ᠮᠣᠩᠭᠣᠯ ᠣᠨᠢᠰᠤᠭ᠎ᠠ ᠶᠢᠨ ᠲᠡᠭᠦᠪᠦᠷᠢ – ᠨᠢᠭᠡᠳᠦᠭᠡᠷ ᠪᠦᠯᠦᠭ - 2 Монгол оньсгын түүвэр – Нэгдүгээр бүлэг -2
ᠨᠢᠭᠡᠲᠦᠭᠡᠷ ᠪᠦᠯᠦᠭ – ᠳᠠᠭᠠᠯᠴᠠᠭᠠᠨ ᠳ᠋ᠡᠬᠢ ᠬᠡᠪᠰᠢᠮᠡᠯ ᠤᠷᠠᠨ ᠬᠡᠯᠡᠯᠭᠡ – 2
ᠶᠠᠨᠳᠠᠭᠠ
( ᠶᠠᠨᠲᠠᠬ᠋ᠠ ᠭᠡᠵᠦ ᠬᠡᠮ ᠬᠡᠮᠵᠢᠶ᠎ᠡ ᠭᠡᠳᠡᠭ ᠤᠤᠠᠬ᠎ᠠ ᠲᠠᠢ ᠦᠭᠡ ᠶᠤᠮ ᠃ ᠶᠠᠨᠲᠠᠭᠠᠯᠠᠨᠠ ᠭᠡᠪᠡᠯ ᠣᠢ ᠤᠬᠠᠭᠠᠨ ᠊ᠢ ᠬᠡᠮᠵᠢᠬᠦ ᠪᠤᠶᠤ ᠳᠡᠩᠰᠡᠨᠠ ᠭᠡᠰᠡᠨ ᠰᠠᠨᠠᠬ᠋᠎ᠠ ᠲᠠᠢ ᠪᠣᠯᠤᠨ᠎ᠠ ᠃ ᠰᠢᠨᠵᠢᠶᠠᠩ ᠦ᠋ᠨ ᠥᠭᠡᠯᠡᠳ ᠠᠷᠠᠳ ᠣᠨᠢᠰᠤᠭᠠᠯᠠᠬᠤ ᠳ᠋ᠠᠭᠠᠨ ᠶᠠᠨᠲᠠᠬ᠋ᠠ ᠶᠠᠪᠤᠭᠤᠯᠵᠤ ᠳᠣᠯᠣᠭᠠᠨ ᠣᠨᠢᠰᠣᠭᠠᠨ ᠳᠤ ᠭᠠᠷᠲᠠᠭᠰᠠᠨ ᠬᠥᠮᠦᠨ ᠊ᠢ ᠶᠠᠨᠲᠠᠭᠠᠯᠠᠲᠠᠭ ᠃ ᠬᠢᠨᠠᠭᠴᠢ ᠪᠣᠯᠤᠭᠰᠠᠨ ᠭᠤᠷᠪᠠᠲᠤᠭᠠᠷ ᠡᠲᠡᠭᠡᠳ ᠨᠢ ᠵᠥᠪ ᠪᠤᠷᠤᠭᠤ ᠶ᠋ᠢ ᠢᠯᠭᠠᠭᠠᠳ ᠂ ᠭᠠᠷᠲᠠᠭᠰᠠᠨ ᠬᠥᠮᠦᠨ ᠶ᠋ᠢᠡᠨ ᠣᠯᠠᠨ ᠪ ᠡᠮᠦᠨ᠎ᠡ ᠭᠣᠬᠢᠢᠯᠭᠠᠵᠤ ᠵᠣᠭᠰᠣᠭᠠᠨ ᠨᠢᠭᠡ ᠂ ᠬᠣᠶᠠᠲᠤᠭᠠᠷ ᠬᠥᠮᠦᠨ ᠪ ᠠᠰᠠᠭᠤᠯᠲᠠ ᠬᠠᠷᠢᠭᠤᠯᠲᠠ ᠶ᠋ᠢᠨ ᠬᠡᠯᠪᠡᠷᠢ ᠪᠡᠷ ᠶᠠᠪᠤᠭᠲᠠᠬᠤ ᠶᠠᠨᠲᠠᠬ᠋ᠠ ᠶ᠋ᠢ ᠰᠣᠨᠣᠰᠬᠠᠵᠤ ᠢᠴᠢᠭᠡᠨᠡ ᠁ )
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠮᠣᠭᠣᠯᠴᠣᠭ ᠬᠠᠷ᠎ᠠ ᠲᠣᠯᠣᠭᠠᠢ ᠶ᠋ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ ?
