ᠰᠠᠷᠬᠤᠳ -ᠲ ᠪᠠᠭᠠᠲᠥᠷСархад-т баатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷᠬᠤᠳ -ᠲ ᠪᠠᠭᠠᠲᠥᠷСархад-т баатар

ᠰᠠᠷᠬᠤᠳ -ᠲ ᠪᠠᠭᠠᠲᠥᠷСархад-т баатар

ᠠᠩᠭᠢᠯᠠᠯ:ᠳᠠᠭᠤᠤ ᠬᠥᠭᠵᠢᠮ
2023-03-20

271

ᠰᠠᠷᠬᠤᠳ

  ᠦᠭᠡ ᠄ ᠶ᠋ᠢᠨ· ᠪᠠᠲᠤᠴᠡᠩᠭᠡᠯ

  ᠠᠶ᠎ᠠ ᠄ ᠳ᠋ ᠮᠥᠩᠬᠡᠪᠣᠯᠣᠳ

  ᠲ · ᠪᠠᠭᠠᠲᠤᠷ ᠳᠠᠭᠤᠯᠠᠨ᠎ᠠ


ᠰᠢᠨᠡᠬᠡᠨ ᠨᠡᠷᠡᠭᠰᠡᠨ

ᠰᠢᠮ᠎ᠡ ᠶ᠋ᠢᠨ ᠰᠠᠷᠬᠤᠳ ᠨᠢ

ᠰᠡᠳᠬᠢᠯ ᠳ᠋ᠦ᠍ ᠥᠩᠭᠡᠶ᠋ᠢᠨ᠎ᠡ

ᠲᠣᠭᠣᠨᠣ ᠪᠠᠷ ᠲᠣᠯᠢᠳᠠᠬᠤ

ᠳᠤᠭᠤᠢ ᠰᠠᠷᠠᠨ ᠪᠣᠳᠣᠯ ᠳ᠋ᠤ᠌ ᠬᠦᠪᠦᠷᠡᠨ᠎ᠡ

ᠳᠠᠭᠤᠤ ᠰᠢᠭ᠋ ᠤᠶᠠᠷᠠᠨ

ᠳᠤᠷᠠᠯᠠᠯ ᠰᠢᠭ᠋ ᠠᠰᠠᠬᠤ ᠳᠤᠯᠠᠭᠠᠬᠠᠨ ᠣᠷᠣᠢ

ᠵᠢᠷᠦᠬᠡᠨ ᠦ᠌ ᠦᠭᠡ ᠪᠡᠨ

ᠵᠦᠭ ᠦᠭᠡᠢ ᠥᠴᠢᠮᠡᠷ ᠵᠣᠷᠢᠭ ᠰᠢᠯᠤᠭᠤᠳᠠᠨ᠎ᠠ


ᠲᠣᠭᠣᠨᠣᠲᠤ ᠭᠡᠷ ᠲᠦ᠍ ᠮᠢᠨᠢ ᠲᠣᠭᠣᠭ᠎ᠠ ᠪᠠᠨ ᠨᠡᠷᠡᠭᠡᠴᠢ

ᠲᠣᠷᠮᠣᠭᠣᠷᠬᠠᠨ ᠪᠦᠰᠡᠭᠦᠢ ᠮᠢᠨᠢ

ᠠᠭᠠᠰᠢᠨ ᠤ᠋ ᠰᠠᠢᠬᠠᠨ ᠠᠮᠲᠠ ᠳ᠋ᠤ᠌ ᠴᠢᠨᠢ ᠠᠪᠲᠠᠭᠠᠳ

ᠰᠠᠯᠬᠤ ᠶ᠋ᠢᠨ ᠠᠷᠭ᠎ᠠ ᠦᠭᠡᠢ ᠶᠧ

ᠵᠥᠭᠡᠯᠡᠨ ᠵᠥᠭᠡᠯᠡᠨ ᠨᠡᠷᠡᠬᠦ ᠭᠠᠯ ᠤ᠋ᠨ ᠴᠢᠨᠢ ᠳᠥᠯᠥ

