ᠡᠷᠢᠶᠡᠨ ᠠᠯᠠᠭ ᠲᠠᠬᠢᠶ᠎ᠠ ᠮᠢᠨᠢ – ᠭᠦᠷᠵᠠᠪ Эрээн алаг тахиа минь    –    Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠢᠶᠡᠨ ᠠᠯᠠᠭ ᠲᠠᠬᠢᠶ᠎ᠠ ᠮᠢᠨᠢ – ᠭᠦᠷᠵᠠᠪ Эрээн алаг тахиа минь    –    Гүржав

ᠡᠷᠢᠶᠡᠨ ᠠᠯᠠᠭ ᠲᠠᠬᠢᠶ᠎ᠠ ᠮᠢᠨᠢ – ᠭᠦᠷᠵᠠᠪ Эрээн алаг тахиа минь    –    Гүржав

2023-03-20

288

ᠡᠷᠢᠶᠡᠨ ᠠᠯᠠᠭ ᠲᠠᠬᠢᠶ᠎ᠠ ᠮᠢᠨᠢ


            ᠭᠦᠷᠵᠠᠪ

 ᠭᠠᠯ ᠤᠯᠠᠭᠠᠨ ᠰᠡᠴᠢᠭ᠋ ᠲᠡᠢ
 ᠭᠠᠩᠭᠠᠩ ᠰᠢᠷ᠎ᠠ ᠭᠡᠵᠢᠭᠡ ᠲᠡᠢ
 ᠭᠠᠯᠪᠢᠷ ᠬᠣᠶᠠᠷ ᠨᠢᠲᠦ ᠲᠡᠢ
 ᠭᠠᠪᠰᠢᠭᠠᠢ ᠲᠦᠷᠭᠡᠨ ᠶᠠᠪᠤᠬ᠋᠎ᠠ ᠲᠠᠢ
     ᠡᠷᠢᠶᠡᠨ ᠠᠯᠠᠭ ᠲᠠᠬᠢᠶ᠎ᠠ ᠮᠢᠨᠢ
     ᠡᠷᠲᠡ ᠡᠴᠡ ᠡᠷᠲᠡ ᠰᠡᠷᠢᠨ᠎ᠡ ᠂
     ᠡᠷᠲᠡ ᠡᠴᠡ ᠡᠷᠲᠡ ᠰᠡᠷᠢᠭᠡᠳ
     ᠡᠵᠡᠨ ᠨᠠᠮᠠᠶ᠋ᠢ ᠪᠠᠨ ᠳᠠᠭᠤᠳᠠᠨ᠎ᠠ ᠃
 ᠥᠥᠷ ᠮᠠᠩᠬᠠᠶ᠋ᠢᠲᠠᠯ᠎ᠠ ᠴᠠᠶ᠋ᠢᠴᠢᠬᠠᠯ᠎ᠠ
 ᠦᠶ᠎ᠡ ᠶ᠋ᠢᠨ ᠨᠥᠬᠥᠳ ᠴᠢᠨᠢ ᠪᠣᠰᠴᠠᠭᠠᠯ᠎ᠠ ᠂ 
 ᠴᠠᠢ ᠤᠰᠤ ᠪᠠᠨ ᠤᠤᠭᠤᠵᠠᠭᠠᠯ᠎ᠠ
 ᠴᠢ ᠯᠡ ᠭᠠᠭᠴᠠᠭᠠᠷ ᠤᠲᠠᠭᠰᠠᠭᠠᠷ ᠡ ᠁ ᠭᠡᠳ 
     ᠰᠠᠷᠠᠪᠴᠢᠨ ᠪ ᠮᠢᠨᠢ ᠳᠣᠣᠷ᠎ᠠ ᠢᠷᠡᠴᠢᠬᠡᠭᠡᠳ
     ᠰᠠᠭᠰᠠᠶ᠋ᠢᠵᠤ ᠵᠣᠭᠰᠣᠭᠠᠳ ᠳᠠᠭᠤᠳᠠᠨ᠎ᠠ ᠂
     ᠰᠠᠶ᠋ᠢᠨ ᠬᠡᠦᠬᠡᠳ ᠪᠣᠯ ᠡᠷᠳᠡᠯᠡᠳᠡᠭ ᠶᠤᠮ ᠭᠡᠳ
     ᠰᠠᠨᠠᠭᠤᠯᠤᠨ ᠰᠠᠨᠠᠭᠤᠯᠤᠨ ᠰᠢᠪᠠᠲᠠᠭᠤᠯᠤᠨ᠎ᠠ ᠁
 ᠡᠷᠢᠶᠡᠨ ᠠᠯᠠᠭ ᠲᠠᠬᠢᠶᠠᠨ ᠪ ᠪᠠᠨ
 ᠡᠭᠡᠯᠢᠲᠡᠢ ᠬᠣᠩᠭᠣᠷ ᠳᠠᠭᠤ ᠶ᠋ᠢ ᠴᠢᠩᠨᠠᠭᠠᠳ
 ᠡᠵᠢ ᠠᠪᠤ ᠪᠠᠷ ᠶ᠋ᠢᠠᠨ  ᠬᠡᠯᠡᠭᠦᠯᠥᠯ ᠦᠭᠡᠢ
 ᠡᠷᠲᠡ ᠡᠴᠡ ᠡᠷᠲᠡ ᠪᠣᠰᠤᠨ᠎ᠠ ᠪᠢ !

    ᠭᠦᠷᠵᠠᠪ ᠦ᠋ᠨ ᠵᠣᠬᠢᠶᠠᠭᠰᠠᠨ 《 ᠬᠡᠦᠬᠡᠳ ᠨᠠᠰᠤ ᠰᠠᠶ᠋ᠢᠬᠠᠨ 》 ᠭᠡᠬᠦ ᠨᠣᠮ ᠠ᠋ᠴᠠ ᠬᠠᠭᠤᠯᠤᠨ ᠪᠢᠴᠢᠪᠡ ᠃
           ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ᠃
           ᠥᠪᠥᠷ ᠮᠣᠩᠭᠣᠯ ᠦ᠋ᠨ ᠰᠢᠨᠬᠤᠸᠠ ᠨᠣᠮ  ᠦ᠋ᠨ ᠳᠡᠯᠭᠡᠭᠦᠷ ᠲᠠᠷᠬᠠᠭᠠᠪᠠ ᠃
           ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠦᠢᠯᠡᠤᠠᠪᠦᠷᠢ ᠬᠡᠪᠯᠡᠪᠡ᠃
           2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ ᠃ 
           2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠭᠦᠯᠪᠡ ᠃

         ᠦᠰᠦᠭ  ᠠᠮᠢᠯᠠᠭᠤᠯᠤᠭᠴᠢ ᠄ ᠪᠠᠶᠠᠷᠴᠡᠴᠡᠭ
           ᠬᠢᠨᠠᠭᠴᠢ ᠄ ᠪᠠᠶᠠᠷᠴᠡᠴᠡᠭ
               2023 ᠂03 ᠂10