠭᠡᠷ᠎ᠡ ᠬᠣᠶᠠᠷ ᠨᠠᠷᠠᠨ ᠭᠠᠷᠤᠭᠰᠠᠨ ᠮᠡᠲᠦ ᠪᠣᠯᠬᠤ ᠪᠢᠰᠢᠦ ? 》 ᠰᠡᠲᠢ ᠥᠭᠦᠯᠡᠷᠦᠨ᠄  《ᠪᠤᠶᠠᠨᠲᠤ(ᠠᠶᠤᠷᠪᠠᠷᠸᠠᠲᠠᠨ) ᠬᠠᠭᠠᠨ ᠪᠠᠷ ᠵᠣᠪᠠᠯᠠᠩ ᠊ᠢ ᠠᠷᠢᠯᠭᠠᠵᠤ ᠠᠬ᠎ᠠ ᠬᠠᠶ᠋ᠢᠱᠠᠨ ᠊ᠢ ᠤᠭᠲᠤᠨ ᠢᠷᠡᠭᠦᠯᠵᠦ ᠶᠡᠬᠡ ᠬᠠᠭᠠᠨ ᠪ ᠣᠷᠣ ᠎ ᠳᠤ ᠨᠠᠶ᠋ᠢᠷ ᠲᠠᠯᠪᠢᠨ ᠰᠠᠭᠤᠯᠭᠠᠭᠠᠳ ᠂  ᠬᠥᠯᠥᠭ ᠬᠠᠭᠠᠨ ᠬᠠᠯᠢᠬᠰᠠᠨ ᠪ ᠳᠠᠷᠠᠬ᠋᠎ᠠ ᠳᠡᠭᠦᠦ ᠢᠨᠤ ᠶᠡᠬᠡ ᠣᠷᠣ ᠶ᠋ᠢ ᠵᠠᠯᠭᠠᠮᠵᠢᠯᠠᠭᠰᠠᠨ ᠡᠷᠲᠡᠨ ᠪ ᠳᠦᠷᠢᠮ ᠪᠠᠶ᠋ᠢᠮᠤᠢ 》 ᠬᠡᠮᠡᠵᠦᠬᠦᠢ ᠃  ᠵᠸᠦ ᠸᠠᠩ ᠬᠣᠱᠶ᠋ᠯᠠ ᠥᠴᠢᠷᠦᠨ ᠄ 《 ᠴᠢᠨᠦ ᠦᠭᠦᠯᠡᠬᠦ ᠪᠡᠷ ᠪᠢ ᠶᠡᠬᠡ ᠰᠠᠭᠤᠷᠢᠨ  ᠳᠤ ᠰᠠᠭᠤᠭᠰᠠᠨ ᠪ ᠬᠣᠶ᠋ᠢᠨ᠎ᠠ ᠤᠷᠢᠲᠤᠬᠢ ᠳᠦᠷᠢᠮ ᠊ᠢ  ᠳᠠᠭᠤᠷᠢᠶᠠᠨ ᠳᠡᠭᠦᠦ ᠲᠣᠭᠲᠡᠮᠦᠷ ᠊ᠢ ᠬᠣᠩ ᠲᠠᠶ᠋ᠢᠽᠢ ᠡᠷᠭᠦᠮᠵᠢᠯᠡᠬᠦ ᠪᠤᠶᠤ ?  ᠰᠡᠲᠢ ᠦᠭᠦᠯᠡᠷᠦᠨ ᠄ 《 ᠡᠨᠡ ᠢᠨᠤ ᠭᠠᠷᠴᠠᠬ᠋᠎ᠠ ᠦᠭᠡᠢ ᠪᠤᠯᠠᠢ ᠃ ᠠᠬ᠎ᠠ ᠳᠡᠭᠦᠦ ᠬᠣᠶᠠᠭᠤᠯᠠ ᠬᠠᠷᠢᠯᠴᠠᠨ ᠨᠠᠶ᠋ᠢᠷ ᠲᠠᠯᠪᠢᠵᠤ ᠥᠷᠥᠰᠢᠶᠡᠯ ᠡᠷᠲᠡᠮ ᠊ᠢ ᠲᠡᠭᠦᠰ ᠪᠣᠯᠭᠠᠪᠠᠰᠤ ᠡᠷᠲᠡᠨ ᠪ ᠶᠣᠣ ᠂ ᠱᠦᠨ ᠡᠴᠡ ᠶᠠᠭᠤᠨ ᠳᠣᠣᠷ᠎ᠠ ᠪᠠᠶ᠋ᠢᠬ᠋᠎ᠠ ᠠᠵᠢ ? 》 ᠬᠡᠮᠡᠪᠡᠢ ᠃ ᠵᠸᠦ ᠸᠠᠩ ᠬᠣᠱᠶ᠋ᠯᠠ ᠨᠢᠭᠡᠨ ᠴᠠᠭ ᠳᠣᠷ ᠰᠢᠢᠳᠪᠦᠷᠢ ᠭᠠᠷᠭᠠᠵᠤ ᠳᠡᠶ᠋ᠢᠯᠬᠦ ᠦᠭᠡᠢ ᠪᠠᠶ᠋ᠢᠵᠤ ᠂ ᠣᠷᠲᠣᠨ ᠪ ᠨᠣᠶᠠᠳ ᠊ᠢ ᠴᠤᠭᠯᠠᠭᠤᠯᠤᠨ ᠵᠥᠪᠲᠡᠪᠡᠰᠦ ᠂ ᠣᠯᠠᠭᠤᠯᠠ ᠪᠦᠷ ᠡᠵᠡᠨ ᠶ᠋ᠢᠡᠨ ᠳᠠᠭᠠᠵᠤ ᠨᠡᠶ᠋ᠢᠰᠯᠡᠯ ᠣᠷᠣᠵᠤ ᠪᠠᠶᠠᠨ ᠡᠷᠬᠢᠮ ᠊ᠢ ᠡᠲᠯᠡᠬᠦ ᠶ᠋ᠢ ᠬᠦᠰᠡᠬᠦ ᠰᠡᠤᠠᠬᠢᠯ ᠲᠤᠯᠭᠠᠮ ᠲᠤᠯᠠ ᠴᠦᠮ ᠶ᠋ᠢᠡᠷ ᠨᠢᠭᠡᠨ ᠳᠠᠭᠤᠨ ᠶ᠋ᠢᠠᠷ ᠵᠥᠪᠰᠢᠶᠡᠷᠡᠵᠦᠬᠦᠢ ᠃ ᠴᠠᠭᠠᠲᠠᠢ ᠬᠠᠭᠠᠨᠲᠤ ᠤᠯᠤᠰ ᠦ᠋ᠨ ᠡᠵᠡᠨ ᠲᠥᠷᠦᠬᠡᠲᠡᠮᠦᠷ ᠪᠠᠰᠠ ᠵᠸᠦ ᠸᠠᠩ ᠬᠣᠱᠶ᠋ᠯᠠ ᠶ᠋ᠢ ᠬᠤᠷᠲᠤᠨ ᠨᠡᠶ᠋ᠢᠰᠯᠡᠯ ᠣᠷᠣᠵᠤ ᠶᠡᠬᠡ ᠬᠠᠭᠠᠨ ᠪ ᠰᠠᠭᠤᠷᠢᠨ  ᠳᠤ ᠰᠠᠭᠤᠬᠤ ᠶ᠋ᠢ ᠢᠤᠠᠬᠠᠪᠠ ᠃ ᠵᠸᠦ ᠸᠠᠩ ᠬᠣᠱᠶ᠋ᠯᠠ ᠣᠯᠠᠨ ᠨᠣᠶᠠᠨ ᠪ ᠢᠤᠠᠬᠠᠯ ᠰᠠᠨᠠᠯ ᠊ᠢ ᠳᠠᠬᠢᠨ ᠳᠠᠪᠲᠠᠨ ᠪᠣᠲᠣᠯᠬᠢᠯᠠᠵᠤ ᠬᠠᠮᠤᠭ ᠡᠴᠦᠰ ᠲᠤ ᠬᠠᠭᠤᠴᠢᠨ ᠲᠦᠰᠢᠮᠡᠯ ᠪᠤᠯᠤᠳ ᠊ᠢ ᠤᠷᠢᠲᠠᠪᠡᠷ ᠨᠡᠶ᠋ᠢᠰᠯᠡᠯ ᠬᠣᠲᠠ ᠣᠷᠣᠭᠤᠯᠵᠤ ᠳᠡᠭᠦᠦ ᠲᠣᠭᠲᠡᠮᠦᠷ ᠵᠠᠶᠠᠭᠠᠲᠤ ᠬᠠᠭᠠᠨ ᠪ ᠤᠭ ᠰᠠᠨᠠᠬ᠋᠎ᠠ ᠶ᠋ᠢ ᠣᠶ᠋ᠢᠯᠠᠭᠠᠭᠤᠯᠬᠤ ᠶ᠋ᠢᠨ ᠬᠠᠮᠲᠤᠲᠠ ᠥᠪᠡᠷ ᠦ᠋ᠨ ᠪᠡᠶ᠎ᠡ ᠡᠮᠦᠨᠡᠰᠢ ᠮᠣᠷᠲᠠᠭᠰᠠᠨ ᠴᠢᠮᠡᠭᠡ ᠶ᠋ᠢ ᠤᠯᠠᠮᠵᠢᠯᠠᠭᠤᠯᠪᠠ ᠃ ᠲᠡᠲᠦᠢ ᠎ᠳ᠋ᠦ᠍ᠷ ᠱᠠᠩᠲᠤ ᠲᠠᠶ᠋ᠢᠲᠦ ᠬᠣᠶᠠᠷ ᠨᠡᠶ᠋ᠢᠰᠯᠡᠯ ᠦ᠋ᠨ  ᠴᠡᠷᠢᠭ ᠠᠷᠠᠳ ᠵᠸᠦ ᠸᠠᠩ ᠬᠣᠱᠶ᠋ᠯᠠ ᠶ᠋ᠢᠨ ᠡᠯᠴᠢᠨ ᠲᠣᠮᠢᠯᠠᠨ  ᠢᠷᠡᠭᠦᠯᠦᠭᠰᠡᠨ ᠊ᠢ ᠰᠣᠨᠣᠰᠤᠭᠠᠳ ᠮᠠᠰᠢᠲᠠ ᠪᠠᠶᠠᠷᠯᠠᠯᠲᠤᠨ ᠬᠥᠭᠡᠷᠦᠯᠲᠦᠵᠦ ᠬᠠᠷᠢᠯᠴᠠᠨ ᠪᠡᠶ᠎ᠡ ᠪᠡᠶ᠎ᠡ  ᠳᠤ ᠪᠡᠨ ᠳᠠᠮᠵᠢᠭᠤᠯᠤᠨ ᠦᠭᠦᠯᠡᠯᠲᠦᠵᠦ ᠬᠥᠮᠦᠰ ᠦ᠋ᠨ ᠰᠡᠤᠠᠬᠢᠯ ᠦ᠋ᠨ  ᠬᠠᠨᠲᠤᠰᠢ ᠲᠡᠭᠦᠨ  ᠳ᠋ᠤᠷ  ᠪᠣᠯᠵᠤ《 ᠪᠢᠳᠡᠨ ᠪ ᠦᠨᠡᠨ ᠡᠵᠡᠨ ᠦᠨᠡᠬᠡᠷ  ᠤᠮᠠᠷᠠᠲᠤ ᠣᠷᠣᠨ ᠠ᠋ᠴᠠ ᠪᠤᠴᠠᠵᠤ ᠢᠷᠡᠯ᠎ᠡ ! 》 ᠬᠡᠮᠡᠨ ᠲᠥᠷᠥᠯ ᠦ᠋ᠨ ᠨᠣᠶᠠᠳ ᠂ ᠬᠠᠭᠤᠴᠢᠨ ᠲᠦᠰᠢᠮᠡᠳ ᠥᠪᠡᠳᠡᠭᠰᠢ ᠶᠡᠬᠡ ᠪᠡᠷ ᠤᠭᠲᠤᠵᠤ ᠠᠪᠬᠤ ᠪᠠᠷ ᠪᠡᠯᠡᠳᠬᠡᠪᠡ᠃ 
      ᠲᠠᠨᠲᠠᠴᠨ ᠵᠸᠦ ᠸᠠᠩ ᠬᠣᠱ᠌ᠢᠯᠨ ᠂ ᠴᠠᠭᠠᠲᠠᠢ ᠬᠠᠭᠠᠨᠲᠤ ᠤᠯᠤᠰ ᠦ᠋ᠨ ᠳᠥᠷᠥᠭᠡᠳᠡᠮᠦᠷ ᠬᠠᠨ ᠪ ᠶᠡᠬᠡ  ᠴᠡᠷᠢᠭ ᠦ᠋ᠨ ᠬᠠᠮᠠᠭᠠᠯᠠᠯ ᠳᠣᠣᠷ᠎ᠠ ᠽᠠᠩ ᠵᠢᠶᠠ ᠨᠦ᠍ ᠂ ᠠᠾᠠᠮᠨ ᠨᠠᠷ ᠦ᠋ᠨ ᠬᠠᠮᠲᠤ ᠡᠮᠦᠨᠡᠰᠢ ᠢᠷᠡᠪᠡ ᠃ ᠲᠠᠶᠠᠨ ᠯᠢ ᠶ᠋ᠢᠨ ᠬᠣᠶᠠᠲᠤᠭᠠᠷ ᠣᠨ (1329 ᠣᠨ ) ᠪ ᠴᠠᠭᠠᠨ ᠰᠠᠷ᠎ᠠ ᠶ᠋ᠢᠨ ᠬᠣᠷᠢᠨ ᠳᠣᠯᠣᠭᠠᠨ ᠪ ᠡᠳᠦᠷ ᠵᠸᠦ ᠸᠠᠩ ᠬᠣᠱ᠌ᠢᠯᠨ ᠪᠡᠷ ᠲᠣᠭᠲᠡᠮᠦᠷ ᠵᠠᠶᠠᠭᠠᠲᠤ ᠬᠠᠭᠠᠨ ᠪ  ᠢᠯᠡᠭᠡᠭᠰᠡᠨ ᠤᠭᠲᠤᠯᠭ᠎ᠠ ᠶ᠋ᠢᠨ ᠡᠯᠴᠢᠨ ᠪ ᠪᠦᠯᠬᠦᠮ ᠲᠡᠢ ᠠᠭᠤᠯᠵᠠᠭᠠᠳ ᠳᠡᠭᠦᠦ ᠲᠣᠭᠲᠡᠮᠦᠷ ᠲᠡᠭᠦᠨ ᠊ᠢ ᠶᠡᠬᠡ ᠬᠠᠭᠠᠨ ᠪ ᠣᠷᠤ ᠳ᠋ᠤᠷ ᠦᠤᠠᠲᠡᠷ ᠰᠠᠭᠤᠲᠤᠭᠠᠢ ᠬᠡᠮᠡᠨ ᠬᠢᠴᠢᠶᠡᠨ  ᠲᠤᠷᠠᠤᠠᠬᠤᠢ ᠶ᠋ᠢ ᠮᠡᠲᠡᠭᠡᠳ ᠬᠣᠷᠢᠨ ᠨᠠᠢ᠍ᠮᠠᠨ ᠪ ᠡᠳᠦᠷ ᠵᠸᠦ ᠸᠠᠩ ᠬᠣᠱ᠌ᠢᠯᠨ ᠪᠡᠷ ᠬᠠᠷᠠᠬᠣᠷᠢᠨ ᠪ ᠤᠮᠠᠷ᠎ᠠ ᠳ᠋ᠡᠬᠢ  ᠴᠡᠴᠡᠭᠲᠦ ᠨᠠᠭᠤᠷ ᠬᠡᠮᠡᠬᠦ ᠭᠠᠵᠠᠷ ᠲᠤ ᠬᠠᠭᠠᠨ ᠪ ᠰᠠᠭᠤᠷᠢᠨ᠎ᠠ ᠰᠠᠭᠤᠪᠠ᠃  ᠬᠠᠮᠠᠭᠠᠯᠠᠨ ᠶᠠᠪᠤᠭ᠎ᠠ ᠲᠥᠷᠥᠯ ᠦ᠋ᠨ ᠨᠣᠶᠠᠨ ᠶᠡᠬᠡ ᠰᠠᠶ᠋ᠢᠳ ᠲᠦᠰᠢᠮᠡᠳ ᠵᠢᠴᠢ  ᠲᠣᠭᠲᠡᠮᠦᠷ ᠦ᠋ᠨ ᠲᠣᠮᠢᠯᠠᠨ  ᠢᠷᠡᠭᠦᠯᠦᠭᠰᠡᠨ ᠡᠯᠴᠢᠨ ᠰᠡᠲᠢ ᠂  ᠬᠠᠰᠠᠨ ᠨᠠᠷ ᠪᠦᠭᠦᠳᠡᠭᠡᠷ ᠪᠠᠶᠠᠷ ᠦ᠋ᠨ ᠶᠣᠰᠣ ᠪᠠᠷ ᠮᠥᠷᠭᠦᠪᠡ ᠃ ᠮᠣᠩᠭᠣᠯ ᠶ᠋ᠢᠠᠷ ᠬᠣᠲᠣᠭᠲᠦ ᠬᠠᠭᠠᠨ ᠬᠡᠮᠡᠮᠦᠢ ᠃ ᠵᠠᠯᠭᠠᠭᠠᠳ ᠲᠠᠶ᠋ᠢᠲᠦ ᠬᠣᠲᠠ ᠠ᠋ᠴᠠ ᠠᠯᠲᠠ ᠮᠥᠩᠭᠥ ᠂ ᠡᠳ᠋ ᠬᠡᠷᠡᠬ᠋ᠰᠡᠯ ᠂ ᠪᠦᠰ ᠲᠣᠷᠬ᠋᠎ᠠ ᠶ᠋ᠢᠨ ᠵᠦᠢᠯ ᠊ᠢ ᠬᠦᠷᠭᠡᠵᠦ ᠢᠷᠡᠪᠡ ᠃
      ᠠᠯᠢᠪᠠ  ᠬᠡᠷᠡᠭ ᠪᠦᠷ ᠰᠠᠨᠠᠭᠰᠠᠨ ᠶᠣᠰᠣᠭᠠᠷ  ᠪᠦᠲᠦᠭᠰᠡᠨ ᠳᠤ ᠬᠣᠱ᠌ᠢᠯᠨ ᠬᠣᠲᠣᠭᠲᠦ ᠬᠠᠭᠠᠨ ᠰᠡᠤᠠᠬᠢᠯ ᠬᠠᠩᠭᠠᠯᠤᠭᠤᠨ ᠪᠣᠯᠵᠤ ᠰᠡᠲᠢ ᠶ᠋ᠢ ᠪᠤᠴᠠᠵᠤ ᠬᠠᠷᠢᠭᠠᠳ ᠲᠣᠭᠲᠡᠮᠦᠷ ᠲᠦ ᠬᠠᠷᠢᠭᠤ ᠮᠡᠲᠡᠭᠦᠯᠬᠦ ᠶ᠋ᠢ ᠵᠠᠬᠢᠪᠠ ᠃ ᠬᠣᠱ᠌ᠢᠯᠨ ᠬᠣᠲᠣᠭᠲᠦ ᠬᠠᠭᠠᠨ ᠪᠡᠷ ᠰᠡᠲᠢ ᠳ᠋ᠤᠷ ᠦᠭᠦᠯᠡᠷᠦᠨ ᠄ 《 ᠮᠢᠨᠦ ᠳᠡᠭᠦᠦ ᠤᠷᠢᠲᠠ  ᠪᠢᠴᠢᠭ᠌ ᠱᠠᠰᠲᠢᠷ ᠊ᠢ ᠦᠷᠭᠦᠯᠵᠢ ᠣᠩᠰᠢᠬᠤ ᠲᠤᠷᠲᠠᠢ ᠪᠦᠯᠦᠭᠡ ᠃ ᠡᠲᠦᠭᠡ  ᠬᠡᠷᠡᠭ ᠰᠢᠢᠳᠬᠡᠭᠰᠡᠨ ᠴᠢᠯᠥᠭᠡ ᠳ᠋ᠡᠭᠡᠨ ᠮᠡᠷᠭᠡᠳ ᠡᠷᠲᠡᠮᠲᠡᠳ ᠯᠤᠭᠡ ᠰᠢᠲᠡᠷᠲᠡᠨ ᠶᠠᠪᠤᠵᠤ ᠱᠠᠰᠲᠢᠷ  ᠪᠢᠴᠢᠭ᠌ ᠊ᠢ ᠰᠢᠭᠦᠮᠵᠢᠯᠡᠨ ᠦᠭᠦᠯᠡᠯᠲᠦᠵᠦ ᠡᠷᠲᠡᠨ ᠡᠲᠦᠬᠡᠬᠢ ᠶ᠋ᠢᠨ ᠡᠩᠬᠡ ᠰᠠᠮᠠᠭᠤᠨ ᠪᠠ ᠤᠨᠤᠵᠤ ᠠᠯᠲᠠᠭᠰᠠᠨ ᠶᠠᠪᠤᠲᠠᠯ ᠊ᠢ ᠮᠡᠲᠡᠪᠡᠰᠦ ᠵᠣᠬᠢᠮᠤᠢ ᠃ ᠴᠢ ᠪᠡᠷ ᠨᠡᠶ᠋ᠢᠰᠯᠡᠯ ᠬᠣᠲᠠᠨ  ᠳᠤ ᠬᠦᠷᠦᠭᠰᠡᠨ ᠪ ᠬᠣᠶ᠋ᠢᠨ᠎ᠠ ᠮᠢᠨᠦ ᠡᠨᠡ ᠰᠠᠨᠠᠭᠠᠨ ᠊ᠢ ᠤᠬᠠᠭᠤᠯ 》 ᠬᠡᠮᠡᠪᠡ ᠃