ᠡ ᠄ ᠨᠣᠬᠠᠢ ᠶ᠋ᠢᠨ ᠢᠲᠡᠰᠢ ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠨᠠᠷᠢᠨ ᠪᠡᠶ᠎ᠡ ᠶ᠋ᠢᠨ ᠬᠢᠨᠢ ᠭᠠᠪᠠᠯᠠ ᠶ᠋ᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ?
ᠡ ᠄ ᠬᠣᠭᠣᠯᠠ ᠢᠳᠡᠳᠡᠭ ᠠᠶᠠᠬ᠋᠎ᠠ ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠬᠣᠶᠠᠷ ᠬᠡᠯᠲᠡᠷᠬᠡᠢ ᠳᠤᠬᠤ ᠶ᠋ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ ?
ᠡ ᠄ ᠰᠢᠷᠣᠢ ᠤᠤᠠᠬᠤᠲᠠᠭ ᠬᠦᠷᠵᠡ ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠬᠣᠶᠠᠷ ᠰᠠᠷᠢᠰᠤᠨ ᠴᠢᠬᠢ ᠶ᠋ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ ?
ᠡ ᠄ ᠬᠠᠶ᠋ᠢᠰᠤᠨ ( ᠲᠣᠭᠣᠬ᠋᠎ᠠ ) ᠪᠠᠷᠢᠭᠤᠯ ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠬᠣᠶᠠᠷ ᠨᠢᠲᠦ ᠶ᠋ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ?
ᠡ ᠄ ᠳᠤᠷᠠᠨ ᠬᠠᠷᠠᠬ᠋᠎ᠠ ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠰᠠᠷᠲᠠᠭᠠᠷ ᠨᠦᠬᠡ ᠲᠡᠢ ᠬᠠᠮᠠᠷ ᠊ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ?
ᠡ ᠄ ᠴᠠᠢ ᠶᠡᠭᠦᠯᠡᠳᠡᠭ ᠳᠣᠮᠪᠣ ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠶᠠᠪ ᠤᠯᠠᠭᠠᠨ ᠬᠡᠯᠡ ᠶ᠋ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ ?
ᠡ ᠄ ᠲᠠᠯᠬ᠎ᠠ ᠭᠤᠯᠢᠷ ᠦ᠋ᠨ ᠬᠠᠰᠢᠬ ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠭᠤᠴᠢᠨ ᠴᠠᠭᠠᠨ ᠰᠢᠲᠦ ᠶ᠋ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ?
ᠡ ᠄ ᠬᠠᠷᠭᠠᠢ ᠣᠭᠲᠣᠯᠲᠠᠭ ᠬᠢᠷᠥᠭᠡ ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠬᠣᠶᠠᠷ ᠮᠠᠲᠠᠭᠠᠷ ᠡᠷᠡᠦ ᠶ᠋ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ ?
ᠡ ᠄ ᠮᠣᠲᠣ ᠬᠢᠬᠦ ᠬᠠᠰᠢᠯᠬ᠋ᠠ ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠬᠣᠶᠠᠷ ᠲᠡᠪᠬᠡ ᠲᠡᠪᠬᠡ① ᠶᠠᠰᠤ ᠶ᠋ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ?
ᠡ ᠄ ᠬᠠᠪᠬ᠎ᠠ ᠰᠠᠭᠠᠲᠠᠭ ᠦ᠋ᠨ ᠬᠥᠪᠴᠢ ᠲᠡᠪᠡᠭᠡ ②ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠪᠠᠪᠠᠭᠠᠷ ᠬᠠᠷ᠎ᠠ ᠰᠠᠬᠠᠯ ᠊ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ?
ᠡ ᠄ ᠲᠠᠮᠤᠭᠠᠳ ᠠᠴᠢᠶᠠᠨ ᠪ ᠲᠠᠲᠠᠯᠬ᠋ᠠ ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠨᠠᠷᠢᠨ ᠬᠠᠷ᠎ᠠ ᠨᠠᠭᠠᠯ ᠊ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ?
ᠡ ᠄ ᠬᠠᠶ᠋ᠢᠰᠤ ᠤᠬᠢᠶᠠᠬᠤ ᠤᠭᠠᠲᠠᠯ ( ᠲᠣᠭᠣᠭᠠᠨ ᠱᠦᠭᠦᠷ ) ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠬᠣᠶᠠᠷ ᠤᠷᠲᠤ ᠭᠠᠷ ᠊ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ?