ᠵᠢᠷᠦᠬᠡᠨ ᠦ᠌ ᠮᠢᠨᠢ ᠭᠦᠨ ᠳ᠋ᠦ᠍ ᠨᠢ ᠪᠠᠳᠮᠠᠯᠠᠨ᠎ᠠ

ᠴᠢᠮᠴᠢᠭᠢᠨᠡᠬᠦ ᠤᠷᠤᠭᠤᠯ ᠮᠢᠨᠢ ᠰᠡᠳᠬᠢᠯ ᠊ᠢ ᠮᠢᠨᠢ ᠨᠡᠷᠡᠨ᠎ᠡ ᠠ᠋

ᠳᠦᠭᠦᠷᠡᠩ ᠳᠦᠭᠦᠷᠡᠩ ᠮᠡᠯᠲᠡᠶ᠋ᠢᠬᠦ ᠠᠶᠠᠭᠠᠨ ᠠ᠋ᠴᠠ ᠴᠢᠨᠢ

ᠲᠤᠤᠯᠢᠮ᠎ᠠ ᠲᠠᠯ᠎ᠠ ᠰᠢᠭ᠋ ᠰᠡᠳᠬᠢᠯ ᠲᠡᠨᠢᠢᠨ᠎ᠡ ᠠ᠋

ᠢᠴᠢᠩᠭᠦᠢᠷᠡᠬᠦ ᠴᠢᠨᠦᠬᠢ ᠪᠡᠨ

ᠷᠢᠳᠢ ᠰᠢᠳᠢ ᠳ᠋ᠦ᠍ ᠨᠢ ᠠᠪᠲᠠᠨ᠎ᠠ ᠠ᠋


ᠴᠠᠭᠠᠬᠠᠨ ᠭᠠᠷ ᠴᠢᠨᠢ

ᠴᠡᠭᠡ ᠪᠠᠷᠢᠬᠤ ᠳ᠋ᠤ᠌ ᠬᠠᠷᠠᠴᠠ ᠮᠢᠨᠢ ᠲᠤᠯᠭᠠᠷᠠᠨ᠎ᠠ

ᠴᠠᠩᠭᠠᠭ᠎ᠠ ᠲᠠᠶ᠋ᠢᠯᠬᠤ

ᠴᠢᠷᠠᠢᠨ ᠳ᠋ᠤ᠌ ᠴᠢᠨᠢ ᠮᠡᠯᠮᠡᠷᠡᠵᠦ ᠳᠤᠷᠠᠯᠠᠯ ᠳ᠋ᠤ᠌ ᠪᠠᠨ ᠰᠣᠭᠲᠣᠭᠤᠷᠠᠨ᠎ᠠ

ᠢᠨᠠᠭ ᠬᠠᠶ᠋ᠢᠷ᠎ᠠ ᠶ᠋ᠢᠨ ᠢᠷᠭᠤᠢ ᠳᠡᠯᠪᠡᠭᠡᠯᠡᠵᠦ ᠴᠡᠭᠡᠵᠢ ᠶ᠋ᠢ ᠲᠡᠯᠡᠰᠤᠯᠡᠨ᠎ᠡ

ᠳᠣᠭᠳᠣᠯᠬᠤ ᠵᠢᠷᠦᠬᠡ ᠮᠢᠨᠢ

ᠳᠠᠷᠤᠤ ᠵᠠᠩ ᠲᠠᠢ ᠪᠠᠨ ᠵᠥᠷᠢᠨ ᠲᠡᠷᠰᠯᠡᠨ᠎ᠡ ᠠ᠋


ᠲᠣᠭᠣᠨᠣᠲᠤ ᠭᠡᠷ ᠲᠦ᠍ ᠮᠢᠨᠢ ᠲᠣᠭᠣᠭ᠎ᠠ ᠪᠠᠨ ᠨᠡᠷᠡᠭᠡᠴᠢ

ᠲᠣᠷᠮᠣᠭᠣᠷᠬᠠᠨ ᠪᠦᠰᠡᠭᠦᠢ ᠮᠢᠨᠢ

ᠠᠭᠠᠰᠢᠨ ᠤ᠋ ᠰᠠᠢᠬᠠᠨ ᠠᠮᠲᠠ ᠳ᠋ᠤ᠌ ᠴᠢᠨᠢ ᠠᠪᠲᠠᠭᠠᠳ

ᠰᠠᠯᠬᠤ ᠶ᠋ᠢᠨ ᠠᠷᠭ᠎ᠠ ᠦᠭᠡᠢ ᠶᠧ

ᠵᠥᠭᠡᠯᠡᠨ ᠵᠥᠭᠡᠯᠡᠨ ᠨᠡᠷᠡᠬᠦ ᠭᠠᠯ ᠤ᠋ᠨ ᠴᠢᠨᠢ ᠳᠥᠯᠥ

ᠵᠢᠷᠦᠬᠡᠨ ᠦ᠌ ᠮᠢᠨᠢ ᠭᠦᠨ ᠳ᠋ᠦ᠍ ᠨᠢ ᠪᠠᠳᠮᠠᠯᠠᠨ᠎ᠠ

