ᠭᠣᠷᠣᠬ᠎ᠠ – ᠷ· ᠴᠣᠢᠨᠣᠮ Горхи – Р· Чойном
ᠭᠣᠷᠣᠬ᠎ᠠ
ᠤᠶᠠᠩᠭᠠᠯᠠᠨ ᠵᠢᠷᠢᠯᠵᠡᠬᠦ ᠭᠣᠷᠣᠬ᠎ᠠ ᠶ᠋ᠢᠨ ᠤᠰᠤ
ᠤᠷᠤᠰᠬᠠᠯ ᠶ᠋ᠢᠠᠨ ᠰᠥᠷᠦᠨ ᠪᠤᠴᠠᠳᠠᠭ ᠦᠭᠡᠢ ᠪᠣᠯᠬᠣ ᠪᠠᠷ
ᠤᠭ ᠨᠤᠲᠤᠭ ᠲᠠᠭᠠᠨ ᠬᠡᠵᠢᠶ᠎ᠡ ᠴᠦ᠍ ᠪᠤᠴᠠᠳᠠᠭ ᠦᠭᠡᠢ
ᠠᠭᠤᠵᠢᠭᠤᠬᠠᠨ ᠶᠠᠪᠤᠳᠠᠭ ᠶᠤᠮ ᠭᠡᠵᠦ ᠪᠣᠲᠤᠭᠣᠵᠠᠢ᠃
ᠬᠠᠯᠠᠮᠵᠢᠯᠠᠨ ᠪᠦᠪᠡᠢᠯᠡᠭᠰᠡᠨ ᠡᠬᠡ ᠨᠤᠲᠤᠭ ᠶ᠋ᠢᠠᠨ
ᠬᠠᠮᠢᠭᠠᠬᠢ ᠶ᠋ᠢᠨ ᠴᠦ᠍ ᠬᠥᠮᠦᠨ ᠮᠠᠷᠲᠠᠬᠤ ᠬᠡᠵᠦ ᠦᠦ?
ᠬᠠᠷᠢ ᠶ᠋ᠢᠨ ᠬᠠᠲᠠᠭᠤ ᠭᠠᠵᠠᠷ ᠬᠠᠶᠠᠭᠲᠠᠭᠰᠠᠨ
ᠬᠠᠲᠠ ᠴᠢᠯᠠᠭᠤ ᠴᠤ᠌ ᠬᠡᠮᠡᠨ ᠨᠢ ᠤᠶ᠋ᠢᠤᠠᠬᠠᠷ ᠲᠠᠢ
ᠬᠣᠨᠣᠭ ᠦ᠋ᠨ ᠣᠯᠠᠨ ᠳᠤ ᠭᠣᠷᠣᠬ᠎ᠠ ᠶ᠋ᠢᠨ ᠤᠰᠤ ᠳᠠᠭᠤᠯᠠᠨ ᠳᠠᠭᠤᠯᠠᠭᠰᠠᠭᠠᠷ
ᠬᠣᠯᠠ ᠦᠯᠡᠳᠡᠭᠰᠡᠨ ᠨᠤᠲᠤᠭ ᠳᠠᠭᠠᠨ ᠲᠩᠷᠢ ᠪᠡᠷ ᠪᠤᠴᠠᠨᠠᠮ
ᠴᠡᠴᠡᠭ ᠦ᠋ᠨ ᠬᠤᠷ᠎ᠠ ᠪᠣᠯᠵᠤ ᠵᠤᠨ ᠪ ᠰᠠᠷ᠎ᠠ ᠳ᠋ᠠᠭᠠᠨ ᠣᠷᠣᠨᠠᠮ
ᠴᠡᠪᠡᠷ ᠴᠠᠰᠤᠨ ᠪᠣᠯᠵᠤ ᠡᠪᠦᠯ ᠦ᠋ᠨ ᠰᠠᠷ᠎ᠠ ᠳ᠋ᠠᠭᠠᠨ ᠢᠷᠡᠨᠡᠮ ᠃
《 ᠷ · ᠴᠣᠶ᠋ᠢᠨᠣᠮ ᠤᠨ ᠰᠢᠯᠦᠭ ᠵᠣᠬᠢᠶᠠᠯ ᠤᠨ ᠬᠤᠷᠢᠶᠠᠬᠤᠢ — 》
— ᠤᠶᠠᠩᠭ᠎ᠠ ᠶ᠋ᠢᠨ ᠰᠢᠯᠦᠭ ᠠ᠋ᠴᠠ ᠬᠠᠭᠤᠯᠪᠠ ᠃
ᠪᠢ᠊ · ᠳᠠᠮᠳᠢᠨᠰᠦ᠋ᠷᠦᠩ ᠡᠮᠬᠢᠳᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠣᠳ ᠳᠣᠷᠵᠢ
ᠦᠰᠦᠭ ᠠᠮᠢᠯᠠᠭᠤᠯᠤᠭᠰᠠᠨ ᠨᠢ ᠄ ᠴᠦᠩᠬᠤᠸᠠ
ᠬᠢᠨᠠᠭᠴᠢ ᠄ ᠤᠳᠤᠨᠬᠡᠷᠠᠯ