       ᠬᠠᠪᠤᠷ ᠦ᠋ᠨ ᠳᠤᠮᠳᠠᠳᠤ ᠰᠠᠷ᠎ᠠ  ᠳᠤ ᠰᠠᠲᠢ ᠨᠠᠷ ᠳᠠᠶ᠋ᠢᠳᠤ  ᠳᠤ ᠪᠤᠴᠠᠵᠤ ᠬᠠᠷᠢᠭᠠᠳ ᠬᠠᠭᠠᠨ ᠪ ᠵᠠᠷᠯᠢᠬ ᠊ᠢ ᠠᠶ᠋ᠢᠯᠠᠤᠠᠬᠠᠪᠠ ᠃ ᠲᠣᠭᠲᠡᠮᠤᠷ ᠪᠠᠷ ᠠᠬ᠎ᠠ ᠬᠣᠱᠶ᠋ᠯᠠ ᠶ᠋ᠢᠨ ᠬᠠᠭᠠᠨ ᠣᠷᠣ  ᠳᠤ ᠰᠠᠭᠤᠭᠰᠠᠨ ᠊ᠢ ᠰᠣᠨᠣᠰᠤᠭᠠᠳ ᠶᠠᠮᠤᠨ ᠪ ᠰᠠᠶ᠋ᠢᠳ ᠲᠤᠷ ᠦᠭᠦᠯᠡᠷᠦᠨ ᠄ 《 ᠰᠠᠲᠢ ᠢᠷᠡᠵᠦ ᠬᠡᠯᠡᠬᠦ ᠢᠨᠤ ᠠᠬ᠎ᠠ ᠶ᠋ᠢ ᠬᠠᠭᠠᠨ ᠰᠠᠭᠤᠷᠢᠨ  ᠳᠤ ᠰᠠᠭᠤᠪᠠ ᠬᠡᠮᠡᠮᠦᠢ ᠃ ᠬᠠᠪᠤᠷ ᠦ᠋ᠨ ᠳᠤᠮᠳᠠᠳᠤ ᠰᠠᠷ᠎ᠠ ᠶ᠋ᠢᠨ ᠬᠣᠷᠢᠨ ᠨᠢᠭᠡᠨ ᠡᠴᠡ ᠴᠢᠨᠠᠭᠰᠢ ᠲᠠᠯᠪᠢᠬᠰᠠᠨ ᠲᠦᠰᠢᠮᠡᠳ ᠲᠤᠷ ᠬᠤᠷᠲᠤᠨ ᠲᠡᠮᠲᠡᠭ  ᠥᠭᠲᠦᠭᠡᠢ ᠂ ᠡᠭᠦᠨᠴᠡ ᠬᠣᠶ᠋ᠢᠰᠢ ᠲᠦᠰᠢᠮᠡᠯ ᠲᠠᠯᠪᠢᠬᠤ ᠶ᠋ᠢ ᠠᠬ᠎ᠠ ᠶ᠋ᠢᠨ ᠪᠠᠭᠤᠭᠰᠠᠨ ᠭᠠᠵᠠᠷ ᠲᠤᠷ ᠡᠴᠢᠵᠦ ᠠᠶ᠋ᠢᠯᠠᠤᠠᠬᠠᠭᠲᠤᠨ 》 ᠬᠡᠮᠡᠪᠡ ᠃
     ᠬᠠᠪᠤᠷ ᠦ᠋ᠨ ᠰᠡᠭᠦᠯ ᠰᠠᠷ᠎ᠠ  ᠳᠤ ᠲᠣᠭᠲᠡᠮᠤᠷ ᠪᠡᠷ ᠪᠠᠷᠠᠭᠤᠨ ᠭᠠᠷᠤᠨ ᠴᠢᠩᠰᠠᠩ ᠡᠯᠲᠡᠮᠤᠷ ᠲᠤᠷ ᠬᠠᠭᠠᠨ ᠪ ᠬᠠᠰ ᠲᠠᠮᠠᠬ᠋᠎ᠠ ᠶ᠋ᠢ ᠲᠡᠪᠡᠷᠢᠭᠦᠯᠵᠦ ᠬᠠᠭᠠᠨ ᠪ ᠪᠠᠭᠤᠭᠰᠠᠨ ᠭᠠᠵᠠᠷ ᠲᠤᠷ  ᠬᠦᠷᠭᠡᠯᠭᠡᠭᠰᠡᠨ ᠪᠥᠭᠡᠳ ᠪᠠᠰᠠ ᠠᠯᠲᠠ ᠮᠢᠩᠬ᠋᠎ᠠ ᠲᠠᠪᠤᠨ ᠵᠠᠭᠤᠨ ᠯᠠᠩ ᠂ ᠮᠥᠩᠭᠥ ᠳᠣᠯᠣᠭᠠᠨ ᠮᠢᠩᠬ᠋᠎ᠠ ᠲᠠᠪᠤᠨ ᠵᠠᠭᠤᠨ ᠯᠠᠩ ᠂ ᠲᠣᠷᠬ᠋᠎ᠠ ᠮᠠᠩᠨᠤᠭ ᠲᠦᠷᠪᠡᠭᠡᠳ ᠵᠠᠭᠤᠨ ᠪᠦᠬᠦᠯᠢ ᠭᠠᠷᠭᠠᠵᠤ ᠱᠠᠩᠨᠠᠬᠤᠢ ᠳ᠋ᠤᠷ ᠪᠡᠯᠡᠤᠠᠭᠡᠷ᠎ᠡ ᠪᠠᠭᠤᠭᠰᠠᠨ ᠭᠠᠵᠠᠷ ᠲᠤᠷ ᠬᠦᠷᠭᠡᠭᠦᠯᠦᠭᠡᠳ ᠶᠠᠮᠤᠨ ᠪ ᠰᠠᠶ᠋ᠢᠳ ᠲᠤᠷ ᠦᠭᠦᠯᠡᠷᠦᠨ ᠄ 《 ᠬᠠᠰ ᠲᠠᠮᠠᠬ᠋᠎ᠠ ᠶ᠋ᠢ ᠬᠣᠶ᠋ᠢᠲᠤ ᠭᠠᠵᠠᠷ ᠲᠤᠷ  ᠬᠦᠷᠭᠡᠭᠰᠡᠨ ᠪ ᠲᠤᠯᠠᠲᠠ ᠵᠠᠰᠠᠭ ᠲᠥᠷᠥ ᠶ᠋ᠢᠨ  ᠬᠡᠷᠡᠭ ᠊ᠢ ᠬᠥᠮᠦᠨ ᠵᠠᠷᠤᠵᠤ ᠪᠠᠭᠤᠭᠰᠠᠨ ᠭᠠᠵᠠᠷ ᠲᠤᠷ ᠰᠣᠨᠤᠰᠬᠠᠨ ᠠᠶ᠋ᠢᠯᠠᠤᠠᠭ᠋᠎ᠠ 》 ᠬᠡᠮᠡᠵᠦᠬᠦᠢ ᠃