ᠡ ᠄ ᠲᠠᠷᠢᠶ᠎ᠠ ᠬᠠᠮᠤᠲᠠᠭ ᠬᠠᠮᠤᠭᠤᠷ ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠨᠠᠢ᠍ᠮᠠᠨ ᠮᠤᠷᠤᠢ ᠬᠠᠪᠢᠷᠬ᠋ᠠ ᠶ᠋ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ?
ᠡ ᠄ ᠬᠡᠩᠭᠡᠷᠭᠡ ᠴᠣᠬᠢᠲᠠᠭ ᠳᠣᠬᠢᠭᠤᠷ ᠬᠢᠨ᠎ᠡ ᠪᠢ ᠃
① ᠭᠡᠰᠡᠭ ᠭᠡᠳᠡᠭ ᠤᠤᠠᠬ᠎ᠠ ᠲᠠᠢ ᠦᠭᠡ ᠃
② ᠲᠣᠷᠭᠣᠭᠠᠵᠤ ᠲᠡᠪᠡᠭᠡᠯᠡᠬᠦ ᠡᠳ᠋ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠨᠠᠢ᠍ᠮᠠᠨ ᠬᠥᠨᠲᠡᠢ ᠴᠢᠮᠥᠭᠡ ᠶ᠋ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ?
ᠡ ᠄ ᠪᠦᠷᠢᠶ᠎ᠡ ᠪᠢᠰᠬᠢᠭᠦᠷ ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠨᠢᠷᠤᠭᠤᠨ ᠵᠣ᠋ ᠶ᠋ᠢᠨ ᠠᠷᠠᠰᠤ ᠶ᠋ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ?
ᠡ ᠄ ᠳᠡᠯᠡᠳᠬᠦ ᠬᠡᠩᠭᠡᠷᠭᠡ ᠶ᠋ᠢᠨ ᠪᠦᠷᠢᠶᠡᠰᠦ ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠣᠯᠠᠨ ᠲᠠᠪᠠᠭ ᠲᠠᠢ ᠬᠥᠯ ᠊ᠢ ᠨᠢ ᠠᠪᠤᠨ᠎ᠠ ᠪᠢ ᠃
ᠠ ᠄ ᠲᠡᠭᠦᠨ ᠶ᠋ᠢᠡᠷ ᠶᠠᠭᠤ ᠬᠢᠨ᠎ᠡ ᠪᠤᠢ?
ᠡ ᠄ ᠭᠠᠵᠠᠷ ᠬᠠᠭᠠᠯᠲᠠᠭ ᠠᠨᠵᠢᠰᠤ ᠬᠢᠨ᠎ᠡ ᠪᠢ ᠃
ᠠ ᠄ ᠶᠠᠨᠲᠠᠬ᠋ᠠ ᠂ ᠶᠠᠨᠲᠠᠬ᠋ᠠ ᠶᠠᠭᠤ ᠶ᠋ᠢ ᠨᠢ ᠠᠪᠤᠨ᠎ᠠ ᠪᠤᠢ ᠲᠠ?
ᠡ ᠄ ᠠᠷᠪᠠᠨ ᠴᠠᠭᠠᠨ ᠬᠢᠮᠤᠰᠤ ᠶ᠋ᠢ ᠨᠢ ᠠᠪᠤᠨ᠎ᠠ ᠪᠢ ᠃
ᠠ᠄ ᠲᠡᠭᠦᠨ ᠶ᠋ᠢᠡᠷ ᠶᠠᠭᠤ ᠬᠣᠨᠢ ᠪᠤᠢ?
ᠡ ᠄ ᠲᠠᠬᠢᠯ ᠵᠤᠯᠠ ᠶ᠋ᠢᠨ ᠴᠥᠭᠥᠴᠡ ᠬᠢᠨ᠎ᠡ ᠪᠢ ᠃
ᠦᠰᠦᠭ ᠠᠮᠢᠯᠠᠭᠤᠯᠤᠭᠰᠠᠨ ᠨᠢ : ᠮᠢᠩᠭᠠᠳ ᠴᠢᠮᠡᠭ ᠂ ᠬᠠᠳᠠᠴᠢ ᠤᠷᠠᠨ᠎ᠠ
ᠬᠢᠨᠠᠭ᠍ᠴᠢ: ᠬᠠᠷᠠᠨᠤᠳ ᠲᠤᠶᠠᠭ᠎ᠠ
