ᠣᠲᠣ ᠰᠠᠶ᠋ᠢᠬᠠᠨ – ᠭᠦᠷᠵᠠᠪ Од сайхан – Гүржав
ᠣᠲᠣ ᠰᠠᠶ᠋ᠢᠬᠠᠨ
ᠭᠦᠷᠵᠠᠪ
ᠣᠲᠣ ᠰᠠᠶ᠋ᠢᠬᠠᠨ —
ᠣᠭᠲᠠᠷᠭᠤᠢ ᠳᠤ ᠭᠢᠯᠠᠯᠵᠠᠬᠤ ᠣᠲᠣ ᠰᠠᠶ᠋ᠢᠬᠠᠨ
ᠣᠯᠠᠨ ᠮᠢᠩᠭᠠᠨ ᠣᠲᠣᠳ ᠊ᠢ ᠪᠠᠷᠠᠭᠠᠯᠠᠭᠠᠳ
ᠣᠷᠣᠢ ᠣᠷᠣᠢ ᠪᠢ ᠪᠣᠲᠣᠯᠭᠠᠰᠢᠷᠠᠨᠠ ᠁
ᠣᠲᠣ ᠴᠢ — ᠶᠠᠭᠠᠬᠢᠬᠤ ᠳ᠋ᠠᠭᠠᠨ
ᠣᠶ᠋ᠢᠴᠢᠭᠠᠳ ᠢᠷᠡᠴᠢᠬᠡᠬᠦ ᠦᠭᠡᠢ ᠶᠤᠮ ᠪᠤᠢ ⁈
ᠣᠷᠴᠢᠯᠠᠩ ᠦ᠋ᠨ ᠬᠥᠮᠦᠰ ᠶᠠᠭᠠᠬᠢᠬᠤ ᠳ᠋ᠠᠭᠠᠨ
ᠣᠴᠢᠵᠤ ᠴᠢᠲᠠᠬᠤ ᠦᠭᠡᠢ ᠶᠤᠮ ᠪᠤᠢ ᠡ ⁈
ᠣᠷᠣᠢ ᠣᠷᠣᠢ
ᠪᠢ ᠪᠣᠲᠣᠯᠭᠠᠰᠢᠷᠠᠨᠠ !
ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠡᠴᠡ ᠰᠤᠩᠭᠤᠪᠠ
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠦ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠦ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ᠪᠠᠶᠠᠷᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ3 ᠰᠠᠷ᠎ᠠ ᠶ᠋ᠢᠨ 10 ᠪ ᠡᠲᠦᠷ ᠃