      ᠵᠤᠨ ᠪ ᠲᠡᠷᠢᠭᠦᠨ ᠰᠠᠷ᠎ᠠ  ᠳᠤ ᠡᠯᠲᠡᠮᠤᠷ ᠂ ᠬᠠᠭᠠᠨ ᠪ ᠪᠠᠭᠤᠭᠰᠠᠨ ᠭᠠᠵᠠᠷ ᠲᠦ ᠬᠦᠷᠦᠭᠡᠳ ᠣᠯᠠᠨ ᠲᠦᠰᠢᠮᠡᠯ ᠊ᠢ ᠠᠪᠴᠤ ᠮᠦᠷᠭᠦᠭᠡᠳ ᠬᠠᠰ ᠲᠠᠮᠠᠬ᠋᠎ᠠ ᠶ᠋ᠢ ᠡᠷᠭᠦᠨ ᠪᠠᠷᠢᠪᠠ ᠃ ᠬᠣᠱᠶ᠋ᠯᠠ ᠬᠤᠲᠤᠭᠲᠤ ᠬᠠᠭᠠᠨ ᠪᠠᠷ ᠡᠯᠲᠡᠮᠤᠷ ᠦ᠋ᠨ ᠭᠠᠪᠢᠶ᠎ᠠ ᠶ᠋ᠢ ᠠᠨᠤ ᠶᠡᠬᠡᠲᠡ ᠰᠠᠶ᠋ᠢᠰᠢᠶᠠᠵᠤ ᠂ ᠲᠠᠶ᠋ᠢᠱᠶ᠋ ᠴᠣᠯᠠ ᠰᠣᠶᠣᠷᠬᠠᠨ ᠲᠣᠭᠲᠡᠮᠤᠷ ᠦ᠋ᠨ  ᠡᠷᠭᠦᠮᠵᠢᠯᠡᠭᠰᠡᠨ ᠲᠥᠪ  ᠪᠢᠴᠢᠭ᠌ ᠦ᠋ᠨ ᠮᠣᠵᠢ ᠶ᠋ᠢᠨ ᠪᠠᠷᠠᠭᠤᠨ ᠭᠠᠷᠤᠨ ᠴᠢᠩᠰᠠᠩ ᠦ᠋ᠨ ᠲᠤᠰᠢᠶᠠᠯ ᠊ᠢ ᠤᠭ ᠬᠡᠪ ᠶ᠋ᠢᠡᠷ ᠪᠣᠯᠭᠠᠵᠤ ᠵᠠᠷᠯᠢᠬ ᠪᠣᠯᠤᠷᠤᠨ ᠄ 《 ᠮᠢᠨᠦ ᠳᠡᠭᠦᠦ ᠶ᠋ᠢᠨ  ᠡᠷᠭᠦᠮᠵᠢᠯᠡᠭᠰᠡᠨ ᠨᠡᠶ᠋ᠢᠰᠯᠡᠯ ᠬᠣᠲᠠ ᠶ᠋ᠢᠨ ᠠᠯᠢᠪᠠ ᠲᠦᠰᠢᠮᠡᠳ ᠴᠦᠮ ᠤᠵᠠᠭᠤᠷ ᠦ᠋ᠨ ᠶᠣᠰᠣᠭᠠᠷ ᠶ᠋ᠢᠠᠨ ᠪᠣᠯᠲᠤᠭᠠᠢ ᠂ ᠡᠷᠬᠢᠨ ᠲᠦᠰᠢᠮᠡᠯ ᠴᠢ ᠪᠡᠷ ᠮᠢᠨᠦ ᠰᠠᠨᠠᠭᠠᠨ ᠊ᠢ ᠤᠬᠠᠭᠤᠯᠤᠭᠲᠤᠨ 》 ᠬᠡᠮᠡᠭᠰᠡᠨ᠎ᠡ ᠡᠯᠲᠡᠮᠤᠷ ᠠᠶ᠋ᠢᠯᠠᠤᠠᠬᠠᠷᠤᠨ ᠄ 《 ᠬᠠᠭᠠᠨ ᠪᠠᠷ ᠲᠦᠮᠡᠨ ᠣᠯᠠᠨ ᠪ ᠨᠡᠶ᠋ᠢᠲᠡ ᠶ᠋ᠢᠨ ᠡᠵᠡᠨ ᠪᠦᠬᠦᠢ ᠶ᠋ᠢᠨ ᠲᠤᠯᠠ ᠵᠠᠰᠠᠭ ᠲᠥᠷᠥ ᠳ᠋ᠤᠷ ᠬᠣᠯᠪᠣᠭᠲᠠᠭᠰᠠᠨ ᠶᠡᠬᠡ  ᠬᠡᠷᠡᠭ ᠴᠦᠮ ᠲᠦᠪ  ᠪᠢᠴᠢᠭ᠌ ᠦ᠋ᠨ ᠮᠣᠵᠢ ᠂  ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠂ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠎ᠳ᠋ᠦ᠍ᠷ ᠪᠤᠢ ᠶ᠋ᠢᠨ ᠲᠤᠯᠠ ᠰᠢᠲᠤᠷᠭᠤ ᠬᠥᠮᠦᠨ ᠊ᠢ ᠰᠣᠩᠭᠣᠵᠤ ᠲᠠᠯᠪᠢᠪᠠᠰᠤ ᠵᠣᠬᠢᠮᠤᠢ 》 ᠬᠡᠮᠡᠬᠦᠶ᠎ᠡ ᠬᠠᠭᠠᠨ ᠪᠠᠷ ᠵᠥᠪᠰᠢᠶᠡᠷᠡᠵᠦ  ᠬᠥᠯᠥᠭ ᠬᠠᠭᠠᠨ ᠪ ᠬᠠᠭᠤᠴᠢᠨ ᠲᠦᠰᠢᠮᠡᠯ ᠠᡁᠨᠮᠠ ᠶ᠋ᠢ ᠲᠦᠪ  ᠪᠢᠴᠢᠭ᠌ ᠦ᠋ᠨ ᠮᠣᠵᠢ ᠶ᠋ᠢᠨ ᠫᠢᠩ ᠵᠠᠩ ᠵᠸᠩᠱ‍ᠢ ᠲᠦᠰᠢᠮᠡᠯ ᠂ ᠪᠦᠸᠸ ᠲᠡᠮᠦᠷ ᠊ᠢ  ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠦ᠋ᠨ  ᠬᠡᠷᠡᠭ ᠰᠢᠢᠳᠬᠡᠭᠴᠢ  ᠂ ᠪᠣᠯᠤᠳ ᠊ᠢ ᠪᠠᠶ᠋ᠢᠴᠠᠭᠠᠨ ᠠᠶ᠋ᠢᠯᠡᠤᠠᠬᠠᠬᠤ ᠬᠣᠷᠢᠶ᠎ᠠ ᠶ᠋ᠢᠨ ᠡᠷᠭᠢᠨ ᠰᠠᠶ᠋ᠢᠳ ᠶ᠋ᠢᠠᠷ ᠲᠣᠰ ᠲᠣᠰ ᠲᠣᠮᠢᠯᠠᠪᠠ ᠃
