ᠲᠠᠩᠰᠤᠭ ᠭᠣᠪᠢ ᠶ᠋ᠢᠨ ᠲᠡᠮᠡᠭᠡᠳ- ᠪᠠᠲᠤᠸᠴᠢᠷТансаг говийн тэмээд-батучир ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠩᠰᠤᠭ ᠭᠣᠪᠢ ᠶ᠋ᠢᠨ ᠲᠡᠮᠡᠭᠡᠳ- ᠪᠠᠲᠤᠸᠴᠢᠷТансаг говийн тэмээд-батучир

ᠲᠠᠩᠰᠤᠭ ᠭᠣᠪᠢ ᠶ᠋ᠢᠨ ᠲᠡᠮᠡᠭᠡᠳ- ᠪᠠᠲᠤᠸᠴᠢᠷТансаг говийн тэмээд-батучир

ᠠᠩᠭᠢᠯᠠᠯ:ᠳᠠᠭᠤᠤ ᠬᠥᠭᠵᠢᠮ
2023-03-20

657

ᠲᠠᠩᠰᠤᠭ ᠭᠣᠪᠢ ᠶ᠋ᠢᠨ ᠲᠡᠮᠡᠭᠡᠳ

   ᠦᠭᠡ ᠄ ᠭ᠌ · ᠮᠥᠩᠬᠡᠵᠢᠷᠭᠠᠯ
   ᠠᠶᠠᠯᠭᠤ ᠄ ᠪᠠᠲᠤᠸᠴᠢᠷ
   ᠳᠠᠭᠤᠴᠢᠨ ᠄ ᠪᠠᠲᠤᠸᠴᠢᠷ

ᠵᠠᠭ ᠤ᠋ᠨ ᠴᠡᠩᠬᠡᠷ ᠭᠣᠪᠢ ᠳ᠋ᠤ᠌ ᠪᠠᠨ
ᠵᠠᠳᠠᠭᠠᠢ ᠵᠡᠷᠭᠡᠯᠭᠡᠨ ᠨᠢᠯᠬᠠᠷᠠᠨ᠎ᠠ ᠳᠠ ᠬᠦ᠌
ᠵᠠᠶᠠᠭᠠᠨ ᠳᠤᠷ᠎ᠠ ᠪᠠᠷ ᠢ᠋ᠶ᠋ᠠᠨ ᠪᠡᠯᠴᠢᠬᠦ
ᠵᠢᠰᠦ ᠨᠢ ᠬᠦᠷᠡᠩ ᠲᠡᠮᠡᠭᠡᠳ ᠮᠢᠨᠢ

ᠤᠰᠤᠨ ᠪᠣᠯᠣᠷ ᠨᠢᠳᠦᠨ ᠳ᠋ᠦ᠍ ᠨᠢ
ᠤᠶᠠᠬᠠᠨ ᠬᠣᠷᠸ᠋᠎ᠠ ᠪᠠᠭᠲᠠᠭᠠᠳ ᠪᠠᠶ᠋ᠢᠬᠤ ᠶᠤᠮ
ᠤᠶᠠᠭ᠎ᠠ ᠪᠠᠨ ᠲᠣᠭᠣᠷᠢᠭᠠᠳ ᠡᠷᠭᠢᠬᠦ ᠳ᠋ᠦ᠍ ᠨᠢ
ᠠᠭᠤᠵᠢᠮ ᠳᠡᠯᠡᠬᠡᠢ ᠪᠠᠭᠠᠳᠠᠭᠠᠳ ᠪᠠᠶ᠋ᠢᠬᠤ ᠶᠤᠮ

ᠠᠶ᠋ᠢᠷᠠᠭ ᠱᠤᠤᠭᠢᠭᠰᠠᠨ ᠭᠣᠪᠢ ᠳ᠋ᠤ᠌ ᠪᠠᠨ
ᠠᠯᠢᠶ᠎ᠠ ᠵᠡᠷᠭᠡᠯᠭᠡᠨ ᠲᠣᠭᠯᠠᠨ᠎ᠠ ᠳᠠ ᠬᠦ᠌
ᠤᠬᠠᠭᠠᠨ ᠤ᠋ ᠵᠥᠭᠡᠯᠡᠨ ᠊ᠢ ᠨᠢᠭᠤᠴᠠᠭᠠᠶ᠋ᠢᠯᠠᠭᠰᠠᠨ
ᠣᠮᠣᠭᠯᠠᠩ ᠤᠯᠠᠭᠠᠨ ᠲᠡᠮᠡᠭᠡᠳ ᠮᠢᠨᠢ

ᠢᠵᠢᠯᠬᠡᠨ ᠬᠣᠶᠠᠷ ᠪᠦᠬᠦ ᠨᠢ
ᠡᠭᠦᠯᠡ ᠰᠡᠮᠡᠯᠦᠨ ᠰᠡᠷᠡᠭᠡᠯᠡᠭᠡᠳ ᠪᠠᠶ᠋ᠢᠬᠤ ᠶᠤᠮ
ᠦᠨᠡᠨ ᠦ᠌ ᠲᠡᠭᠷᠢ ᠶ᠋ᠢᠨ ᠬᠠᠶᠠᠭ᠎ᠠ ᠶ᠋ᠢ
ᠨᠥᠬᠥᠵᠦ ᠱᠠᠭᠯᠠᠨ ᠰᠦᠷᠦᠭᠯᠡᠭᠡᠳ ᠪᠠᠶ᠋ᠢᠬᠤ ᠶᠤᠮ

ᠨᠠᠶ᠋ᠢᠷᠠᠭ ᠱᠠᠭᠠᠭᠢᠬᠰᠠᠨ ᠭᠣᠪᠢ ᠳ᠋ᠤ᠌ ᠪᠠᠨ
ᠨᠠᠭᠠᠳᠤᠮ ᠤ᠋ᠨ ᠲᠣᠭᠣᠰᠣ ᠨᠢ ᠭᠦᠪᠦᠷᠦᠨ᠎ᠡ ᠳᠡ ᠬᠦ᠌
ᠨᠠᠷᠠ ᠰᠠᠷᠠ ᠪᠠᠨ ᠲᠡᠩᠨᠡᠭᠰᠡᠨ
ᠨᠣᠮᠣᠬᠠᠨ ᠪᠣᠷᠣ ᠲᠡᠮᠡᠭᠡᠳ ᠮᠢᠨᠢ

ᠲᠠᠩᠬᠢᠯ ᠵᠢᠯ ᠦ᠋ᠨ ᠥᠩᠭᠡ ᠭᠤᠶᠤᠵᠤ
ᠲᠠᠩᠰᠤᠭ ᠭᠣᠪᠢ ᠳ᠋ᠤ᠌ ᠪᠠᠨ ᠦᠷᠡᠵᠢᠭᠡᠳ ᠪᠠᠶ᠋ᠢᠬᠤ ᠶᠤᠮ
ᠭᠠᠵᠠᠷ ᠤ᠋ᠨ ᠨᠢᠷᠤᠭᠤ ᠶ᠋ᠢ ᠬᠣᠲᠣᠯᠵᠠᠭᠤᠯᠤᠨ
ᠭᠠᠷᠠᠭ ᠡᠳᠦᠷ ᠦ᠋ᠳ ᠊ᠢ ᠳᠤᠭᠤᠯᠤᠭᠠᠳ ᠪᠠᠶ᠋ᠢᠬᠤ ᠶᠤᠮ

ᠲᠠᠩᠬᠢᠯ ᠵᠢᠯ ᠦ᠋ᠨ ᠥᠩᠭᠡ ᠭᠤᠶᠤᠵᠤ
ᠲᠠᠩᠰᠤᠭ ᠭᠣᠪᠢ ᠳ᠋ᠤ᠌ ᠪᠠᠨ ᠦᠷᠡᠵᠢᠭᠡᠳ ᠪᠠᠶ᠋ᠢᠬᠤ ᠶᠤᠮ
ᠭᠠᠵᠠᠷ ᠤ᠋ᠨ ᠨᠢᠷᠤᠭᠤ ᠶ᠋ᠢ ᠬᠣᠲᠣᠯᠵᠠᠭᠤᠯᠤᠨ
ᠭᠠᠷᠠᠭ ᠡᠳᠦᠷ ᠦ᠋ᠳ ᠊ᠢ ᠳᠤᠭᠤᠯᠤᠭᠠᠳ ᠪᠠᠶ᠋ᠢᠬᠤ ᠶᠤᠮ


   ᠰᠡᠷᠭᠦᠯᠡᠩ ᠦᠰᠦᠭ ᠊ᠢ ᠠᠮᠢᠯᠠᠭᠤᠯᠪᠠ ᠃
   ᠬᠢᠨᠠᠭᠴᠢ ᠪᠠᠭᠰᠢ ᠄ ᠮᠥᠴᠢᠷ ᠪᠠᠭᠰᠢ ᠂ ᠬᠠᠰᠲᠤᠶᠠᠬ᠋᠎ᠠ ᠪᠠᠭᠰᠢ ᠃