ᠵᠢᠷᠤᠭᠯᠠᠯ- ᠲ · ᠪᠠᠭᠠᠲᠤᠷЗураглал-т · баатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠤᠭᠯᠠᠯ- ᠲ · ᠪᠠᠭᠠᠲᠤᠷЗураглал-т · баатар

ᠵᠢᠷᠤᠭᠯᠠᠯ- ᠲ · ᠪᠠᠭᠠᠲᠤᠷЗураглал-т · баатар

ᠠᠩᠭᠢᠯᠠᠯ:ᠳᠠᠭᠤᠤ ᠬᠥᠭᠵᠢᠮ
2023-03-20

347

ᠵᠢᠷᠤᠭᠯᠠᠯ

ᠵᠢᠷᠤᠭᠯᠠᠯ-· ᠪᠠᠭᠠᠲᠤᠷ

ᠦᠭᠡ ᠄
· ᠪᠠᠲᠤᠴᠡᠩᠭᠡᠯ /Quiza
ᠠᠶ᠎ᠠ ᠄
· ᠮᠥᠩᠬᠡᠪᠤᠯᠤᠳ
· ᠪᠠᠭᠠᠲᠤᠷ ᠳᠠᠭᠤᠯᠠᠨ᠎ᠠ

ᠪᠦᠳᠡᠬᠢ ᠵᠢᠮ᠎ᠡ ᠎ᠪᠠᠷ ‍ᠢᠶ᠋ᠠᠨ ᠥᠩᠭᠡᠷᠡᠬᠦ ‍ᠳᠤ
ᠪᠦᠷᠢᠨ ᠵᠢᠷᠤᠭᠯᠠᠯ ‍ᠳᠤ ᠤᠴᠠᠷᠠᠨ᠎ᠠ
ᠠᠯᠤᠰ ᠨᠢ ᠦᠯᠦ ᠦᠵᠡᠭᠳᠡᠬᠦ ᠬᠠᠩᠭᠠᠢ
ᠠᠨᠢᠷ ᠦᠭᠡᠢ ᠨᠢ ᠰᠣᠨᠣᠷ ‍ᠢ ᠮᠢᠨᠢ ᠮᠢᠯᠢᠶᠠᠨ᠎ᠠ
ᠲᠡᠷᠲᠡᠭᠡᠭᠦᠷ ᠰᠦᠮᠡᠯᠵᠡᠬᠦ ᠠᠯᠲᠠᠢ
ᠳᠡᠷᠭᠡᠳᠡ ᠮᠢᠨᠢ ᠨᠠᠯᠠᠶ᠋ᠢᠨ ᠲᠡᠪᠡᠷᠢᠬᠦ ᠰᠢᠭ᠌
ᠰᠡᠷᠭᠡᠭ ᠲᠠᠯ᠎ᠠ ᠮᠢᠨᠢ ᠨᠢᠳᠦ ‍ᠶ᠋ᠢ ᠬᠤᠵᠢᠷᠯᠠᠨ᠎ᠠ
ᠰᠡᠳᠬᠢᠯ ‍ᠳᠤ ᠮᠢᠨᠢ ᠠᠮᠤᠷ ᠠᠮᠤᠭᠤᠯᠠᠩ ‍ᠢ ᠲᠤᠩᠬᠠᠭᠯᠠᠨ᠎ᠠ
ᠵᠡᠭᠦᠳᠦᠨ ‍ᠤ ᠮᠢᠨᠢ ᠲᠤᠩᠭᠠᠯᠠᠭ ᠥᠩᠭᠡ ᠎ᠪᠠᠷ
ᠵᠢᠷᠦᠬᠡᠨ ‍ᠳᠤ ᠪᠠᠶᠠᠷ ᠪᠠᠶᠠᠰᠬᠤᠯᠠᠩ ‍ᠢ ᠥᠭᠭᠦᠨ᠎ᠡ
ᠴᠠᠭ ᠬᠤᠭᠤᠴᠠᠭ᠎ᠠ ᠎ᠪᠠᠨ ᠲᠦᠷ ᠤᠮᠠᠷᠲᠠᠮᠠᠷ


ᠲᠩᠷᠢ ᠲᠦᠰᠢᠭᠯᠡᠬᠦ ᠬᠢᠵᠠᠭᠠᠷ ‍ᠢᠶ᠋ᠠᠷ
ᠲᠡᠮᠡᠭᠡᠨ ᠰᠦᠷᠦᠭ ᠵᠢᠷᠤᠭᠳᠠᠨ᠎ᠠ
ᠪᠦᠷᠭᠦᠳ ᠳᠡᠭᠡᠭᠦᠷ ᠮᠢᠨᠢ ᠳᠤᠷ᠎ᠠ ᠎ᠪᠠᠷ ‍ᠢᠶ᠋ᠠᠨ
ᠪᠥᠮᠪᠥᠷᠴᠡᠭ ‍ᠤᠨ ᠵᠤᠯᠠᠢ ‍ᠳᠤ ᠲᠡᠨᠦᠭᠦᠴᠢᠯᠡᠨ᠎ᠡ
ᠪᠤᠯᠠᠭᠠᠨ ᠬᠠᠩᠭᠠᠢ ‍ᠶ᠋ᠢ ᠮᠢᠨᠢ ᠠᠵᠢᠬᠯᠠᠭᠠᠳ
ᠪᠤᠷᠬᠠᠳ ᠬᠦᠷᠲᠡᠯ᠎ᠡ ᠬᠠᠮᠲᠤ ᠰᠤᠷᠪᠤᠯᠵᠢᠯᠠᠨ᠎ᠠ
ᠰᠡᠷᠭᠡᠭ ᠲᠠᠯ᠎ᠠ ᠮᠢᠨᠢ ᠨᠢᠳᠦ ‍ᠶ᠋ᠢ ᠬᠤᠵᠢᠷᠯᠠᠨ᠎ᠠ
ᠰᠡᠳᠬᠢᠯ ‍ᠳᠤ ᠮᠢᠨᠢ ᠠᠮᠤᠷ ᠠᠮᠤᠭᠤᠯᠠᠩ ‍ᠢ ᠲᠤᠩᠬᠠᠭᠯᠠᠨ᠎ᠠ
ᠵᠡᠭᠦᠳᠦᠨ ‍ᠤ ᠮᠢᠨᠢ ᠲᠤᠩᠭᠠᠯᠠᠭ ᠥᠩᠭᠡ ᠎ᠪᠠᠷ
ᠵᠢᠷᠦᠬᠡᠨ ‍ᠳᠤ ᠪᠠᠶᠠᠷ ᠪᠠᠶᠠᠰᠬᠤᠯᠠᠩ ‍ᠢ ᠥᠭᠭᠦᠨ᠎ᠡ
ᠴᠠᠭ ᠬᠤᠭᠤᠴᠠᠭ᠎ᠠ ᠎ᠪᠠᠨ ᠲᠦᠷ ᠤᠮᠠᠷᠲᠠᠮᠠᠷ
          ᠳᠠᠭᠢᠯᠲᠠ