       ᠬᠤᠱ‍ᠢᠯᠠ ᠬᠣᠲᠤᠭᠲᠦ ᠬᠠᠭᠠᠨ ᠪᠠᠷ ᠬᠠᠰ ᠲᠠᠮᠠᠬ᠋᠎ᠠ ᠶ᠋ᠢ ᠬᠤᠷᠢᠶᠠᠠ ᠠᠪᠤᠭᠠᠳ ᠬᠠᠤᠯᠢ ᠶᠣᠰᠣᠨ ᠪ ᠶᠡᠬᠡ ᠬᠠᠭᠠᠨ ᠪᠣᠯᠤᠭᠰᠠᠨ ᠲᠤᠯᠠ ᠰᠡᠤᠠᠬᠢᠯ ᠮᠠᠰᠢ ᠥᠨᠲᠥᠷ ᠪᠣᠯᠵᠤ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠶ᠋ᠢᠨ ᠲᠦᠰᠢᠮᠡᠳ ᠲᠤᠷ ᠵᠠᠷᠯᠢᠬ ᠪᠣᠯᠤᠷᠤᠨ ᠄ 《 ᠮᠠᠨ ᠪ ᠪᠣᠭᠲᠠ ᠴᠢᠩᠭᠢᠰ ᠬᠠᠭᠠᠨ ᠣᠯᠠᠨ ᠰᠠᠶ᠋ᠢᠳ ᠲᠦᠰᠢᠮᠡᠯ  ᠳᠤ ᠪᠡᠨ ᠵᠠᠷᠯᠠᠨ ᠰᠤᠷᠭᠠᠭᠰᠠᠨ ᠠᠨᠤ ᠂ ᠭᠣᠸ᠋᠎ᠠ ᠦᠬᠢᠳ ᠰᠠᠶ᠋ᠢᠨ ᠮᠣᠷᠢ ᠶ᠋ᠢ ᠬᠥᠮᠦᠨ ᠪᠦᠬᠦᠨ ᠬᠦᠰᠡᠮᠦᠢ ᠃ ᠲᠡᠶ᠋ᠢᠨ ᠠᠲᠠᠯ᠎ᠠ ᠰᠡᠤᠠᠬᠢᠯ ᠢᠨᠦ ᠲᠡᠭᠦᠨ ᠎ᠳ᠋ᠦ᠍ᠷ ᠰᠢᠨᠤᠵᠤ ᠠᠪᠲᠠᠪᠠᠰᠤ ᠨᠡᠷ᠎ᠡ ᠶ᠋ᠢ ᠭᠤᠲᠤᠭᠠᠭᠠᠳ ᠡᠷᠲᠡᠮ ᠢᠨᠦ ᠡᠪᠲᠡᠷᠡᠶᠦ ᠬᠡᠮᠡᠵᠦᠬᠦᠢ ᠃ ᠲᠦᠰᠢᠮᠡᠳ ᠲᠠ ᠪᠠᠷ ᠴᠠᠭᠠᠵᠠ ᠬᠠᠤᠯᠢ ᠶ᠋ᠢᠨ ᠲᠤᠰᠢᠶᠠᠯᠲᠤ  ᠲᠡᠷᠢᠭᠦᠯᠦᠭᠰᠡᠨ ᠰᠠᠶ᠋ᠢᠳ ᠪᠦᠬᠦᠢ ᠶ᠋ᠢᠨ ᠲᠤᠯᠠᠲᠠ ᠡᠨᠡ ᠰᠤᠷᠭᠠᠯ ᠊ᠢ ᠣᠮᠠᠷᠲᠠᠯ ᠦᠭᠡᠢ ᠪᠠᠲᠤ ᠲᠣᠭᠲᠠᠭᠠᠲᠤᠭᠠᠢ ᠃ ᠰᠡᠴᠡᠨ ᠬᠠᠭᠠᠨ ᠪᠠᠷ ᠪᠠᠶ᠋ᠢᠴᠠᠭᠠᠨ ᠠᠶ᠋ᠢᠯᠡᠤᠠᠬᠠᠬᠤ ᠬᠣᠷᠢᠶ᠎ᠠ ᠶ᠋ᠢ ᠲᠣᠭᠲᠠᠮ ᠪᠠᠶ᠋ᠢᠭᠤᠯᠬᠤ ᠦᠶ᠎ᠡ  ᠳᠤ ᠳᠠᠴᠠᠷ ᠨᠣᠶᠠᠨ ᠎ᠳ᠋ᠦ᠍ᠷ ᠵᠠᠷᠯᠢᠬ ᠪᠣᠯᠤᠭᠰᠠᠨ ᠠᠨᠤ ᠂ ᠴᠢᠮ᠎ᠠ ᠶ᠋ᠢ ᠵᠠᠰᠠᠭ ᠲᠤᠷ ᠲᠤᠰᠠᠯᠠᠭᠤᠯᠪᠠᠢ ᠃ ᠦᠯᠢᠭᠡᠷᠯᠡᠪᠡᠰᠦ ᠳᠡᠯᠡᠬᠡᠢ ᠳ᠋ᠠᠬᠢᠨ ᠪ ᠵᠠᠰᠠᠭ ᠲᠥᠷᠥ ᠨᠢᠭᠡᠨ ᠬᠥᠮᠦᠨ ᠪ ᠪᠡᠶ᠎ᠡ ᠠᠲᠠᠯᠢ ᠂ ᠲᠦᠪ  ᠪᠢᠴᠢᠭ᠌ ᠦ᠋ᠨ ᠮᠣᠵᠢ  ᠬᠡᠮᠡᠭᠴᠢ ᠪᠠᠷᠠᠭᠤᠨ ᠭᠠᠷ ᠂  ᠴᠡᠷᠢᠭ ᠦ᠋ᠨ ᠨᠢᠭᠤᠴᠠ ᠶ᠋ᠢᠨ ᠬᠦᠷᠢᠶᠡᠯᠡᠩ  ᠬᠡᠮᠡᠭᠴᠢ ᠵᠡᠭᠦᠨ ᠭᠠᠷ ᠪᠣᠶᠤ ᠃ ᠬᠣᠶᠠᠷ ᠭᠠᠷ ᠡᠪᠡᠤᠠᠪᠡᠰᠦ ᠰᠠᠶ᠋ᠢᠨ ᠡᠮᠴᠢ ᠪᠡᠷ ᠵᠠᠰᠠᠭᠤᠯᠤᠮᠤᠢ ᠃ ᠮᠣᠵᠢ ᠂ ᠬᠦᠷᠢᠶᠡᠯᠡᠩ ᠦ᠋ᠨ ᠲᠦᠰᠢᠮᠡᠳ ᠦ᠋ᠨ  ᠡᠨᠳᠡᠭᠰᠡᠨ ᠠᠯᠲᠠᠭᠰᠠᠨ ᠶᠠᠪᠤᠲᠠᠯ ᠊ᠢ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠠ᠋ᠴᠠ ᠵᠠᠰᠠᠪᠠᠰᠤ ᠵᠣᠬᠢᠮᠤᠢ ᠃ ᠲᠥᠷᠥᠯ ᠦ᠋ᠨ ᠨᠣᠶᠠᠳ ᠂ ᠰᠠᠶ᠋ᠢᠳ ᠲᠦᠰᠢᠮᠡᠳ ᠪᠠᠷ ᠬᠠᠤᠯᠢ ᠴᠠᠭᠠᠵᠠ ᠶ᠋ᠢ ᠡᠪᠲᠡᠨ ᠵᠥᠷᠢᠴᠡᠵᠦ ᠶᠠᠪᠤᠭᠰᠡᠳ ᠊ᠢ ᠴᠦᠮ ᠢᠯᠡᠴᠢᠯᠡᠨ ᠪᠤᠷᠤᠭᠤᠰᠢᠶᠠᠭᠲᠤᠨ ᠃ ᠴᠠᠭᠠᠵᠠ ᠬᠠᠤᠯᠢ ᠬᠦᠨᠲᠦ ᠪᠣᠯᠪᠠᠰᠤ ᠰᠢᠨᠤᠬᠠᠢ ᠠᠪᠯᠢᠭᠠᠴᠢ ᠨᠤᠭᠤᠳ ᠠᠶᠤᠬᠤ ᠠᠨᠤ ᠬᠤᠷᠴᠠ ᠰᠦᠬᠡ ᠪᠡᠷ ᠮᠣᠲᠣᠨ ᠊ᠢ ᠣᠭᠲᠤᠯᠬᠤᠢ ᠎ᠳ᠋ᠦ᠍ᠷ ᠭᠦᠨ ᠳᠠᠭᠠᠭᠠᠬᠤ ᠠᠲᠠᠯᠢ ᠪᠤᠯᠠᠢ ᠃ ᠵᠢᠴᠢ ᠮᠢᠨᠦ ᠠᠯᠲᠠᠭᠰᠠᠨ  ᠡᠨᠳᠡᠭᠰᠡᠨ ᠶᠠᠪᠤᠲᠠᠯ ᠊ᠢ ᠲᠦᠰᠢᠮᠡᠳ ᠲᠠ ᠭᠠᠷᠭᠠᠵᠤ ᠠᠶ᠋ᠢᠯᠠᠤᠠᠬ᠎ᠠ ᠂ ᠪᠢ ᠲᠠᠨ ᠊ᠢ ᠬᠡᠷᠬᠢᠪᠡᠴᠦ ᠪᠤᠷᠤᠭᠤᠰᠢᠶᠠᠬᠤ ᠦᠭᠡᠢ 》 ᠬᠡᠮᠡᠪᠡ ᠃
     ᠬᠤᠱᠢᠯᠠ ᠬᠤᠲᠤᠭᠲᠤ ᠬᠠᠭᠠᠨ ᠪᠠᠰᠠ ᠵᠠᠷᠯᠢᠬ ᠪᠠᠭᠤᠯᠭᠠᠵᠤ ᠲᠣᠬᠲᠡᠮᠦᠷ ᠊ᠢ ᠬᠣᠩ ᠲᠠᠶ᠋ᠢᠽᠢ ᠡᠷᠭᠦᠮᠵᠢᠯᠡᠵᠦ ᠂ ᠲᠥᠪ  ᠪᠢᠴᠢᠭ᠌ ᠦ᠋ᠨ ᠮᠣᠵᠢ ᠶ᠋ᠢᠨ ᠰᠠᠶ᠋ᠢᠳ ᠲᠦᠰᠢᠮᠡᠳ ᠊ᠢ ᠵᠠᠰᠠᠭ ᠲᠥᠷᠥ ᠶ᠋ᠢᠨ ᠠᠯᠢᠪᠠ ᠶᠡᠬᠡ ᠪᠠᠬ᠋᠎ᠠ  ᠬᠡᠷᠡᠭ ᠊ᠢ ᠤᠷᠢᠲᠠ ᠪᠠᠷ ᠬᠣᠩ ᠲᠠᠶ᠋ᠢᠽᠢ ᠳ᠋ᠤᠷ ᠰᠣᠨᠤᠰᠬᠠᠭᠠᠳ ᠳᠠᠷᠠᠬ᠋᠎ᠠ ᠨᠢ ᠠᠶ᠋ᠢᠯᠠᠤᠠᠬ᠎ᠠ ᠬᠡᠮᠡᠪᠡ ᠃
     ᠵᠣᠨ ᠪ ᠰᠡᠭᠦᠯ ᠰᠠᠷ᠎ᠠ  ᠳᠤ ᠳᠠᠶ᠋ᠢᠳᠤ ᠬᠣᠲᠠᠨ  ᠳᠤ ᠪᠠᠶ᠋ᠢᠬᠰᠠᠨ ᠲᠣᠬᠲᠡᠮᠦᠷ ᠬᠤᠲᠤᠭᠲᠤ ᠬᠠᠭᠠᠨ ᠪᠠᠷ ᠲᠡᠭᠦᠨ ᠊ᠢ ᠬᠣᠩ ᠲᠠᠶ᠋ᠢᠽᠢ  ᠡᠷᠭᠦᠮᠵᠢᠯᠡᠭᠰᠡᠨ ᠵᠠᠷᠯᠢᠬ ᠦ᠋ᠨ  ᠪᠢᠴᠢᠭ᠌ ᠊ᠢ ᠣᠯᠵᠤ ᠂ ᠳᠠᠷᠠᠬ᠋᠎ᠠ ᠡᠲᠦᠷ ᠨᠢ ᠠᠬ᠎ᠠ  ᠬᠤᠱᠢᠯᠠ ᠬᠤᠲᠤᠭᠲᠤ ᠬᠠᠭᠠᠨ ᠊ᠢ ᠤᠭᠲᠤᠷ᠎ᠠ ᠤᠮᠠᠷᠠᠰᠢ ᠮᠣᠷᠲᠠᠪᠠ ᠃
