ᠨᠠᠷᠠ ᠪᠤᠶᠤ ᠨᠠᠪᠴᠢ – ᠭᠦᠷᠵᠠᠪ Нар буюу навч    –   Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠ ᠪᠤᠶᠤ ᠨᠠᠪᠴᠢ – ᠭᠦᠷᠵᠠᠪ Нар буюу навч    –   Гүржав

ᠨᠠᠷᠠ ᠪᠤᠶᠤ ᠨᠠᠪᠴᠢ – ᠭᠦᠷᠵᠠᠪ Нар буюу навч    –   Гүржав

2023-03-20

259

ᠨᠠᠷᠠ ᠪᠤᠶᠤ ᠨᠠᠪᠴᠢ


          ᠭᠦᠷᠵᠡᠪ 

ᠨᠠᠷᠠ ᠮᠠᠨᠲᠤᠨ᠎ᠠ 
ᠨᠠᠮᠠᠢ᠍ᠢ ᠲᠡᠪᠡᠷᠢᠭᠡᠳ ᠮᠠᠨᠲᠤᠨ᠎ᠠ   
ᠨᠠᠯᠠᠭᠠᠷ ᠰᠢᠷᠭᠠᠯ ᠭᠡᠷᠡᠯ ᠶ᠋ᠢᠡᠷ ᠶ᠋ᠢᠡᠨ  
ᠨᠡᠷᠡᠲᠦ ᠪᠡᠨ ᠲᠡᠪᠡᠷᠢᠭᠡᠳ ᠮᠠᠨᠲᠤᠨ᠎ᠠ  
ᠨᠡᠪᠴᠢ ᠢᠨᠢᠶᠡᠨ᠎ᠡ  
ᠨᠠᠷᠠᠨ ᠭᠦᠩᠵᠦ  ᠳᠤ ᠢᠨᠢᠶᠡᠨ᠎ᠡ  
ᠨᠠᠭᠠᠲᠤᠬᠢ ᠶᠢᠷᠲᠢᠨᠴᠦ ᠶ᠋ᠢ  ᠭᠡᠷᠡᠯᠳᠦᠭᠦᠯᠳᠡᠭ  
ᠨᠠᠷᠠ ᠰᠠᠶ᠋ᠢᠬᠠᠨ ᠭᠡᠳ ᠢᠨᠢᠶᠡᠨ᠎ᠡ
ᠨᠠᠷᠠ ᠮᠦᠰᠢᠶᠡᠨ᠎ᠡ
ᠨᠠᠲᠠ  ᠳᠤ ᠴᠢᠮ᠎ᠠ  ᠳᠤ ᠮᠦᠰᠢᠶᠡᠨ᠎ᠡ
ᠨᠡᠪᠴᠢ ᠬᠡᠦᠬᠡᠳ ᠪᠦᠷ ᠠᠲᠠᠯᠢᠬᠠᠨ
ᠨᠢᠯᠬ᠎ᠠ ᠬᠥᠭᠡᠷᠦᠬᠦᠨ ᠠᠮᠢ ᠭᠡᠳ ᠮᠦᠰᠢᠶᠡᠨ᠎ᠡ ᠃

  ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠎ ᠡᠴᠡ ᠰᠤᠩᠭᠤᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

        ᠦᠰᠦᠭ ᠠᠮᠢᠯᠠᠭᠤᠯᠤᠭᠴᠢ ᠄ ᠤᠷᠠᠨᠴᠡᠴᠡᠭ
          ᠦᠰᠦᠭ ᠬᠢᠨᠠᠭᠴᠢ ᠄ ᠪᠠᠶᠠᠷᠴᠡᠴᠡᠭ
          2023 ᠣᠨ ᠪ3 ᠰᠠᠷ᠎ᠠ ᠶ᠋ᠢᠨ  11 ᠪ ᠡᠲᠦᠷ ᠃