ᠴᠢᠮᠴᠢᠭᠢᠨᠡᠬᠦ ᠤᠷᠤᠭᠤᠯ ᠮᠢᠨᠢ

ᠰᠡᠳᠬᠢᠯ ᠊ᠢ ᠮᠢᠨᠢ ᠨᠡᠷᠡᠨ᠎ᠡ ᠠ᠋

ᠳᠦᠭᠦᠷᠡᠩ ᠳᠦᠭᠦᠷᠡᠩ ᠮᠡᠯᠲᠡᠶ᠋ᠢᠬᠦ ᠠᠶᠠᠭᠠᠨ ᠠ᠋ᠴᠠ ᠴᠢᠨᠢ

ᠲᠤᠤᠯᠢᠮ᠎ᠠ ᠲᠠᠯ᠎ᠠ ᠶ᠋ᠢᠨ ᠰᠡᠳᠬᠢᠯ ᠲᠡᠨᠢᠢᠨ᠎ᠡ ᠠ᠋

ᠢᠴᠢᠩᠭᠦᠢᠢᠷᠡᠬᠦ ᠴᠢᠨᠦᠬᠢ ᠪᠡᠨ ᠷᠢᠳᠢ ᠰᠢᠳᠢ ᠳ᠋ᠦ᠍ ᠨᠢ ᠠᠪᠲᠠᠨ᠎ᠠ ᠠ᠋


ᠲᠣᠭᠣᠨᠣᠲᠤ ᠭᠡᠷ ᠲᠦ᠍ ᠮᠢᠨᠢ ᠲᠣᠭᠣᠭ᠎ᠠ ᠪᠠᠨ ᠨᠡᠷᠡᠭᠡᠴᠢ

ᠲᠣᠷᠮᠣᠭᠣᠷᠬᠠᠨ ᠪᠦᠰᠡᠭᠦᠢ ᠮᠢᠨᠢ

ᠠᠭᠠᠰᠢᠨ ᠤ᠋ ᠰᠠᠢᠬᠠᠨ ᠠᠮᠲᠠ ᠳ᠋ᠤ᠌ ᠴᠢᠨᠢ ᠠᠪᠲᠠᠭᠠᠳ

ᠰᠠᠯᠬᠤ ᠶ᠋ᠢᠨ ᠠᠷᠭ᠎ᠠ ᠦᠭᠡᠢ ᠶᠧ


ᠵᠥᠭᠡᠯᠡᠨ ᠵᠥᠭᠡᠯᠡᠨ ᠨᠡᠷᠡᠬᠦ ᠭᠠᠯ ᠤ᠋ᠨ ᠴᠢᠨᠢ ᠳᠥᠯᠥ

ᠵᠢᠷᠦᠬᠡᠨ ᠦ᠌ ᠮᠢᠨᠢ ᠭᠦᠨ ᠳ᠋ᠦ᠍ ᠨᠢ ᠪᠠᠳᠮᠠᠯᠠᠨ᠎ᠠ

ᠴᠢᠮᠴᠢᠭᠢᠨᠡᠬᠦ ᠤᠷᠤᠭᠤᠯ ᠮᠢᠨᠢ

ᠰᠡᠳᠬᠢᠯ ᠊ᠢ ᠮᠢᠨᠢ ᠨᠡᠷᠡᠨ᠎ᠡ ᠠ᠋

ᠳᠦᠭᠦᠷᠡᠩ ᠳᠦᠭᠦᠷᠡᠩ ᠮᠡᠯᠲᠡᠶ᠋ᠢᠬᠦ ᠠᠶᠠᠭᠠᠨ ᠠ᠋ᠴᠠ ᠴᠢᠨᠢ

ᠲᠤᠤᠯᠢᠮ᠎ᠠ ᠲᠠᠯ᠎ᠠ ᠶ᠋ᠢᠨ ᠰᠡᠳᠬᠢᠯ ᠲᠡᠨᠢᠢᠨ᠎ᠡ ᠠ᠋

ᠢᠴᠢᠩᠭᠦᠢᠷᠡᠬᠦ ᠴᠢᠨᠦᠬᠢ ᠪᠡᠨ

ᠷᠢᠳᠢ ᠰᠢᠳᠢ ᠳ᠋ᠦ᠍ ᠨᠢ ᠠᠪᠲᠠᠨ᠎ᠠ ᠠ᠋


  ᠦᠰᠦᠭ ᠬᠠᠲᠠᠭᠰᠠᠨ ᠨᠢ ᠄ ᠬᠠᠪᠤᠷᠵᠢᠶ᠎ᠠ

  ᠦᠰᠦᠭ ᠠᠮᠢᠯᠠᠭᠤᠯᠤᠭᠰᠠᠨ ᠨᠢ ᠄ ᠣᠳᠣᠨᠭᠡᠷᠡᠯ