      ᠨᠠᠮᠤᠷ ᠦ᠋ᠨ ᠳᠤᠮᠳᠠᠳᠤ ᠰᠠᠷ᠎ᠠ  ᠳᠤ ᠬᠤᠱᠢᠯᠠ ᠬᠤᠲᠤᠭᠲᠤ ᠬᠠᠭᠠᠨ ᠣᠩᠬᠤᠴᠠᠲᠤ ( ᠣᠲᠣ ᠶ᠋ᠢᠨ ᠾᠧᠪᠧᠢ ᠮᠣᠵᠢ ᠶ᠋ᠢᠨ ᠴᠢᠭᠤᠯᠤᠯᠲᠤ ᠬᠠᠭᠠᠯᠬ᠋᠎ᠠ ᠶ᠋ᠢᠨ ᠠᠷᠤ  ᠳᠤ ᠪᠤᠢ )  ᠳᠤ ᠬᠦᠷᠴᠦ ᠢᠷᠡᠪᠡ ᠃ ᠲᠣᠬᠲᠡᠮᠦᠷ ᠂ ᠬᠣᠩ ᠲᠠᠶ᠋ᠢᠽᠢ ᠶ᠋ᠢᠨ ᠬᠢᠷᠢ ᠭᠡᠮ ᠶ᠋ᠢᠡᠷ  ᠬᠤᠱᠢᠯᠠ ᠬᠤᠲᠤᠭᠲᠤ ᠬᠠᠭᠠᠨ ᠳ᠋ᠤᠷ ᠪᠠᠷᠠᠯᠠᠬᠪᠠ ᠃
      ᠲᠡᠨᠲᠡᠴᠡ ᠠᠬ᠎ᠠ ᠳᠡᠭᠦᠦ ᠬᠣᠶᠠᠭᠤᠯᠠ ᠤᠲᠠᠭᠠᠨ ᠡᠲᠦᠷ ᠡᠰᠡ  ᠠᠭᠤᠯᠵᠠᠭᠰᠠᠨ᠎ᠠ ᠤᠴᠠᠷᠠᠮᠠᠭᠴᠠ ᠬᠦᠵᠦᠭᠦᠦ ᠬᠦᠵᠦᠭᠦᠦ ᠪᠡᠨ ᠲᠡᠪᠡᠷᠢᠯᠲᠦᠨ ᠤᠬᠢᠯᠠᠯᠴᠠᠪᠠ ᠃  ᠬᠤᠱᠢᠯᠠ ᠬᠤᠲᠤᠭᠲᠤ ᠬᠠᠭᠠᠨ ᠪᠠᠷ ᠳᠡᠭᠦᠦ ᠬᠣᠩ ᠲᠠᠶ᠋ᠢᠽᠢ ᠲᠣᠬᠲᠡᠮᠦᠷ ᠲᠤ ᠲᠠᠯᠠᠷᠬᠠᠬᠤ ᠰᠡᠤᠠᠬᠢᠯ ᠶ᠋ᠢᠡᠨ ᠢᠯᠡᠤᠠᠬᠡᠵᠦ  ᠲᠡᠷᠢᠭᠦᠯᠦᠭᠰᠡᠨ ᠰᠠᠶ᠋ᠢᠳ ᠂ ᠲᠥᠷᠥᠯ ᠦ᠋ᠨ  ᠨᠣᠶᠠᠳ ᠯᠤᠬ᠋᠎ᠠ ᠬᠠᠮᠲᠤ ᠪᠠᠷ ᠪᠠᠭᠤᠭᠰᠠᠨ ᠣᠷᠲᠤᠨ  ᠳᠤ ᠪᠠᠨ ᠶᠡᠬᠡ ᠬᠤᠷᠢᠮ ᠬᠤᠷᠢᠮᠯᠠᠪᠠ ᠃ ᠡᠶ᠋ᠢᠨ ‍ᠬᠦ ᠳᠦᠷᠪᠡᠨ ᠡᠲᠦᠷ ᠥᠩᠭᠡᠷᠡᠵᠦ ᠭᠡᠨᠡᠤᠠᠲᠡ ᠨᠠᠰᠤᠨ ᠬᠤᠲᠤᠭ ᠲᠡᠭᠦᠰᠪᠡ ᠃ ᠭᠤᠴᠢᠨ ᠬᠣᠶᠠᠷ ᠨᠠᠰᠤᠲᠠᠢ ᠪᠠᠶ᠋ᠢᠵᠤᠬᠤᠢ ᠃ ᠲᠡᠷᠡ ᠪᠡᠷ ᠨᠡᠶ᠋ᠢᠰᠯᠡᠯ ᠬᠣᠲᠠ ᠣᠷᠣᠬᠤ ᠵᠠᠮ ᠵᠠᠭᠤᠷ᠎ᠠ ᠪᠠᠨ ᠵᠥᠪᠬᠡᠨ ᠵᠢᠷᠭᠤᠭᠠᠨ ᠰᠠᠷ᠎ᠠ ᠶᠢᠰᠦᠨ ᠬᠣᠨᠣᠭ (1329.1.27 ~8.6 ) ᠬᠠᠭᠠᠨ ᠰᠠᠭᠤᠪᠠ ᠃  ᠬᠤᠱᠢᠯᠠ ᠬᠠᠭᠠᠨ ᠪ ᠭᠡᠨᠡᠤᠠᠲᠡ ᠬᠠᠯᠢᠬᠰᠠᠨ ᠨᠢ ᠮᠣᠩᠭᠣᠯ ᠦ᠋ᠨ ᠲᠡᠦᠬᠡᠨ  ᠳᠤ ᠨᠢᠭᠡᠨ ᠣᠨᠢᠰᠣᠬ᠋᠎ᠠ ᠪᠣᠯᠤᠨ  ᠲᠡᠮᠲᠡᠭᠯᠡᠭᠳᠡᠪᠡ ᠃


     ᠦᠰᠦᠭ ᠠᠮᠢᠯᠠᠭᠤᠯᠤᠭᠴᠢ ᠄ ᠡᠷᠲᠡᠨᠢ ᠂  ᠣᠤᠠᠬᠣᠨᠬᠤᠸᠠᠷ ᠂ ᠪᠤᠤ ᠿᠦᠩ ᠬᠤᠸᠠ ᠂ ᠴᠸᠨ ᠬᠤᠪᠢᠰᠬᠠᠯ ᠂  
                                          ᠥᠷᠯᠥᠭ᠋   ᠂ ᠰᠠᠷᠠᠨ᠎ᠠ ᠂ ᠳ᠋ᠦ᠋ᠩ ᠢᠦᠢ ᠯᠢᠩ 
           ᠬᠢᠨᠠᠭᠴᠢ ᠄ ᠮᠥᠴᠢᠷ